ᠰᠢᠨᠬᠤᠸᠠ ᠬᠤᠷᠢᠶ᠎ᠠ ᠬᠦᠬᠡᠬᠤᠲᠠ ᠶᠢᠨ 12 ᠰᠠᠷ᠎ᠠ ᠶᠢᠨ 8 ᠤ ᠡᠲᠦᠷ ᠤᠨ ᠮᠡᠳᠡᠭᠡ ︵ᠰᠤᠷᠪᠤᠯᠵᠢᠯᠠᠭᠴᠢ | ᠢᠤᠢ ᠵᠢᠶᠠ︶ ᠰᠤᠷᠪᠤᠯᠵᠢᠯᠠᠭᠴᠢ 8 ᠤ ᠡᠲᠦᠷ ᠰᠢᠯᠢ ᠶᠢᠨ ᠭᠤᠤᠯ ᠠᠶᠢᠮᠠᠭ ᠤᠨ ᠵᠡᠬᠦᠨ ᠦᠵᠦᠮᠦᠴᠢᠨ | ᠬᠤᠰᠢᠭᠤᠨ ᠤ ᠠᠷᠠᠳ ᠤᠨ ᠵᠠᠰᠠᠭ ᠤᠨ ᠤᠷᠲᠤᠨ ᠠᠴᠠ ᠡᠷᠲᠡᠨ ᠤ ᠠᠮᠢᠲᠤ ᠪᠤᠲᠠᠰ ᠤᠨ ᠴᠢᠯᠠᠭᠤᠵᠢᠮᠠᠯ ᠤᠨ | ᠰᠤᠳᠤᠯᠤᠯ ᠤᠨ ᠲᠤᠰᠬᠠᠢ ᠮᠡᠷᠭᠡᠵᠢᠯᠲᠡᠳ ᠤᠶᠢᠷ᠎ᠠ ᠳᠤ ᠲᠤᠬᠠᠢ ᠶᠢᠨ ᠭᠠᠵᠠᠷ ᠤᠨ ᠨᠢᠭᠡᠨ ᠠᠪᠤᠷᠭᠤ ᠬᠦᠷᠪᠡᠯ ᠤᠨ | ᠴᠢᠯᠠᠭᠤᠵᠢᠮᠠᠯ ᠤᠨ ᠰᠦᠷᠦᠭᠵᠢᠯ ᠭᠠᠵᠠᠷ ᠲᠤ ᠬᠡᠭᠡᠷ᠎ᠡ ᠶᠢᠨ ᠪᠠᠶᠢᠴᠠᠭᠠᠯᠲᠠ ᠪᠠ ᠠᠪᠤᠷᠠᠯᠲᠠ ᠶᠢᠨ ᠴᠢᠨᠠᠷᠲᠠᠢ ᠮᠠᠯᠲᠠᠯᠭ᠎ᠠ | ᠬᠢᠭᠰᠡᠨ ᠢ ᠤᠯᠵᠤ ᠮᠡᠲᠡᠪᠡ᠃ | ᠤᠶᠢᠯᠠᠭᠠᠬᠰᠠᠨ ᠢᠶᠠᠷ᠂ ᠡᠨᠡ ᠬᠦ ᠴᠢᠯᠠᠭᠤᠵᠢᠮᠠᠯ ᠤᠨ ᠰᠦᠷᠦᠭᠵᠢᠯ ᠨᠢ ᠵᠡᠬᠦᠨ ᠦᠵᠦᠮᠦᠴᠢᠨ ᠬᠤᠰᠢᠭᠤᠨ ᠤ | ᠡᠵᠢ ᠨᠠᠭᠤᠷ ᠪᠠᠯᠭᠠᠰᠤ ᠶᠢᠨ ᠬᠠᠷᠢᠶᠠᠨ ᠳᠤ ᠪᠠᠶᠢᠳᠠᠭ᠃ ᠤᠶᠢᠷ᠎ᠠ ᠳᠤ᠂ ᠦᠪᠦᠷ ᠮᠤᠩᠭᠤᠯ ᠤᠨ ᠦᠪᠡᠷᠲᠡᠭᠡᠨ | ᠵᠠᠰᠠᠬᠤ ᠤᠷᠤᠨ ᠤ ᠭᠠᠵᠠᠷ ᠰᠢᠨᠵᠢᠯᠡᠭᠡᠨ ᠤ ᠤᠷᠴᠢᠨ ᠠᠬᠤᠢ ᠶᠢᠨ ᠰᠢᠯᠭᠠᠨ ᠬᠡᠮᠵᠢᠬᠦ ᠬᠦᠷᠢᠶᠡᠯᠡᠩ ᠤᠨ ᠭᠠᠵᠠᠷ | ᠰᠢᠨᠵᠢᠯᠡᠭᠡᠨ ᠤ ᠪᠠᠭᠤᠷᠢ ᠶᠢᠨ ᠬᠠᠮᠠᠭᠠᠯᠲᠠ ᠰᠤᠲᠤᠯᠤᠯ ᠤᠨ ᠭᠡᠷ ᠤᠨ ᠬᠠᠮᠢᠶ᠎ᠠ ᠪᠦᠬᠦᠢ ᠲᠤᠰᠬᠠᠢ ᠮᠡᠷᠭᠡᠵᠢᠯᠲᠡᠳ | ᠮᠠᠯᠲᠠᠯᠭ᠎ᠠ ᠶᠢᠨ ᠤᠷᠤᠨ ᠲᠤᠭᠤᠷᠢᠭ ᠲᠤ 77 ᠬᠡᠰᠡᠭ ᠠᠪᠤᠷᠭᠤ ᠬᠦᠷᠪᠡᠯ ᠤᠨ ᠶᠠᠰᠤᠨ ᠤ ᠴᠢᠯᠠᠭᠤᠵᠢᠮᠠᠯ ᠳᠤ | ᠵᠤᠭᠠᠩ ᠪᠤᠭᠤᠯᠲᠠ ᠴᠢᠳᠬᠤᠵᠤ᠂ ᠵᠤᠭᠠᠩ ᠪᠤᠭᠤᠯᠲᠠ ᠲᠠᠢ ᠴᠢᠯᠠᠭᠤᠵᠢᠮᠠᠯ ᠢᠶᠠᠨ ᠰᠡᠷᠬᠦᠭᠡᠨ ᠵᠠᠰᠠᠬᠤ ᠪᠠ | ᠰᠤᠳᠤᠯᠭᠠᠨ ᠬᠢᠬᠦ ᠪᠠᠷ 800 ᠭᠠᠷᠤᠢ ᠺᠢᠯᠤᠮᠧᠲᠷ ᠬᠤᠯᠠ ᠶᠢᠨ ᠬᠦᠬᠡᠬᠤᠲᠠ ᠳᠤ ᠲᠡᠭᠡᠭᠡᠪᠦᠷᠢᠯᠡᠨ ᠠᠪᠠᠴᠢᠪᠠ᠃ | ᠲᠤᠰᠬᠠᠢ ᠮᠡᠷᠭᠡᠵᠢᠯᠲᠡᠨ ᠢᠯᠡᠷᠬᠡᠶᠢᠯᠡᠬᠦ ᠳᠡᠭᠡᠨ᠄ ᠲᠡᠲᠡᠨᠡᠷ ᠴᠢᠯᠠᠭᠤᠵᠢᠮᠠᠯ ᠳᠤ ᠬᠠᠷᠠᠭᠤᠯᠤᠬᠰᠠᠨ ᠠᠪᠤᠷᠭᠤ | ᠬᠦᠷᠪᠡᠯ ᠤᠨ ᠠᠮᠢᠲᠤᠷᠠᠵᠤ ᠤᠷᠤᠰᠢᠵᠤ ᠪᠠᠶᠢᠭᠰᠠᠨ ᠤᠷᠴᠢᠨ ᠠᠬᠤᠢ᠂ ᠪᠤᠯᠠᠭᠲᠠᠭᠰᠠᠨ ᠴᠠᠭ ᠡᠷᠢᠨ᠂ | ᠪᠤᠯᠠᠬᠲᠠᠬᠰᠠᠨ ᠤᠷᠴᠢᠨ ᠠᠬᠤᠢ ᠶᠢ ᠤᠯᠠᠮ ᠨᠢᠭᠡ ᠠᠠᠯᠬᠤᠮ ᠬᠠᠶᠢᠨ ᠰᠤᠳᠤᠯᠤᠨ᠎ᠠ᠃ ᠬᠤᠯᠪᠤᠬᠲᠠᠯ ᠪᠦᠬᠦᠢ | ᠰᠤᠳᠤᠯᠭᠠᠨ ᠤ ᠦᠷ᠎ᠡ ᠳ᠋ᠦᠩ ᠨᠢ ᠴᠢᠬᠤᠯᠨ ᠶᠡᠭᠡ ᠰᠢᠨᠵᠢᠯᠡᠬᠦ ᠤᠬᠠᠭᠠᠨ ᠤ ᠰᠤᠳᠤᠯᠤᠯ ᠤᠨ ᠦᠨ᠎ᠡ ᠦᠷᠲᠡᠭ | ᠲᠠᠢ ᠠᠴᠠ ᠭᠠᠲᠠᠨ᠎ᠠ᠂ ᠮᠦᠨ ᠪᠠᠰᠠ ᠲᠣᠬᠠᠢ ᠶᠢᠨ ᠭᠠᠵᠠᠷ ᠤᠨ ᠰᠢᠨᠵᠢᠯᠡᠬᠦ ᠤᠬᠠᠭᠠᠨ ᠤ ᠲᠦᠭᠡᠮᠡᠯᠵᠢᠯ ᠪᠠ | ᠵᠢᠭᠤᠯᠴᠢᠯᠠᠯ ᠰᠤᠶᠤᠯ ᠤᠨ ᠦᠢᠯᠡᠰ ᠤᠨ ᠬᠦᠭᠵᠢᠯᠲᠡ ᠶᠢ ᠲᠠᠶᠢᠴᠢᠯᠠᠬᠤ ᠪᠤᠯᠤᠨ᠎ᠠ ᠭᠡᠯᠡ᠃ | 2018 ᠤᠨ ᠳᠤ᠂ ᠡᠷᠲᠡᠨ ᠤ ᠠᠮᠢᠲᠤ ᠪᠤᠲᠠᠰ ᠤᠨ ᠴᠢᠯᠠᠭᠤᠵᠢᠮᠠᠯ ᠤᠨ ᠰᠤᠳᠤᠯᠤᠯ ᠤᠨ ᠲᠤᠰᠬᠠᠢ | ᠮᠡᠷᠭᠡᠵᠢᠯᠲᠡᠳ ᠠᠲᠡᠬᠢ ᠠᠪᠤᠷᠭᠤ ᠬᠦᠷᠪᠡᠯ ᠤᠨ ᠴᠢᠯᠠᠭᠤᠵᠢᠮᠠᠯ ᠤᠨ ᠰᠦᠷᠦᠭᠵᠢᠯ ᠢ ᠤᠯᠵᠤ ᠮᠡᠲᠡᠭᠰᠡᠨ ᠬᠤᠶᠢᠨ᠎ᠠ᠂ | ︽ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠳᠤ ᠰᠢᠨ᠎ᠡ ᠪᠠᠷ ᠢᠯᠡᠷᠡᠬᠦᠯᠦᠭᠰᠡᠨ ᠴᠢᠬᠤᠯᠠ ᠡᠷᠲᠡᠨ ᠤ | ᠠᠮᠢᠲᠤ ᠪᠤᠲᠠᠰ ᠤᠨ ᠴᠢᠯᠠᠭᠤᠵᠢᠮᠠᠯ ᠢ ᠪᠠᠶᠢᠴᠠᠭᠠᠨ ᠦᠨᠡᠯᠡᠬᠦ ᠵᠢᠴᠢ ᠠᠪᠤᠷᠠᠯᠲᠠ ᠶᠢᠨ ᠴᠢᠨᠠᠷᠲᠠᠢ ᠮᠠᠯᠲᠠᠯᠭ᠎ᠠ︾ ᠶᠢᠨ | ᠲᠦᠷᠦᠯ ᠵᠦᠢᠯ ᠢ ᠡᠬᠢᠯᠡᠬᠦᠯᠵᠦ᠂ ᠴᠢᠯᠠᠭᠤᠵᠢᠮᠠᠯ ᠤᠨ ᠢᠯᠡᠷᠡᠭᠰᠡᠨ ᠭᠠᠵᠠᠷ ᠤᠷᠤᠨ ᠤ ᠪᠠᠶᠢᠴᠠᠭᠠᠯᠲᠠ ᠪᠠ | ᠠᠪᠤᠷᠠᠯᠲᠠ ᠶᠢᠨ ᠴᠢᠨᠠᠷᠲᠠᠢ ᠮᠠᠯᠲᠠᠯᠭ᠎ᠠ ᠶᠢᠨ ᠠᠵᠢᠯ ᠢ ᠦᠷᠨᠢᠬᠦᠯᠵᠡᠢ᠃ | ᠮᠠᠯᠲᠠᠯᠭ᠎ᠠ ᠪᠠᠷ ᠲᠠᠮᠵᠢᠵᠤ᠂ ᠴᠢᠯᠠᠭᠤᠵᠢᠮᠠᠯ ᠤᠨ ᠰᠦᠷᠦᠭᠵᠢᠯ ᠲᠤᠲᠤᠷ᠎ᠠ ᠦᠪᠦᠷ ᠮᠤᠩᠭᠤᠯ ᠳᠤ ᠨᠢᠭᠡᠨᠲᠡ | ᠤᠯᠵᠤ ᠠᠪᠤᠬᠰᠠᠨ ᠪᠡᠶ᠎ᠡ ᠪᠢᠯᠲᠠᠷ ᠬᠠᠮᠤᠭ ᠤᠨ ᠲᠤᠮᠤ ᠬᠦᠷᠪᠡᠯᠵᠢ ᠶᠢᠨ ᠬᠦᠯ ᠤᠨ ᠲᠦᠷᠦᠯᠲᠦ ᠠᠪᠤᠷᠭᠤ ᠬᠦᠷᠪᠡᠯ | ᠤᠨ ᠴᠢᠯᠠᠭᠤᠵᠢᠮᠠᠯ ᠪᠠᠶᠢᠬᠤ ᠪᠦᠭᠡᠳ ᠬᠠ ᠭᠤᠶ᠎ᠠ᠂ ᠨᠢᠷᠤᠭᠤᠨ ᠤ ᠬᠢᠨᠢ ᠶᠡᠬᠡᠩᠬᠡᠢ ᠬᠡᠰᠡᠭ ᠴᠢᠯᠠᠭᠤᠵᠢᠮᠠᠯ ᠪᠠ ᠡᠲᠦᠢ | ᠲᠡᠲᠦᠢ ᠰᠡᠭᠡᠷ ᠨᠢᠷᠤᠭᠤ᠂ ᠤᠬᠤᠷ ᠰᠡᠬᠦᠯ ᠤᠨ ᠬᠢᠨᠢ ᠴᠢᠯᠠᠭᠤᠵᠢᠮᠠᠯ ᠢ ᠪᠠᠭᠲᠠᠭᠠᠬᠰᠠᠨ ᠴᠢᠯᠠᠭᠤᠵᠢᠮᠠᠯ ᠨᠤᠭᠤᠳ | ᠪᠦᠷᠢᠨ ᠪᠦᠲᠦᠨ ᠢᠶᠠᠷ ᠬᠠᠲᠠᠭᠠᠯᠠᠬᠲᠠᠵᠤ ᠪᠠᠶᠢᠬᠤ ᠶᠢ ᠤᠯᠵᠤ ᠠᠪᠤᠪᠠ᠃ | ᠤᠳᠤ ᠪᠤᠯᠲᠠᠯ᠎ᠠ᠂ ᠦᠪᠦᠷ ᠮᠤᠩᠭᠤᠯ ᠳᠤ ᠨᠢᠭᠡᠨᠲᠡ 30 ᠭᠠᠷᠤᠢ ᠵᠦᠢᠯ ᠤᠨ ᠠᠪᠤᠷᠭᠤ ᠬᠦᠷᠪᠡᠯ ᠤᠨ | ᠴᠢᠯᠠᠭᠤᠵᠢᠮᠠᠯ ᠢ ᠢᠯᠡᠷᠡᠬᠦᠯᠵᠡᠢ᠂ ᠪᠦᠯᠦᠭ ᠠᠶᠢᠮᠠᠭ ᠬᠤᠲᠠ ᠶᠢᠨ ᠭᠠᠵᠠᠷ ᠤᠨ ᠲᠤᠤᠷ᠎ᠠ ᠠᠪᠤᠷᠭᠤ ᠬᠦᠷᠪᠡᠯ ᠤᠨ | ᠶᠠᠰᠤ ᠰᠡᠭᠡᠷ ᠤᠨ ᠴᠢᠯᠠᠭᠤᠵᠢᠮᠠᠯ᠂ ᠠᠪᠤᠷᠭᠤ ᠭᠦᠷᠪᠡᠯ ᠤᠨ ᠦᠨᠲᠡᠭᠡ ᠶᠢᠨ ᠴᠢᠯᠠᠭᠤᠵᠢᠮᠠᠯ ᠪᠠ ᠠᠪᠤᠷᠭᠤ ᠭᠦᠷᠪᠡᠯ | ᠤᠨ ᠬᠦᠯ ᠤᠨ ᠮᠦᠷ ᠤᠨ ᠴᠢᠯᠠᠭᠤᠵᠢᠮᠠᠯ ᠨᠡᠯᠢᠶᠡᠳ ᠡᠯᠪᠡᠭ ᠪᠤᠯᠠᠬᠲᠠᠵᠤ ᠪᠠᠶᠢᠨ᠎ᠠ᠃ | http://mongol.people.com.cn/15832118.html |