ᠵᠡᠭᠦᠨ ᠮᠠᠩᠬᠠᠨ ᠲᠤᠪᠤᠴᠠᠭ ᠤᠨ ᠡᠷᠲᠡᠨ ᠤ ᠬᠤᠲᠠ
ᠨᠡᠶᠢᠲᠡᠯᠡᠭᠰᠡᠨ ᠴᠠᠭ᠄
2020/11/16
     ᠶᠤᠸᠠᠨ ᠤᠯᠤᠰ ᠤᠨ ᠦᠶ᠎ᠡ ᠶᠢᠨ ᠡᠷᠲᠡᠨ ᠤ ᠬᠤᠲᠠ ᠶᠢᠨ ᠪᠠᠭᠤᠷᠢ᠃ ᠦᠪᠦᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠬᠦᠬᠡᠬᠤᠲᠠ ᠶᠢᠨ ᠲᠤᠭᠲᠠᠬᠤ ᠰᠢᠶᠠᠨ ᠤ ᠴᠧᠩ ᠭᠤᠸᠠᠨ ᠵᠧᠨ ᠪᠠᠯᠭᠠᠰᠤᠨ ᠤ ᠠᠷᠤ ᠳᠤ ᠪᠠᠶᠢᠳᠠᠭ ᠃ ᠬᠦᠬᠡᠬᠤᠲᠠ ᠠᠴᠠ 70 ᠭᠠᠷᠤᠢ ᠺᠢᠯᠤᠮᠧᠲᠷ ᠵᠠᠢ ᠲᠠᠢ᠃ ᠨᠤᠲᠤᠭ ᠤᠨ ᠬᠦᠮᠦᠰ ᠤᠨ ᠲᠤᠮᠳᠠ ᠡᠨᠡᠬᠦ ᠬᠠᠭᠤᠴᠢᠳ ᠢ ᠶᠡᠭᠡ ᠶᠤᠸᠠᠨ ᠤᠯᠤᠰ ᠤᠨ ᠴᠧᠩᠰᠢᠶᠠᠩ ᠲᠤᠭᠲᠠᠬᠤ ᠶᠢᠨ ᠪᠠᠶᠢᠭᠤᠯᠤᠭᠰᠠᠨ ᠬᠤᠲᠠ ᠭᠡᠵᠦ ᠤᠯᠠᠮᠵᠢᠯᠠᠨ ᠬᠡᠯᠡᠯᠴᠡᠳᠡᠭ ᠪᠣᠯᠬᠤᠷ ᠬᠢᠲᠠᠳ ᠢᠶᠠᠷ ︽ᠲᠦᠸᠧ ᠲᠦᠸᠧ ᠬᠤᠲᠠ︾ ᠭᠡᠬᠦ ᠪᠤᠶᠤ[ ︽ᠲᠦᠸᠧ ᠺᠧ ᠲᠦᠸᠧ ᠬᠤᠲᠠ︾ ᠭᠡᠳᠡᠭ᠃ ᠡᠷᠲᠡᠨ ᠤ ᠬᠤᠲᠠ ᠶᠢᠨ ᠬᠠᠭᠤᠴᠢᠳ ᠨᠢ ᠬᠠᠲᠤᠨ ᠭᠤᠣᠯ ᠤᠨ ᠬᠤᠶᠢᠲᠤ ᠡᠷᠭᠢ ᠲᠡᠭᠡᠷ᠎ᠡ᠂ ᠪᠠᠷᠠᠭᠤᠨᠰᠢ ᠳ᠋ᠠ ᠡᠾᠸᠢ ᠡᠾᠧ ᠭᠤᠣᠯ ᠢ ᠲᠠᠮᠵᠢᠵᠤ᠂ ᠵᠡᠭᠦᠨ ᠬᠤᠶᠢᠰᠢ ᠦᠷᠭᠡᠨ ᠲᠡᠨᠢᠭᠡᠷ ᠲᠦᠮᠡᠳ ᠤᠨ ᠲᠠᠯ᠎ᠠ ᠶᠢ ᠲᠥᠰᠢᠭᠰᠡᠨ ᠪᠠᠶᠢᠳᠠᠭ᠃ ᠬᠠᠭᠤᠴᠢᠳ ᠤᠨ ᠲᠠᠯᠠᠪᠠᠢ ᠨᠢ ᠵᠢᠭᠳᠡ ᠪᠣᠰᠤ ᠤᠷᠳᠤ ᠲᠦᠷᠪᠡᠯᠵᠢᠨ ᠬᠡᠯᠪᠡᠷᠢ  ᠲᠠᠢ᠂ ᠤᠮᠠᠷ᠎ᠠ ᠠᠴᠠ ᠡᠮᠦᠨᠡᠰᠢ ᠴᠢᠭᠯᠡᠯ ᠲᠠᠢ᠃ ᠬᠤᠲᠠ ᠶᠢᠨ ᠲᠤᠳᠤᠷ᠎ᠠ ᠪᠠᠷᠠᠭᠤᠨ ᠬᠤᠶᠢᠳᠤ ᠪᠤᠯᠤᠩ ᠳᠤᠨᠢ ᠵᠡᠭᠦᠨ ᠪᠠᠷᠠᠭᠤᠨ ᠵᠠᠯᠭᠠᠯᠳᠤᠭᠰᠠᠨ ᠬᠤᠶᠠᠷ ᠵᠢᠵᠢᠭ ᠬᠤᠲᠠ ᠲᠠᠢ᠂ ᠪᠠᠷᠠᠭᠤᠨ ᠬᠤᠲᠠ ᠨᠢ ᠶᠡᠭᠡ ᠰᠢᠭ᠂ ᠶᠡᠷᠦ ᠳᠡᠭᠡᠨ ᠬᠠᠭᠠᠨ ᠤ ᠶᠡᠭᠡ ᠬᠤᠲᠠ ᠭᠡᠳᠡᠭ᠃ ᠵᠡᠭᠦᠨ ᠬᠤᠲᠠ ᠶᠢ ᠨᠢ ᠬᠠᠭᠠᠨ ᠤ ᠪᠠᠭ᠎ᠠ ᠬᠤᠲᠠ ᠭᠡᠳᠡᠭ᠃ ᠬᠠᠭᠠᠨ ᠤ ᠶᠡᠭᠡ ᠬᠤᠲᠠ ᠶᠢᠨ ᠡᠮᠦᠨᠡᠲᠦ ᠬᠡᠷᠡᠮ ᠨᠢ 470 ᠮᠧᠲᠷ᠂ ᠬᠤᠶᠢᠳᠤ ᠬᠡᠷᠡᠮ ᠨᠢ 500 ᠮᠧᠲᠷ᠂ ᠵᠡᠭᠦᠨ ᠬᠡᠷᠡᠮ ᠨᠢ 630 ᠮᠧᠲᠷ᠂ ᠪᠠᠷᠠᠭᠤᠨ ᠬᠡᠷᠡᠮ ᠨᠢ 620 ᠮᠧᠲᠷ᠂ ᠡᠪᠳᠡᠷᠬᠡᠢ ᠬᠡᠷᠡᠮ ᠨᠢ 3 ~6 ᠮᠧᠲᠷ ᠦᠨᠳᠦᠷ᠂ ᠡᠪᠳᠡᠷᠬᠡᠢ ᠬᠡᠷᠡᠮ ᠤᠨ ᠰᠠᠭᠤᠷᠢ ᠶᠢᠨ ᠥᠷᠭᠡᠨ ᠨᠢ 6 ᠮᠧᠲᠷ ᠪᠠᠶᠢᠳᠠᠭ᠃ ᠵᠡᠭᠦᠨ ᠬᠡᠷᠡᠮ ᠳᠤᠨᠢ ᠪᠠᠬᠢᠯᠡᠯᠲᠡ ᠰᠠᠬᠢᠭᠤᠯ ᠲᠥᠷᠪᠡ ᠪᠠᠶᠢᠵᠤ᠂ ᠭᠠᠳᠠᠭᠤᠷ ᠨᠢ ᠬᠤᠲᠠ ᠬᠠᠮᠠᠭᠠᠯᠠᠯᠲᠠ ᠶᠢᠨ ᠭᠤᠤ ᠲᠠᠢ᠂ ᠵᠡᠬᠦᠨ ᠡᠬᠦᠳᠡᠨ ᠳᠤᠨᠢ ᠪᠢᠴᠢᠬᠠᠨ ᠬᠠᠯᠬᠠᠭ᠎ᠠ ᠬᠤᠲᠠ ᠲᠠᠢ᠂ ᠬᠤᠲᠠ ᠶᠢᠨ ᠲᠤᠳᠤᠷᠠᠬᠢ ᠰᠤᠶᠤᠯ ᠤᠨ ᠳᠠᠪᠬᠤᠷᠭ᠎ᠠ ᠨᠢ 6 ~11 ᠮᠧᠲᠷ ᠵᠤᠵᠠᠭᠠᠨ᠃ ᠲᠠᠩ ᠤᠯᠤᠰ᠂ ᠯᠢᠶᠤᠤ ᠤᠯᠤᠰ᠂ ᠠᠯᠳᠠᠨ ᠤᠯᠤᠰ᠂ ᠶᠤᠸᠠᠨ ᠤᠯᠤᠰ ᠤᠨ ᠦᠶ᠎ᠡ ᠶᠢᠨ ᠰᠤᠶᠤᠯ ᠤᠨ ᠲᠤᠷᠠᠰᠬᠠᠯᠳᠤ ᠵᠦᠢᠯᠡᠰ ᠠᠰᠤᠷᠤ ᠡᠯᠪᠡᠭ ᠪᠠᠶᠢᠳᠠᠭ᠃ ᠬᠠᠭᠠᠨ ᠤ ᠶᠡᠭᠡ ᠬᠤᠲᠠ ᠶᠢᠨ ᠲᠤᠤᠷ᠎ᠠ ᠨᠢ ᠲᠠᠩ ᠤᠯᠤᠰ ᠤᠨ ᠦᠶ᠎ᠡ ᠶᠢᠨ ᠪᠠᠭᠤᠵᠤ ᠦᠭᠭᠦᠭᠰᠡᠳ ᠢ ᠤᠭᠳᠤᠭᠴᠢ ᠵᠡᠭᠦᠨ ᠬᠤᠲᠠ ︵ ᠬᠤᠵᠢᠮ ᠨᠢ ᠪᠠᠶᠢᠭᠤᠯᠤᠭᠰᠠᠨ︶  ᠶᠢᠨ ᠪᠠᠭᠤᠷᠢ ᠳᠠᠷᠤᠭᠳᠠᠨ ᠪᠠᠶᠢᠭ᠎ᠠ ᠶᠢ ᠨᠢᠭᠡᠨᠲᠡ ᠪᠠᠶᠢᠴᠠᠭᠠᠨ ᠲᠤᠳᠤᠯᠠᠪᠠ᠃ ᠲᠡᠦᠭᠡᠨ ᠲᠡᠮᠳᠡᠭᠯᠡᠯ ᠢ ᠦᠨᠳᠦᠰᠦᠯᠡᠪᠡᠯ᠂ ᠲᠠᠩ ᠤᠯᠤᠰ ᠤᠨ ᠵᠦᠩᠽᠦ᠋ᠩ ᠯᠢ ᠰᠢᠶᠠᠨ ᠤ ᠵᠢᠩ ᠯᠦᠩ ᠤᠨ ᠬᠤᠶᠠᠳᠤᠭᠠᠷ ︵708︶ ᠣᠨ ᠳᠤ᠂ ᠲᠶᠦ᠋ᠷᠺ ᠢ ᠠᠷᠭᠠᠴᠠᠬᠤ ᠶᠢᠨ ᠲᠦᠯᠦᠭᠡ᠂ ᠤᠮᠠᠷᠠᠳᠠᠬᠢᠨ ᠤ ᠶᠡᠷᠦᠩᠬᠡᠢ ᠵᠠᠬᠢᠷᠤᠭᠴᠢ ᠵᠠᠩ ᠿᠧᠨ ᠶᠤᠸᠠᠨ ᠭᠡᠭᠴᠢ ᠬᠦᠮᠦᠨ ᠬᠠᠳᠤᠨ ᠭᠤᠣᠯ ᠤᠨ ᠠᠷᠤ ᠪᠠᠷ ᠵᠡᠭᠦᠨ ᠪᠠᠷᠠᠭᠤᠨ ᠲᠤᠮᠳᠠᠳᠤ ᠭᠤᠷᠪᠠᠨ ᠬᠤᠲᠠ ᠪᠠᠶᠢᠭᠤᠯᠵᠤ᠂ ᠪᠠᠭᠤᠵᠤ ᠦᠭᠭᠦᠭᠰᠡᠳ ᠢ ᠤᠭᠳᠤᠭᠴᠢ ᠱᠸᠦ ᠰᠢᠶᠠᠩ ᠴᠧᠩ ᠭᠡᠵᠦ ᠨᠡᠷᠡᠯᠡᠭᠰᠡᠨ ᠪᠠᠶᠢᠵᠠᠢ᠃ ᠲᠡᠭᠡᠭᠡᠳ ᠡᠭᠦᠪᠡᠷ ︽ᠶᠡᠭᠡ ᠭᠤᠪᠢ ᠶᠢ ᠠᠳᠬᠤᠨ ᠳᠠᠭᠠᠨ ᠪᠠᠭᠲᠠᠭ᠋ᠵᠤ᠂ ᠮᠣᠨᠢ ᠠᠭᠤᠯᠠ ᠶᠢ ᠬᠠᠷᠠᠭᠠᠨ ᠳᠠᠭᠠᠨ ᠠᠭᠤᠯᠬᠤ︾ ᠶᠢᠨ ᠲᠦᠯᠦᠭᠡ 300 ᠭᠠᠷᠤᠢ ᠭᠠᠵᠠᠷ ᠢ ᠨᠡᠭᠡᠭᠡᠨ ᠠᠰᠢᠭᠯᠠᠭᠰᠠᠨ ᠪᠠᠶᠢᠪᠠ᠃ ᠯᠢᠶᠤᠤ ᠤᠯᠤᠰ ᠤᠨ ᠡᠬᠢᠨ ᠳᠤ ᠠᠳᠡ ᠳ᠋ᠦᠩᠱᠧᠩ ᠵᠸᠦ ᠶᠢ ᠪᠠᠶᠢᠭᠤᠯᠪᠠ᠃ ᠳ᠋ᠦᠩ᠂ ᠵᠡᠭᠦᠨ ᠭᠡᠵᠦ ᠲᠤᠳᠤᠯᠠᠭᠰᠠᠨ ᠨᠢ ᠬᠠᠳᠤᠨ ᠭᠤᠣᠯ ᠤᠨ ᠡᠰᠡᠷᠭᠦ ᠡᠷᠭᠢ ᠳᠡᠭᠡᠷᠡᠬᠢ ᠬᠠᠭᠤᠴᠢᠨ ᠱᠧᠩ ᠵᠸᠦ ᠠᠴᠠ ᠢᠯᠭᠠᠬᠤ ᠶᠢᠨ ᠲᠥᠯᠦᠭᠡ ᠪᠠᠶᠢᠵᠠᠢ᠃ ᠠᠯᠲᠠᠨ ᠤᠯᠤᠰ᠂ ᠶᠤᠸᠠᠨ ᠤᠯᠤᠰ ᠤᠨ ᠦᠶ᠎ᠡ ᠳᠤ ᠲᠤᠰ ᠬᠤᠲᠠ ᠶᠢ ᠤᠯᠠᠮᠵᠢᠯᠠᠨ ᠬᠡᠷᠡᠭᠯᠡᠵᠦ ᠪᠠᠶᠢᠪᠠ᠃ ᠠᠯᠲᠠᠨ ᠤᠯᠤᠰ ᠤᠨ ᠦᠶ᠎ᠡ ᠳᠤ ᠬᠤᠲᠠ ᠶᠢᠨ ᠲᠤᠳᠤᠷᠠᠬᠢ ᠬᠠᠭᠠᠨ ᠤ ᠵᠡᠭᠦᠨ ᠵᠢᠵᠢᠭ ᠬᠤᠲᠠ ᠶᠢ ᠪᠠᠶᠢᠭᠤᠯᠤᠭᠠᠳ ᠬᠤᠵᠢᠮ ᠨᠢ ᠬᠠᠶᠠᠪᠠ᠃ ᠲᠤᠰ ᠬᠤᠲᠠ ᠨᠢ ᠵᠡᠭᠦᠨ ᠪᠠᠷᠠᠭᠤᠨᠰᠢ 380 ᠮᠧᠲᠷ ᠤᠷᠳᠤ᠂ ᠡᠮᠦᠨ᠎ᠡ ᠤᠮᠠᠷᠠᠰᠢ 350 ᠮᠧᠲᠷ ᠥᠷᠭᠡᠨ᠂ ᠲᠠᠯ᠎ᠠ ᠪᠦᠷᠢ ᠳᠤᠨᠢ ᠪᠠᠬᠢᠯᠡᠯᠲᠡ ᠰᠠᠬᠢᠭᠤᠯ ᠲᠠᠢ᠂ ᠤᠳᠤᠬᠠᠨ ᠳᠠᠭᠠᠨ ᠵᠥᠪᠬᠡᠨ ᠵᠡᠭᠦᠨ ᠡᠭᠦᠳᠡ ᠶᠢᠨ ᠤᠷᠤᠮ ᠢ ᠢᠯᠡᠷᠡᠭᠦᠯᠪᠡ᠃ ᠬᠤᠲᠠ ᠶᠢᠨ ᠳᠣᠲᠤᠷ᠎ᠠ ᠰᠣᠶᠤᠯ ᠤᠨ ᠲᠤᠷᠠᠰᠬᠠᠯᠳᠤ ᠪᠤᠳᠠᠰ ᠳᠡᠮᠡᠢ ᠠᠷᠪᠢᠨ ᠦᠭᠡᠢ᠂ ᠰᠣᠶᠤᠯ ᠤᠨ ᠳᠠᠪᠬᠤᠷᠭ᠎ᠠ ᠨᠢ ᠰᠠᠶ᠋ᠢ 1.5 ᠮᠧᠲᠷ ᠵᠤᠵᠠᠭᠠᠨ ᠪᠠᠶᠢᠪᠠ᠃  ᠮᠢᠩ ᠤᠯᠤᠰ ᠤᠨ ᠡᠾᠦ᠋ᠩ ᠦ᠋ ᠶᠢᠨ ᠲᠦᠳᠦᠭᠡᠷ ︵1371︶ ᠣᠨ ᠳᠤ ᠂ ᠳ᠋ᠦᠩᠱᠧᠩ ᠵᠸᠦ ᠳᠤ ᠳ᠋ᠦᠩᠱᠧᠩ ᠸᠧᠢ ᠶᠢ ᠪᠠᠶᠢᠭᠤᠯᠵᠤ᠂ ᠬᠤᠵᠢᠮ ᠨᠢ ᠪᠠᠷᠠᠭᠤᠨ᠂ ᠵᠡᠭᠦᠨ᠂ ᠡᠮᠦᠨ᠎ᠡ᠂ ᠬᠤᠶᠢᠨ᠎ᠠ ᠲᠤᠮᠳᠠᠳᠤ ᠲᠠᠪᠤᠨ ᠸᠧᠢ ᠪᠤᠯᠭᠠᠨ ᠰᠠᠯᠭᠠᠭᠠᠳ ᠲᠠᠬᠢᠨ ᠡᠮᠦᠨ᠎ᠡ ᠬᠤᠶᠢᠨ᠎ᠠ ᠳᠤᠮᠳᠠᠳᠤ ᠭᠤᠷᠪᠠᠨ ᠸᠧᠢ ᠶᠢ ᠬᠠᠰᠤᠵᠤ᠂ ᠬᠤᠶᠠᠷ ᠪᠤᠯᠭᠠᠭᠰᠠᠨ ᠤ ᠵᠡᠭᠦᠨ ᠸᠧᠢ ᠶᠢ ᠠᠳᠡ ᠪᠠᠶᠢᠭᠤᠯᠤᠭᠰᠠᠨ ᠪᠠᠶᠢᠵᠠᠢ᠃ ᠮᠢᠩ ᠤᠯᠤᠰ ᠤᠨ ᠡᠾᠦ᠋ᠩ ᠦ᠋ ᠶᠢᠨ ᠬᠤᠷᠢᠨ ᠵᠢᠷᠭᠤᠳᠤᠭᠠᠷ ︵1393︶ ᠣᠨ ᠳᠤ᠂ ︽ᠳ᠋ᠦᠩᠱᠧᠩ ᠬᠤᠲᠠ ᠶᠢᠨ ᠭᠠᠳᠠᠭᠤᠷ ᠶᠡᠭᠡ ᠬᠤᠲᠠ ᠪᠠᠶᠢᠭᠤᠯᠪᠠ᠃ ᠡᠨᠡ ᠪᠣᠯ ᠳᠠᠷᠤᠢ ᠣᠳᠣᠬᠢ ᠥᠯᠡᠳᠡᠭᠡᠳ ᠪᠠᠶᠢᠭ᠎ᠠ ᠶᠡᠭᠡ ᠬᠤᠲᠠ ᠶᠢᠨ ᠬᠡᠷᠡᠮ᠂ ᠡᠮᠦᠨ᠎ᠡ ᠤᠮᠠᠷᠠᠰᠢ 2410 ᠮᠧᠲᠷ ᠤᠷᠳᠤ᠂ ᠵᠡᠭᠦᠨ ᠪᠠᠷᠠᠭᠤᠨᠰᠢ1930 ᠮᠧᠲᠷ ᠥᠷᠭᠡᠨ᠂ ᠬᠦᠷᠢᠶᠡᠨ ᠤ ᠤᠷᠳᠤ ᠨᠢ ᠪᠠᠷᠤᠭ 9 ᠺᠢᠯᠤᠮᠧᠲᠷ᠂ ᠡᠪᠳᠡᠷᠬᠡᠢ ᠬᠡᠷᠡᠮ ᠤᠨ ᠥᠨᠳᠦᠷ ᠨᠢ ᠪᠠᠷᠤᠭ 8 ~15 ᠮᠧᠲᠷ᠂ ᠰᠠᠭᠤᠷᠢ ᠶᠢᠨ ᠥᠷᠭᠡᠨ ᠨᠢ12 ᠮᠧᠲᠷ ᠢᠯᠡᠬᠦᠦ᠂ ᠲᠤᠳᠤᠷ᠎ᠠ ᠲᠠᠯ᠎ᠠ ᠳᠤᠨᠢ ᠬᠡᠷᠡᠮ ᠬᠠᠮᠠᠭᠠᠯᠠᠯᠲᠠ ᠶᠢᠨ ᠲᠠᠰᠢᠭᠤ ᠬᠥᠳᠥᠯ ᠪᠠᠶᠢᠭᠤᠯᠵᠤ᠃ ᠰᠢᠷᠤᠢ ᠪᠠᠷ ᠬᠠᠩᠳᠠᠨ ᠴᠤᠭᠴᠠᠯᠠᠭᠰᠠᠨ ᠳᠠᠪᠬᠤᠷᠭ᠎ᠠ ᠨᠢ 16 ~26 ᠰᠠᠨᠲ᠋ᠢᠮᠧᠲᠷ ᠵᠤᠵᠠᠭᠠᠨ᠂ ᠲᠦᠷᠪᠡᠨ ᠲᠠᠯ᠎ᠠ ᠳᠠᠭᠠᠨ ᠡᠭᠦᠳᠡ  ᠲᠠᠢ᠂ ᠵᠡᠭᠦᠨ ᠪᠤᠯᠤᠨ ᠬᠤᠶᠢᠳᠤ ᠬᠤᠶᠠᠷ ᠡᠭᠦᠳᠡᠨ ᠳᠤᠨᠢ ᠳᠠᠪᠬᠤᠷ ᠬᠠᠯᠬᠠᠭ᠎ᠠ ᠬᠤᠲᠠ ᠲᠠᠢ᠃ ᠪᠠᠷᠠᠭᠤᠨ ᠪᠠ ᠡᠮᠦᠨᠡᠲᠦ ᠡᠭᠦᠳᠡᠨ ᠳᠤᠨᠢ ᠲᠠᠩ ᠬᠠᠯᠬᠠᠭ᠎ᠠ ᠬᠤᠲᠠ ᠲᠠᠢ ᠪᠠᠶᠢᠳᠠᠭ᠃ ᠮᠢᠩ ᠤᠯᠤᠰ ᠤᠨ ᠶᠦᠩ ᠯᠧ ᠤᠨ ᠲᠡᠷᠢᠭᠦᠨ ᠤᠨ ︵1403︶ ᠳᠤ᠂ ᠳ᠋ᠦᠩᠱᠧᠩ ᠵᠡᠭᠦᠨ ᠸᠧᠢ ᠶᠢ ᠯᠦᠯᠦᠩ ᠳᠤ ᠨᠡᠭᠦᠯᠭᠡᠵᠦ᠂ ᠳ᠋ᠦᠩᠱᠧᠩ ᠪᠠᠷᠠᠭᠤᠨ ᠸᠧᠢ ᠶᠢ ᠽᠦᠨ ᠬᠤᠸᠠ ᠳᠤ ᠰᠢᠯᠵᠢᠭᠦᠯᠪᠡ᠃ ᠮᠢᠩ ᠤᠯᠤᠰ ᠤᠨ ᠵᠧᠩ ᠲᠦᠩ ᠤᠨ ᠭᠤᠳᠠᠭᠠᠷ ᠤᠨ ︵1438︶ ᠳᠤ ᠡᠳᠡᠭᠡᠷ ᠸᠧᠢ ᠶᠢ ᠤᠭ ᠤᠷᠤᠨ ᠳᠤᠨᠢ ᠰᠢᠯᠵᠢᠭᠦᠯᠦᠨ᠂ ᠤᠳᠠᠯ ᠦᠭᠡᠢ ᠪᠠᠰᠠ ᠬᠠᠶᠠᠪᠠ᠃ ᠴᠢᠩ ᠤᠯᠤᠰ ᠤᠨ ᠦᠶ᠎ᠡ ᠳᠤ ᠡᠨᠡᠬᠦ ᠬᠠᠭᠤᠴᠢᠨ ᠬᠤᠲᠠᠨ ᠤ ᠤᠰᠤᠨ ᠬᠠᠭᠤᠷᠠᠢ ᠵᠠᠮ ᠤᠨ ᠵᠦᠭᠡᠭᠡᠪᠦᠷᠢ ᠨᠡᠪᠳᠡᠷᠡᠯᠭᠡ ᠲᠦᠭᠦᠮ ᠢ ᠠᠰᠢᠭᠯᠠᠵᠤ᠂ ᠠᠳᠡ ᠬᠦᠮᠦᠷᠭᠡ ᠪᠠᠶᠢᠭᠤᠯᠤᠨ ᠠᠮᠤ ᠪᠤᠳᠠᠭ᠎ᠠ ᠨᠦᠭᠡᠴᠡᠯᠡᠵᠦ᠂ ᠤᠮᠠᠷᠠᠳᠤ ᠵᠠᠮ ᠤᠨ ᠴᠡᠷᠢᠭ ᠤᠨ ᠬᠠᠩᠭᠠᠯᠭ᠎ᠠ ᠳᠤ ᠬᠡᠷᠡᠭᠯᠡᠵᠦ ᠪᠠᠶᠢᠪᠠ᠃ ᠵᠡᠭᠦᠨ ᠮᠠᠩᠬᠠᠨ ᠲᠤᠪᠤᠴᠠᠭ ᠤᠨ ᠡᠨᠡ ᠬᠦ ᠬᠠᠭᠤᠴᠢᠨ ᠬᠤᠲᠠ ᠤᠷᠴᠢᠮ ᠤᠨ ᠭᠠᠵᠠᠷ ᠵᠦᠢ ᠶᠢᠨ ᠪᠠᠶᠢᠷᠢᠰᠢᠯ ᠨᠢ ᠠᠰᠤᠷᠤ ᠴᠢᠬᠤᠯᠠ ᠪᠠᠶᠢᠵᠤ᠂ ᠠᠵᠤ ᠠᠬᠤᠢ᠂ ᠵᠠᠮ ᠲᠡᠭᠡᠭᠡᠪᠦᠷᠢ ᠶᠢᠨ ᠬᠦᠢᠰᠦ ᠪᠤᠭᠤᠮᠳᠠ ᠪᠣᠯᠬᠤ ᠪᠣᠯᠬᠤᠷ ᠴᠢᠩ ᠲᠥᠷᠥ ᠶᠢᠨ ᠦᠶ᠎ᠡ ᠶᠢᠨ ᠴᠧᠨ ᠬᠤᠸᠠᠩ ᠵᠦᠩ ᠭᠡᠳᠡᠭ ᠬᠦᠮᠦᠨ ᠠᠳᠡᠬᠢ ᠶᠢ ᠨᠢᠩᠰᠢᠶᠠ ᠪᠣᠯᠣᠨ ᠯᠢᠶᠤᠤᠵᠦ᠋ᠩ ᠤᠨ ᠲᠥᠪ᠂ ︽ᠶᠡᠭᠡ ᠨᠡᠶᠢᠰᠯᠡᠯ ᠢ ᠦᠩᠬᠡᠶᠢᠨ ᠰᠢᠷᠳᠡᠵᠦ ᠠᠷᠤ ᠬᠤᠶᠢᠨᠠᠬᠢ ᠶᠢ ᠪᠤᠭᠤᠮᠳᠠᠯᠠᠨ ᠲᠤᠪᠬᠢᠬᠤ ᠪᠠᠶᠢᠳᠠᠯ ᠲᠠᠢ︾ ᠭᠡᠵᠦ ᠴᠢᠬᠤᠯᠠᠴᠢᠯᠠᠨ ᠬᠡᠯᠡᠪᠡ᠃
 
ᠢᠷᠡᠯᠲᠡ᠄ ᠦᠪᠦᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠸᠢᠴᠠᠲ ᠲᠠᠪᠴᠠᠩ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号