ᠡᠷᠲᠡᠨ ᠤ ᠬᠤᠲᠠ ᠶᠢᠨ ᠪᠠᠭᠤᠷᠢ᠃ ᠪᠠᠰᠠ ᠲᠠᠯ᠎ᠠ ᠶᠢᠨ ᠡᠷᠲᠡᠨ ᠤ ᠬᠤᠲᠠ ᠭᠡᠳᠡᠭ᠃ ᠦᠪᠦᠷ ᠮᠤᠩᠭᠤᠯ ᠤᠨ | ᠦᠪᠡᠷᠲᠡᠭᠡᠨ ᠵᠠᠰᠠᠬᠤ ᠤᠷᠤᠨ ᠤ ᠬᠦᠬᠡᠬᠤᠲᠠ ᠶᠢᠨ ᠵᠡᠭᠦᠨ ᠬᠤᠶᠢᠨ᠎ᠠ15 ᠺᠢᠯᠤᠮᠧᠲᠷ ᠵᠠᠢ ᠲᠠᠢ ᠪᠠᠶᠢᠭ᠎ᠠ ᠯᠦᠸᠧ | ᠵᠢᠶᠠ ᠶᠢᠩ ᠰᠢᠶᠠᠩ ᠤᠨ ᠲᠠᠯ᠎ᠠ ᠶᠢᠨ ᠠᠶᠢᠯ ᠲᠤᠰᠬᠤᠨ ᠤ ᠠᠷᠤ ᠳᠤ ᠪᠠᠶᠢᠳᠠᠭ᠃ ᠲᠤᠳᠤᠷ᠎ᠠ ᠭᠠᠳᠠᠷ ᠬᠤᠶᠠᠷ ᠬᠤᠳᠠ | ᠪᠠᠷ ᠪᠦᠷᠢᠯᠳᠦᠵᠦ᠂ ᠬᠢᠲᠠᠳ《回》ᠦᠰᠦᠭ ᠤᠨ ᠬᠡᠯᠪᠡᠷᠢ ᠲᠠᠢ ᠪᠠᠶᠢᠳᠠᠭ᠃ ᠲᠤᠳᠤᠷ᠎ᠠ ᠬᠤᠲᠠ ᠨᠢ ᠠᠷᠤ | ᠬᠡᠰᠡᠭ ᠲᠤᠨᠢ ᠪᠠᠶᠢᠵᠤ ᠲᠡᠭᠰᠢ ᠲᠦᠷᠪᠡᠯᠵᠢᠨ ᠬᠡᠯᠪᠡᠷᠢ ᠲᠠᠢ᠂ ᠲᠠᠯ᠎ᠠ ᠶᠢᠨ ᠤᠷᠳᠤ ᠨᠢ 250 ᠮᠧᠲᠷ᠃ ᠤᠷᠴᠢᠨ | ᠲᠤᠭᠤᠷᠢᠨ ᠳᠤᠨᠢ ᠬᠠᠨ ᠲᠥᠷᠥ ᠶᠢᠨ ᠦᠶ᠎ᠡ ᠶᠢᠨ ᠸᠠᠭᠠᠷ ᠲᠤᠭᠤᠰᠬ᠎ᠠ ᠮᠠᠰᠢ ᠠᠷᠪᠢᠨ ᠪᠠᠶᠢᠳᠠᠭ᠃ ᠭᠠᠳᠠᠷ ᠬᠤᠲᠠ ᠶᠢ | ᠲᠤᠳᠤᠷ᠎ᠠ ᠬᠤᠲᠠ ᠶᠢᠨ ᠭᠠᠳᠠᠭᠤᠷ ᠬᠦᠷᠢᠶᠡᠯᠡᠭᠦᠯᠦᠨ ᠪᠠᠶᠢᠭᠤᠯᠤᠭᠰᠠᠨ ᠪᠠᠶᠢᠨ᠎ᠠ᠂ ᠡᠮᠦᠨ᠎ᠡ ᠠᠴᠠ ᠤᠮᠠᠷᠠᠰᠢ ᠤᠷᠳᠤ | ᠨᠢ 900 ᠮᠧᠲᠷ᠂ ᠵᠡᠭᠦᠨ ᠠᠴᠠ ᠪᠠᠷᠠᠭᠤᠨᠰᠢ ᠦᠷᠭᠡᠨ ᠨᠢ 850 ᠮᠧᠲᠷ᠂ ᠤᠷᠴᠢᠮ ᠳᠤᠨᠢ ᠸᠠᠭᠠᠷ ᠤᠨ ᠬᠡᠮᠬᠡᠷᠬᠡᠢ | ᠵᠦᠢᠯᠡᠰ ᠴᠦᠭᠡᠨ ᠪᠤᠰᠤ᠃ ᠬᠤᠲᠠ ᠶᠢᠨ ᠬᠡᠷᠡᠮ ᠨᠡᠯᠢᠶᠡᠳ ᠪᠦᠷᠢᠨ ᠪᠦᠳᠦᠨ᠂ ᠰᠠᠭᠤᠷᠢ ᠶᠢᠨ ᠦᠷᠭᠡᠨ ᠨᠢ15 | ᠮᠧᠲᠷ᠂ ᠡᠪᠳᠡᠷᠬᠡᠢ ᠦᠨᠳᠦᠷ ᠨᠢ 2 ~3 ᠮᠧᠲᠷ᠂ ᠭᠤᠤᠯᠳᠠᠭᠤ ᠬᠠᠪᠳᠠᠰᠤᠨ ᠸᠠᠭᠠᠷ᠂ ᠲᠦᠩᠰᠡ ᠸᠠᠭᠠᠷ | ᠮᠡᠳᠦ ᠶᠢᠨ ᠪᠠᠷᠢᠯᠭ᠎ᠠ ᠶᠢᠨ ᠮᠠᠲ᠋ᠧᠷᠢᠶᠠᠯ ᠤᠯᠳᠠᠭᠰᠠᠨ ᠪᠦᠭᠡᠳ ᠪᠠᠰᠠ ᠪᠤᠷᠲᠤᠭᠤ᠂ ᠫᠧᠩᠰᠡ᠂ ᠠᠷᠢᠬᠢᠨ ᠰᠠᠪᠠ | ᠮᠡᠳᠦ ᠶᠢᠨ ᠸᠠᠭᠠᠷ ᠰᠠᠪᠠ ᠶᠢᠨ ᠬᠡᠮᠬᠡᠷᠬᠡᠢ ᠤᠯᠳᠠᠪᠠ᠃ ᠬᠠᠪᠳᠠᠰᠤᠨ ᠸᠠᠭᠠᠷ ᠤᠨ ᠤᠯᠠᠩᠭᠢ ᠨᠢ ᠪᠦᠰᠡ ᠶᠢᠨ ᠰᠢᠷᠬᠡᠭᠲᠦ | ᠬᠡ᠂ ᠲᠤᠨᠤᠯᠵᠢᠨ ᠬᠡ᠂ ᠪᠦᠳᠦᠭᠦᠯᠢᠭ ᠲᠡᠭᠡᠰᠦᠨ ᠬᠡ ᠲᠠᠢ᠃ ᠲᠤᠳᠤᠷ᠎ᠠ ᠬᠤᠲᠠ ᠶᠢᠨ ᠭᠠᠵᠠᠷ ᠤᠨ ᠭᠠᠳᠠᠷᠭᠤ | ᠲᠡᠭᠡᠷ᠎ᠡ ᠠᠴᠠ ᠪᠠᠰᠠ ᠲᠤᠯᠭᠠᠭᠤᠷᠢ ᠶᠢᠨ ᠰᠠᠭᠤᠷᠢ᠂ ᠲᠡᠭᠡᠷᠮ᠎ᠡ ᠮᠡᠲᠦ ᠶᠢᠨ ᠲᠤᠷᠠᠰᠬᠠᠯᠳᠤ ᠵᠦᠢᠯᠡᠰ ᠤᠯᠳᠠᠵᠠᠢ᠃ | ᠲᠠᠯ᠎ᠠ ᠶᠢᠨ ᠠᠶᠢᠯ ᠲᠤᠰᠬᠤᠨ ᠤ ᠤᠷᠴᠢᠮ ᠪᠠᠰᠠ ᠰᠢᠷᠤᠢ ᠪᠠᠷ ᠪᠢᠳᠡᠭᠦᠮᠵᠢᠯᠡᠭᠰᠡᠨ ᠬᠠᠨ ᠤᠯᠤᠰ ᠤᠨ ᠲᠤᠮᠤ | ᠤᠩᠭᠤᠨ5 ᠤᠯᠳᠠᠪᠠ᠂ ᠡᠭᠦᠨᠡᠴᠡ ᠪᠣᠯᠵᠤ ᠡᠨᠡ ᠭᠠᠵᠠᠷ ᠢ ︽ᠲᠠᠪᠤᠨ ᠲᠤᠯᠤᠭᠠᠢ︾ ᠭᠡᠳᠡᠭ ᠪᠠᠶᠢᠵᠠᠢ᠃ | ᠲᠤᠰᠬᠤᠨ ᠤ ᠵᠡᠭᠦᠨ ᠬᠤᠶᠢᠳᠤ ᠦᠵᠦᠭᠦᠷ ᠠᠴᠠ ᠮᠠᠰᠢ ᠠᠷᠪᠢᠨ ᠲᠤᠭᠤᠰᠬᠠᠨ ᠬᠠᠨ᠎ᠠ ᠲᠠᠢ ᠤᠩᠭᠤᠨ ᠢᠯᠡᠷᠡᠭᠰᠡᠨ ᠤ | ᠲᠤᠳᠤᠷ᠎ᠠ ᠪᠠᠭ᠎ᠠ ᠬᠠᠨᠠᠲᠤ ᠤᠩᠭᠤᠨ ᠭᠤᠤᠯᠯᠠᠬᠤ ᠪᠠᠶᠢᠷᠢ ᠶᠢ ᠡᠵᠡᠯᠡᠵᠦ ᠪᠠᠶᠢᠪᠠ᠃ ᠲᠡᠦᠭᠡᠨ ᠰᠤᠷᠪᠤᠯᠵᠢ ᠪᠢᠴᠢᠭ ᠪᠠ | ᠬᠠᠮᠢᠶ᠎ᠠ ᠪᠦᠬᠦᠢ ᠬᠠᠭᠤᠴᠢ ᠰᠤᠳᠤᠯᠤᠯ ᠤᠨ ᠮᠠᠲ᠋ᠧᠷᠢᠶᠠᠯ ᠢ ᠦᠨᠳᠦᠰᠦᠯᠡᠪᠡᠯ᠂ ᠡᠨᠡ ᠬᠦ ᠬᠤᠲᠠ ᠨᠢ ᠬᠠᠨ ᠤᠯᠤᠰ ᠤᠨ | ᠦᠶ᠎ᠡ ᠶᠢᠨ ᠦᠴᠢᠤᠸᠠᠨ ᠰᠢᠶᠠᠨ ᠤ ᠬᠠᠭᠤᠴᠢᠨ ᠬᠤᠲᠠ ᠪᠤᠯᠤᠨ᠎ᠠ᠃ ᠵᠠᠷᠢᠮ ᠡᠷᠳᠡᠮᠳᠡᠳ ᠤᠨ ᠦᠵᠡᠯᠲᠡ ᠪᠠᠷ ᠪᠣᠯ | ᠬᠠᠨ ᠤᠯᠤᠰ ᠤᠨ ᠦᠶ᠎ᠡ ᠶᠢᠨ ᠳ᠋ᠢᠩ ᠰᠢᠶᠠᠩ ᠵᠢᠶᠦ᠋ᠨ ᠤ ᠪᠸᠢ ᠢᠥᠢ ᠰᠢᠶᠠᠨ ᠤ ᠪᠠᠭᠤᠷᠢ ᠭᠡᠳᠡᠭ᠃ | | | | | | | | | | | | | |