ᠶᠦᠨᠵᠦ᠋ᠩ ᠤᠨ ᠬᠠᠭᠤᠴᠢᠨ ᠬᠤᠲᠠ ᠶᠢᠨ ᠪᠠᠭᠤᠷᠢ
ᠨᠡᠶᠢᠲᠡᠯᠡᠭᠰᠡᠨ ᠴᠠᠭ᠄
2020/11/13
     ᠦᠪᠦᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠪᠠᠷᠠᠭᠤᠨ ᠬᠡᠰᠡᠭ ᠲᠠᠬᠢ ᠬᠠᠮᠤᠭ ᠡᠷᠲᠡᠨ ᠤ ᠨᠢᠭᠡᠨ ᠬᠠᠭᠤᠴᠢᠨ ᠬᠤᠲᠠ ᠶᠢᠨ ᠪᠠᠭᠤᠷᠢ᠃ ᠬᠦᠬᠡᠬᠤᠲᠠ ᠠᠴᠠ ᠪᠠᠷᠠᠭᠤᠨ ᠡᠮᠦᠨ᠎ᠡ 42 ᠺᠢᠯᠤᠮᠧᠲᠷ ᠵᠠᠢ ᠲᠠᠢ᠂ ᠲᠤᠭᠲᠠᠬᠤ ᠰᠢᠶᠠᠨ ᠤ ᠬᠤᠲᠠ ᠠᠴᠠ ᠵᠡᠭᠦᠨ ᠬᠤᠶᠢᠨ᠎ᠠ 35 ᠺᠢᠯᠤᠮᠧᠲᠷ ᠵᠠᠢ ᠳᠤ᠂ ᠬᠦᠬᠡᠬᠤᠲᠠ — ᠲᠤᠭᠲᠠᠬᠤ ᠶᠢᠨ ᠵᠠᠰᠠᠮᠠᠯ ᠵᠠᠮ ᠤᠨ ᠬᠤᠶᠢᠳᠤ ᠬᠡᠰᠡᠭ ᠲᠤ ᠪᠠᠶᠢᠳᠠᠭ ᠭᠦ᠋ ᠴᠧᠩ ᠼᠦᠨ ᠠᠶᠢᠯ ᠤᠨ ᠪᠠᠷᠠᠭᠤᠨ ᠲᠠᠯ᠎ᠠ ᠳᠤ ᠪᠠᠶᠢᠷᠢᠰᠢᠳᠠᠭ᠃ ᠡᠵᠡᠯᠡᠭᠰᠡᠨ ᠲᠠᠯᠠᠪᠠᠢ ᠨᠢ ᠨᠡᠯᠢᠶᠡᠳ ᠶᠡᠭᠡ᠂ ᠲᠠᠯ᠎ᠠ ᠪᠦᠷᠢ ᠶᠢᠨ ᠤᠷᠳᠤ ᠨᠢ 2000 ᠮᠧᠲᠷ᠂ ᠬᠤᠲᠠ ᠶᠢᠨ ᠬᠡᠷᠡᠮ  ᠨᠢ ᠨᠡᠶᠢᠲᠡ 8 ᠺᠢᠯᠤᠮᠧᠲᠷ ᠤᠷᠳᠤ ᠪᠠᠶᠢᠳᠠᠭ᠃ ᠤᠳᠠᠭᠠᠨ ᠵᠢᠯ ᠤᠨ ᠲᠤᠷᠰᠢ ᠰᠠᠯᠬᠢᠨ ᠪᠣᠷᠣᠭᠠᠨ ᠳᠤ ᠢᠳᠡᠭᠳᠡᠨ ᠰᠢᠭᠤᠷᠠᠭᠰᠠᠭᠠᠷ ᠡᠳᠦᠭᠡ ᠬᠡᠷᠡᠮ ᠤᠨ ᠰᠠᠭᠤᠷᠢ ᠶᠢᠨ ᠬᠠᠮᠤᠭ ᠦᠷᠭᠡᠨ ᠨᠢ 25 ᠮᠧᠲᠷ᠂ ᠬᠠᠮᠤᠭ ᠦᠨᠳᠦᠷ ᠨᠢ 4.5 ᠮᠧᠲᠷ᠂ ᠶᠡᠷᠦ ᠳᠡᠭᠡᠨ ᠬᠡᠷᠡᠮ ᠤᠨ ᠵᠤᠵᠠᠭᠠᠨ ᠨᠢ 8 ᠮᠧᠲᠷ᠂ ᠦᠨᠳᠦᠷ ᠨᠢ 2 ᠮᠧᠲᠷ ᠪᠠᠶᠢᠨ᠎ᠠ᠃ ᠵᠡᠭᠦᠨ ᠬᠡᠷᠡᠮ ᠨᠢ ᠨᠡᠯᠢᠶᠡᠳ ᠠᠰ ᠰᠢᠯᠤᠭᠤᠨ ᠪᠠᠶᠢᠬᠤ ᠠᠴᠠ ᠭᠠᠳᠠᠨ᠎ᠠ᠂ ᠦᠯᠡᠳᠡᠭᠰᠡᠨ ᠭᠤᠷᠪᠠᠨ ᠲᠠᠯ᠎ᠠ ᠶᠢᠨ ᠬᠡᠷᠡᠮ ᠨᠢ ᠪᠦᠷ ᠠᠰ ᠪᠤᠰᠤ᠂ ᠬᠡᠷᠡᠮ ᠪᠦᠬᠦᠨ ᠨᠢ ᠪᠦᠷ ᠰᠡᠲᠡᠷᠬᠡᠢ ᠲᠠᠢ᠂ ᠵᠡᠭᠦᠨ ᠬᠡᠷᠡᠮ ᠤᠨ ᠰᠡᠲᠡᠷᠬᠡᠢ ᠨᠢ ᠨᠡᠯᠢᠶᠡᠳ ᠬᠤᠶᠢᠭᠤᠷ ᠰᠢᠭ᠋᠂ ᠬᠤᠶᠢᠳᠤ ᠬᠡᠷᠡᠮ ᠤᠨ ᠰᠡᠲᠡᠷᠬᠡᠢ ᠨᠢ ᠪᠠᠷᠠᠭᠤᠨ ᠬᠠᠭᠠᠰ ᠬᠡᠰᠡᠭ ᠲᠤᠨᠢ ᠪᠠᠶᠢᠵᠤ᠂ ᠪᠠᠷᠠᠭᠤᠨ ᠪᠠ ᠡᠮᠦᠨ᠎ᠡ ᠬᠤᠶᠠᠷ ᠬᠡᠷᠡᠮ ᠤᠨ ᠰᠡᠲᠡᠷᠬᠡᠢ ᠨᠢ ᠪᠠᠷᠤᠭ ᠲᠤᠮᠳᠠᠭᠤᠷ ᠬᠡᠰᠡᠭ ᠲᠤᠨᠢ ᠪᠠᠶᠢᠳᠠᠭ᠃ ᠬᠤᠲᠠ ᠶᠢᠨ ᠬᠡᠷᠡᠮ ᠤᠨ ᠭᠤᠣᠯ ᠪᠡᠶ᠎ᠡ ᠶᠢᠨ ᠨᠦᠳᠦᠮᠡᠯ ᠰᠢᠷᠤᠢ ᠶᠢᠨ ᠲᠠᠪᠬᠤᠷᠭ᠎ᠠ ᠶᠢᠨ ᠵᠤᠵᠠᠭᠠᠨ ᠨᠢ 8~12 ᠰᠠᠨᠲ᠋ᠢᠮᠧᠲᠷ᠂ ᠬᠡᠷᠡᠮ ᠤᠨ ᠰᠢᠷᠤᠢ ᠲᠤᠳᠤᠷ᠎ᠠ ᠨᠢ ᠪᠠᠶᠢᠯᠳᠤᠭᠠᠨᠳᠤ ᠤᠯᠤᠰ ᠠᠴᠠ ᠪᠠᠷᠠᠭᠤᠨ ᠬᠠᠨ ᠤᠯᠤᠰ ᠤᠨ ᠦᠶ᠎ᠡ ᠬᠦᠷᠲᠡᠯᠡᠬᠢ ᠬᠤᠭᠤᠴᠠᠭᠠᠨ ᠤ ᠸᠠᠭᠠᠷ ᠤᠨ ᠬᠡᠮᠬᠡᠷᠬᠡᠢ ᠣᠯᠳᠠᠭᠰᠠᠨ ᠪᠠ ᠬᠤᠵᠢᠮ ᠨᠢ ᠬᠡᠷᠡᠮ ᠤᠨ ᠲᠡᠭᠡᠷ᠎ᠡ ᠨᠡᠮᠡᠵᠦ ᠵᠠᠰᠠᠭᠰᠠᠨ ᠬᠡᠰᠡᠭ ᠨᠦᠳᠦᠮᠡᠯ ᠰᠢᠷᠤᠢ ᠳᠤᠲᠤᠷ᠎ᠠ ᠨᠢ ᠤᠮᠠᠷᠠᠲᠤ ᠲᠥᠷᠥ ᠶᠢᠨ ᠡᠷᠢᠨ ᠤ ᠸᠠᠭᠠᠷ ᠤᠨ ᠬᠡᠮᠬᠡᠷᠬᠡᠢ ᠤᠯᠳᠠᠪᠠ᠃ ᠡᠷᠲᠡᠨ ᠤ ᠬᠤᠲᠠ ᠶᠢᠨ ᠲᠤᠳᠤᠷᠠᠬᠢ ᠰᠤᠶᠤᠯ ᠤᠨ ᠲᠤᠷᠠᠰᠬᠠᠯᠳᠤ ᠵᠦᠢᠯᠡᠰ ᠨᠡᠯᠢᠶᠡᠳ ᠡᠯᠪᠡᠭ᠂ ᠭᠠᠵᠠᠷ ᠤᠨ ᠭᠠᠳᠠᠷᠭᠤ ᠶᠢᠨ ᠬᠡᠮᠬᠡᠷᠭᠡᠢ ᠲᠤᠭᠤᠰᠬ᠎ᠠ ᠶᠢᠨ ᠥᠭᠡᠳᠡᠰᠦ ᠠᠰᠤᠷᠤ ᠠᠷᠪᠢᠨ ᠪᠠᠶᠢᠪᠠ᠂ ᠤᠨᠴᠠᠭᠠᠶᠢᠯᠠᠨ ᠲᠤᠮᠳᠠ ᠪᠠ ᠪᠠᠷᠠᠭᠤᠨ ᠬᠡᠰᠡᠭ ᠲᠤᠨᠢ ᠬᠠᠨ ᠤᠯᠤᠰ ᠪᠠ ᠸᠧᠢ ᠤᠯᠤᠰ ᠤᠨ ᠦᠶ᠎ᠡ ᠶᠢᠨ ᠲᠤᠷᠠᠰᠬᠠᠯᠳᠤ ᠥᠪ ᠠᠷᠪᠢᠨ ᠤᠯᠳᠠᠪᠠ᠃ ᠤᠳᠤ ᠦᠶ᠎ᠡ ᠶᠢᠨ ᠵᠠᠷᠢᠮ ᠵᠣᠭᠤᠷᠢ ᠶᠢᠨ ᠰᠢᠷᠤᠢ ᠲᠤᠳᠤᠷ᠎ᠠ ᠪᠠᠶᠢᠯᠳᠤᠭᠠᠨᠳᠤ ᠤᠯᠤᠰ ᠠᠴᠠ ᠴᠢᠨ ᠤᠯᠤᠰ ᠤᠨ ᠡᠷᠢᠨ ᠤ ᠸᠠᠭᠠᠷ ᠤᠨ ᠬᠡᠮᠬᠡᠷᠬᠡᠢ ᠪᠠ ᠦᠨᠡᠰᠦᠨ ᠲᠠᠪᠬᠤᠷᠭ᠎ᠠ ᠢᠯᠡᠷᠡᠭᠰᠡᠨ ᠠᠴᠠ ᠦᠵᠡᠬᠦᠯ᠎ᠡ ᠡᠨᠡ ᠬᠦ ᠡᠷᠲᠡᠨ ᠤ ᠬᠤᠲᠠ ᠪᠠᠶᠢᠭᠤᠯᠤᠭᠳᠠᠬᠤ ᠠᠴᠠ ᠡᠮᠦᠨ᠎ᠡ ᠠᠳᠡ ᠨᠢᠭᠡᠨᠲᠡ ᠬᠦᠮᠦᠨ ᠲᠦᠷᠦᠯᠬᠢᠳᠡᠨ ᠠᠮᠢᠳᠤᠷᠠᠵᠤ ᠪᠠᠶᠢᠭᠰᠠᠨ ᠠᠵᠢ᠃ ᠡᠷᠲᠡᠨ ᠤ ᠬᠤᠲᠠ ᠶᠢᠨ ᠪᠠᠷᠠᠭᠤᠨ ᠡᠮᠦᠨ᠎ᠡ ᠬᠡᠰᠡᠭ ᠲᠤᠨᠢ ᠨᠢᠭᠡᠨ ᠵᠢᠵᠢᠭ ᠬᠤᠲᠠ ᠪᠠᠶᠢᠪᠠ᠃ ᠲᠡᠭᠦᠨ ᠤ ᠲᠠᠯᠠᠪᠠᠢ ᠨᠢ ᠲᠦᠷᠪᠡᠯᠵᠢᠨ ᠬᠡᠯᠪᠡᠷᠢ  ᠲᠠᠢ᠃ ᠲᠠᠯ᠎ᠠ ᠪᠦᠷᠢ ᠶᠢᠨ ᠤᠷᠳᠤ ᠨᠢ 120 ᠮᠧᠲᠷ᠂ ᠭᠠᠵᠠᠷ ᠤᠨ ᠭᠠᠳᠠᠷᠭᠤ ᠲᠡᠭᠡᠷ᠎ᠡ ᠢᠯᠡᠷᠡᠨ ᠭᠠᠷᠤᠭᠰᠠᠨ ᠬᠤᠲᠠ ᠶᠢᠨ ᠬᠡᠷᠡᠮ ᠨᠢ ᠭᠠᠳᠠᠷ ᠬᠤᠲᠠ ᠶᠢᠨ ᠬᠡᠷᠡᠮ ᠠᠴᠠ ᠨᠠᠷᠢᠨ᠂ ᠵᠢᠵᠢᠭ ᠬᠤᠲᠠ ᠶᠢᠨ ᠲᠤᠳᠤᠷᠠᠬᠢ ᠭᠠᠵᠠᠷ ᠤᠨ ᠭᠠᠳᠠᠷᠭᠤ ᠲᠡᠭᠡᠷ᠎ᠡ ᠠᠴᠠ ᠤᠯᠳᠠᠬᠤ ᠰᠤᠶᠤᠯ ᠤᠨ ᠲᠤᠷᠠᠰᠬᠠᠯᠳᠤ ᠵᠦᠢᠯᠡᠰ ᠤᠨᠴᠠᠭᠠᠢ ᠠᠷᠪᠢᠨ᠂ ᠳᠡᠲᠡᠭᠡᠷ ᠤᠨ ᠲᠤᠳᠤᠷ᠎ᠠ ᠵᠤᠷᠪᠤᠰ ᠬᠡ ᠲᠠᠢ ᠲᠤᠭᠤᠰᠬ᠎ᠠ᠂ ᠴᠠᠭᠠᠮᠠᠯ ᠲᠤᠭᠤᠰᠬ᠎ᠠ᠂ ᠴᠢᠯᠠᠭᠤᠨ ᠲᠤᠯᠭᠠᠭᠤᠷᠢ ᠶᠢᠨ ᠰᠠᠭᠤᠷᠢ᠂ ᠭᠤᠷᠪᠠᠯᠵᠢᠨ ᠬᠦᠷᠡᠯ ᠵᠡᠪᠡ᠂ ᠲᠡᠮᠦᠷ ᠵᠢᠳᠡ᠂ ᠬᠦᠷᠡᠯ ᠲᠠᠤᠬᠠᠢ ᠵᠡᠷᠭᠡ ᠪᠠᠶᠢᠭᠰᠠᠨ ᠢ ᠰᠢᠯᠭᠠᠨ ᠰᠢᠨᠵᠢᠯᠡᠭᠡᠳ ᠤᠮᠠᠷᠠᠳᠤ ᠲᠥᠷᠥ ᠶᠢᠨ ᠡᠷᠢᠨ ᠤ ᠲᠤᠷᠠᠰᠬᠠᠯᠳᠤ ᠵᠦᠢᠯᠡᠰ ᠪᠠ ᠥᠪ ᠦᠯᠡᠳᠡᠴᠡ ᠪᠣᠯᠬᠤ ᠶᠢ ᠮᠡᠳᠡᠪᠡ᠃ ᠡᠷᠲᠡᠨ ᠤ ᠬᠤᠲᠠ ᠶᠢᠨ ᠲᠤᠮᠳᠠ ᠬᠡᠰᠡᠭ ᠲᠤ ᠨᠢᠭᠡᠨ ᠦᠨᠳᠦᠷ ᠪᠤᠵᠠᠭᠠᠢ ᠰᠢᠷᠤᠢ ᠶᠢᠨ ᠲᠤᠪᠤᠴᠠᠭ ᠪᠠᠶᠢᠭᠰᠠᠨ ᠢ ᠬᠦᠮᠦᠨ ︽ᠵᠢᠩ ᠤᠨ ᠠᠰᠠᠷ︾ ᠭᠡᠳᠡᠭ᠃ ᠲᠡᠭᠦᠨ ᠤ ᠬᠠᠪᠢ ᠳᠤ ᠶᠡᠭᠡ ᠠᠷᠪᠢᠨ ᠸᠠᠭᠠᠷ ᠤᠨ ᠬᠡᠮᠬᠡᠷᠬᠡᠢ ᠪᠠᠶᠢᠵᠤ᠂ ᠯᠢᠩᠬᠤᠸ᠎ᠠ ᠴᠡᠴᠡᠭ ᠤᠨ ᠬᠡ ᠲᠠᠢ ᠲᠦᠭᠦᠷᠢᠭ ᠲᠣᠰᠬᠤᠭᠤᠷ ᠤᠯᠳᠠᠪᠠ᠃ ᠰᠢᠷᠤᠢ ᠶᠢᠨ ᠲᠤᠪᠤᠴᠠᠭ ᠤᠨ ᠵᠡᠭᠦᠨ ᠡᠮᠦᠨᠡᠲᠦ ᠬᠡᠳᠦᠨ ᠵᠠᠭᠤᠨ ᠮᠧᠲᠷ ᠤᠨ ᠵᠠᠢ ᠲᠠᠢ ᠭᠠᠵᠠᠷ ᠠᠴᠠ ᠨᠢᠭᠡᠨ ᠠᠯᠳᠠ ᠪᠠᠷ ᠦᠩᠭᠡᠯᠡᠭᠰᠡᠨ ᠬᠦᠷᠡᠯ ᠪᠤᠷᠬᠠᠨ ᠤ ᠱᠤᠭᠤᠮᠠᠯ ᠤᠯᠳᠠᠭᠰᠠᠨ ᠤ ᠦᠨᠳᠦᠷ ᠨᠢ 28.5 ᠰᠠᠨᠲ᠋ᠢᠮᠧᠲᠷ᠂ ᠭᠡᠵᠢᠭᠡ ᠪᠠᠨ ᠦᠨᠳᠦᠷ ᠱᠠᠩᠬᠤᠯᠠᠨ ᠤᠷᠢᠶᠠᠵᠤ᠂ ᠴᠡᠭᠡᠵᠢ ᠨᠢᠴᠦᠭᠦᠨ᠂ ᠨᠦᠮᠦᠷᠭᠡ ᠵᠠᠰᠠᠯ ᠲᠠᠢ᠂ ᠰᠦᠮᠪᠦᠷ ᠰᠠᠭᠤᠳᠠᠯ ᠲᠡᠭᠡᠷ᠎ᠡ ᠨᠢ ᠬᠤᠶᠠᠷ ᠠᠷᠰᠯᠠᠨ ᠲᠠᠢ ᠪᠦᠭᠡᠳ ᠪᠠᠰᠠ ᠬᠤᠶᠠᠷ ᠲᠠᠬᠢᠯᠭᠠᠴᠢᠨ ᠲᠠᠢ᠂ ᠰᠠᠭᠤᠳᠠᠯ ᠤᠨ ᠠᠷᠤ ᠳᠠᠬᠢ ᠣᠨ ᠵᠢᠯ ᠤᠨ ᠪᠢᠴᠢᠭᠡᠰᠦ ᠲᠡᠮᠳᠡᠭᠯᠡᠯ ᠳᠤᠨᠢ ︽ᠶᠡᠭᠡ ᠳ᠋ᠠᠢ ᠲᠥᠷᠥ ᠶᠢᠨ ᠲᠠᠢ ᠡᠾᠧ ᠤᠨ ᠨᠠᠢᠮᠠᠳᠤᠭᠠᠷ ᠤᠨ︾ ᠭᠡᠵᠦ ᠪᠠᠶᠢᠭᠰᠠᠨ ᠨᠢ ᠨᠡᠶᠢᠲᠡ ᠶᠢᠨ ᠣᠨ ᠲᠤᠭᠠᠯᠠᠯ ᠤᠨ484 ᠳ᠋ᠤᠭᠡᠷ ᠣᠨ ᠪᠤᠯᠤᠨ᠎ᠠ᠂ ᠠᠳᠡ ᠲᠤᠷᠠᠳᠤᠭᠰᠠᠨ ᠶᠡᠭᠡ ︽ᠳ᠋ᠠᠢ ᠲᠥᠷᠥ︾ ᠭᠡᠭᠴᠢ ᠨᠢ ᠤᠮᠠᠷᠠᠲᠤ ᠸᠧᠢ ᠲᠥᠷᠥ ᠶᠢᠨ ᠤᠭ ᠲᠥᠷᠥ ᠪᠣᠯᠬᠤ ᠶᠤᠮ᠃ ᠡᠳᠡᠭᠡᠷ ᠠᠴᠠ ᠰᠢᠨᠵᠢᠭᠦᠯ᠎ᠡ ᠡᠨᠡ ᠬᠦ ᠲᠡᠦᠭᠡ ᠶᠢᠨ ᠲᠤᠷᠠᠰᠬᠠᠯᠳᠤ ᠵᠦᠢᠯᠡᠰ ᠤᠨ ᠤᠯᠳᠠᠭᠰᠠᠨ ᠤᠷᠤᠨ ᠨᠢ ᠪᠠᠷᠤᠭ ᠤᠮᠠᠷᠠᠲᠤ ᠸᠧᠢ ᠲᠥᠷᠥ ᠶᠢᠨ ᠦᠶ᠎ᠡ ᠳᠠᠬᠢ ᠪᠣᠷᠬᠠᠨ ᠱᠠᠰᠢᠨ ᠤ ᠨᠢᠭᠡᠨ ᠬᠡᠶᠢᠳ ᠪᠠᠶᠢᠭᠰᠠᠨ ᠪᠣᠯᠤᠯᠲᠠᠢ᠃ ᠲᠡᠥᠭᠡ ᠶᠢᠨ ᠰᠣᠷᠪᠤᠯᠵᠢ ᠪᠢᠴᠢᠭ ᠤᠨ ᠲᠡᠮᠳᠡᠭᠯᠡᠯ ᠢ ᠦᠨᠳᠦᠰᠦᠯᠡᠪᠡᠯ᠂ ᠡᠨᠡ ᠬᠦ ᠡᠷᠲᠡᠨ ᠤ ᠬᠤᠲᠠ ᠶᠢ ᠪᠠᠶᠢᠯᠳᠤᠭᠠᠨᠳᠤ ᠤᠯᠤᠰ ᠤᠨ ᠦᠶ᠎ᠡ ᠳᠠᠬᠢ ᠵᠤᠤ ᠤᠯᠤᠰ ᠤᠨ ᠦ᠋ ᠯᠢᠩ ᠸᠠᠩ ᠡᠬᠢᠯᠡᠨ ᠪᠠᠶᠢᠭᠤᠯᠵᠤ᠂ ᠴᠢᠨ ᠲᠥᠷᠥ ᠪᠠ ᠬᠠᠨ ᠲᠥᠷᠥ ᠶᠢᠨ ᠦᠶ᠎ᠡ ᠳᠤ ᠪᠦᠷ ᠶᠦᠨᠵᠦ᠋ᠩ ᠵᠢᠶᠦ᠋ᠨ ᠤ ᠵᠠᠬᠢᠷᠭ᠎ᠠ ᠶᠢᠨ ᠤᠷᠤᠨ ᠪᠠᠶᠢᠵᠤ᠂ ᠤᠮᠠᠷᠠᠲᠤ ᠸᠧᠢ ᠲᠥᠷᠥ ᠶᠢᠨ ᠦᠶ᠎ᠡ ᠳᠤ ᠡᠨᠡ ᠭᠠᠵᠠᠷ ᠢ ᠰᠢᠶᠠᠨ ᠤ ᠪᠠᠶᠢᠭᠤᠯᠤᠮᠵᠢ ᠪᠠᠷ ᠲᠤᠭᠲᠠᠭᠠᠵᠤ᠂ ᠲᠡᠭᠦᠨ ᠤ ᠵᠡᠭᠦᠨ ᠳᠤ ᠶᠦᠨᠵᠦ᠋ᠩ ᠬᠦᠩ ᠤᠷᠳᠤᠨ ᠢ ᠪᠠᠶᠢᠭᠤᠯᠵᠠᠢ᠂ ᠰᠦᠢ ᠲᠥᠷᠥ ᠶᠢᠨ ᠦᠶ᠎ᠡ ᠳᠤ ᠡᠨᠡ ᠭᠠᠵᠠᠷ ᠲᠤ ᠳ᠋ᠢᠩ ᠰᠢᠶᠠᠩ ᠵᠢᠶᠦ᠋ᠨ ᠤ ᠳ᠋ᠠ ᠯᠢ ᠰᠢᠶᠠᠨ ᠢ ᠪᠠᠶᠢᠭᠤᠯᠵᠤ᠂ ᠬᠠᠭᠠᠨ ᠤ ᠤᠭᠰᠠᠭ᠎ᠠ ᠶᠢᠨ ᠦᠬᠢᠨ ᠢ ᠴᠧᠩ ᠬᠦᠩᠵᠦ ᠶᠢ ᠲᠦᠷᠺ ᠤᠨ ᠴᠢᠮᠢᠨ ᠬᠠᠭᠠᠨ ᠳᠤ ᠪᠠᠭᠤᠯᠭᠠᠨ ᠥᠭᠭᠦᠭᠡᠳ ᠡᠨᠡ ᠬᠦ ᠳ᠋ᠠ ᠯᠢ ᠬᠤᠲᠠ ᠳᠤ ᠶᠠᠮᠤᠨ ᠤᠷᠳᠤ ᠪᠠᠶᠢᠭᠤᠯᠵᠤ ᠦᠭᠴᠡᠢ᠃ ᠬᠤᠲᠠ ᠶᠢᠨ ᠬᠡᠷᠡᠮ ᠲᠡᠭᠡᠷ᠎ᠡ ᠨᠡᠮᠡᠵᠦ ᠵᠠᠰᠠᠭᠰᠠᠨ ᠬᠡᠰᠡᠭ ᠤᠨ ᠨᠦᠳᠦᠮᠡᠯ ᠰᠢᠷᠤᠢ ᠠᠴᠠ ᠤᠯᠳᠠᠭᠰᠠᠨ ᠸᠠᠭᠠᠷ ᠤᠨ ᠬᠡᠮᠬᠡᠷᠬᠡᠢ ᠵᠡᠷᠭᠡ ᠠᠴᠠ ᠰᠢᠨᠵᠢᠬᠦᠯ᠎ᠡ᠂ ᠡᠨᠡ ᠬᠡᠰᠡᠭ ᠲᠤ ᠪᠠᠶᠢᠭᠤᠯᠤᠭᠳᠠᠭᠰᠠᠨ ᠬᠤᠲᠠ ᠶᠢᠨ ᠬᠡᠷᠡᠮ ᠰᠦᠢ ᠲᠥᠷᠦ ᠶᠢᠨ ᠡᠷᠢᠨ ᠳᠤ ᠪᠠᠶᠢᠭᠤᠯᠤᠭᠰᠠᠨ ᠪᠠᠶᠢᠵᠠᠢ᠃
 
ᠢᠷᠡᠯᠲᠡ᠄ ᠦᠪᠦᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠸᠢᠴᠠᠲ ᠲᠠᠪᠴᠠᠩ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号