︽ᠳ᠋ᠠ ᠶᠤᠤ ᠰᠤᠶᠤᠯ︾ ᠤᠨ ᠪᠠᠭᠤᠷᠢ
ᠨᠡᠶᠢᠲᠡᠯᠡᠭᠰᠡᠨ ᠴᠠᠭ᠄
2020/11/16
     ᠥᠪᠥᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠬᠦᠬᠡᠬᠤᠲᠠ ᠶᠢᠨ ᠬᠤᠲᠠ ᠶᠢᠨ ᠲᠡᠭᠦᠷᠭᠡ ᠳᠠᠬᠢ ᠬᠤᠶᠠᠷ ᠬᠡᠰᠡᠭ ᠬᠠᠭᠤᠴᠢᠨ ᠴᠢᠯᠠᠭᠤᠨ ᠪᠠᠭᠠᠵᠢ ᠶᠢᠨ ᠦᠶ᠎ᠡ ᠶᠢᠨ ᠰᠤᠶᠤᠯ ᠤᠨ ᠪᠠᠭᠤᠷᠢ ᠶᠢᠨ ᠶᠡᠷᠦᠩᠬᠡᠢ ᠨᠡᠷᠡᠶᠢᠳᠦᠯ ᠪᠤᠯᠤᠨ᠎ᠠ᠃ ᠨᠢᠭᠡ ᠨᠢ ᠬᠦᠬᠡᠬᠤᠲᠠ ᠠᠴᠠ ᠵᠡᠭᠦᠨᠰᠢ 33 ᠺᠢᠯᠤᠮᠧᠲᠷ ᠵᠠᠢ ᠲᠠᠢ ᠪᠤᠷᠤᠬᠤᠰᠢᠭᠤ ᠰᠢᠶᠠᠩ ᠤᠨ ᠳ᠋ᠠ ᠶᠤᠤ ᠲᠤᠰᠬᠤᠨ ᠤ ᠡᠮᠦᠨ᠎ᠡ ᠠᠭᠤᠯᠠᠨ ᠳᠤ ᠪᠠᠶᠢᠵᠤ᠂ ᠡᠯ ᠳ᠋ᠤᠤ ᠭᠸᠦ ᠪᠤᠯᠤᠨ ᠰᠾ ᠳ᠋ᠤᠤ ᠭᠸᠦ ᠭᠡᠬᠦ ᠬᠤᠶᠠᠷ ᠪᠠᠭᠤᠷᠢ ᠶᠢ ᠪᠠᠭᠳᠠᠭᠠᠳᠠᠭ᠃ ᠨᠦᠬᠦᠭᠡ ᠨᠢ ᠬᠦᠬᠡᠬᠤᠲᠠ ᠶᠢᠨ ᠬᠤᠶᠢᠨ᠎ᠠ 10 ᠺᠢᠯᠤᠮᠧᠲᠷ ᠵᠠᠢ ᠲᠠᠢ ᠢᠥᠢ ᠯᠢᠨ ᠭᠠᠴᠠᠭᠠᠨ ᠤ ᠡᠮᠦᠨᠡᠲᠦ ᠨᠠᠢᠮᠠᠨ ᠪᠠᠶᠢᠰᠢᠩ ︵ᠴᠢᠶᠠᠨ ᠨᠠᠢ ᠮᠧ ᠪᠠᠨ ᠼᠦᠨ︶ ᠲᠤᠰᠬᠤᠨ ᠤ ᠣᠪᠤᠭ᠎ᠠ ᠨᠢᠷᠤᠭᠤ ︵ᠨᠣᠣ ᠪᠣᠤ ᠯᠢᠶᠠᠩ︶ ᠲᠡᠭᠡᠷ᠎ᠡ ᠪᠠᠶᠢᠳᠠᠭ᠃ ᠡᠨᠡ ᠬᠤᠶᠠᠷ ᠪᠠᠭᠤᠷᠢ ᠶᠢ ᠦᠪᠦᠷ ᠮᠤᠩᠭᠤᠯ ᠤᠨ ᠲᠡᠦᠭᠡ ᠶᠢᠨ ᠲᠤᠷᠠᠰᠬᠠᠯᠳᠤ ᠵᠦᠢᠯᠡᠰ ᠢ ᠰᠢᠨᠵᠢᠯᠡᠨ ᠪᠠᠶᠢᠴᠠᠭᠠᠬᠤ ᠠᠵᠢᠯᠲᠠᠳ 1973 ᠣᠨ ᠳᠤ ᠪᠠᠶᠢᠴᠠᠭᠠᠨ ᠢᠯᠡᠷᠡᠭᠦᠯᠦᠭᠰᠡᠨ ᠶᠤᠮ᠃  ᠲᠡᠭᠡᠭᠡᠳ 1976 ᠣᠨ ᠤ 9 ᠰᠠᠷ᠎ᠠ ᠳᠤ ᠵᠢᠩᠬᠢᠨᠢ ᠪᠠᠷ ᠨᠡᠭᠡᠭᠡᠯᠲᠡ ᠬᠢᠪᠡ᠂ ᠨᠡᠭᠡᠭᠡᠯᠲᠡ ᠶᠢᠨ ᠶᠠᠪᠤᠴᠠ ᠳᠤ ᠬᠠᠯᠠᠬᠤ ᠰᠢᠨ᠎ᠡ ᠭᠠᠯᠪᠠ ᠶᠢᠨ ᠰᠡᠭᠦᠯᠴᠢ ᠶᠢᠨ ᠦᠶ᠎ᠡ ᠶᠢᠨ ᠮᠠ ᠯᠠᠨ ᠰᠢᠷ᠎ᠠ ᠰᠢᠷᠤᠶᠢᠳᠤ ᠲᠠᠪᠬᠤᠷᠭ᠎ᠠ ᠪᠠ ᠨᠠᠩᠭᠢ ᠬᠠᠷ᠎ᠠ ᠰᠢᠷᠤᠶᠢᠲᠤ ᠲᠠᠪᠬᠤᠷᠭ᠎ᠠ ᠠᠴᠠ 394 ᠢᠵᠢ ᠴᠢᠯᠠᠭᠤᠨ ᠪᠠᠭᠠᠵᠢ᠂ 1200 ᠭᠠᠷᠤᠢ ᠬᠡᠰᠡᠭ ᠬᠠᠪᠳᠠᠭᠠᠶᠢᠯᠢᠭ ᠴᠢᠯᠠᠭᠤ ᠵᠡᠷᠭᠡ ᠶᠢ ᠣᠯᠪᠠ᠃ ᠴᠢᠯᠠᠭᠤᠨ ᠪᠠᠭᠠᠵᠢ ᠶᠢᠨ ᠣᠯᠠᠩᠭᠢ ᠨᠢ ᠠᠩᠬ᠎ᠠ ᠠᠯᠬᠤᠮ ᠤᠨ ᠵᠠᠰᠠᠯᠲᠠ ᠬᠢᠭᠰᠡᠨ ᠵᠦᠢᠯᠡᠰ ᠪᠠᠶᠢᠵᠤ᠂ ᠬᠡᠯᠪᠡᠷᠢ ᠠᠴᠠ ᠨᠢ ᠦᠵᠡᠪᠡᠯ ᠴᠠᠪᠴᠢᠨ ᠪᠠᠯᠪᠠᠴᠢᠬᠤ ᠪᠠᠭᠠᠵᠢ᠂ ᠱᠤᠪᠬᠤ ᠦᠵᠦᠭᠦᠷᠲᠦ ᠪᠠᠭᠠᠵᠢ᠂ ᠬᠤᠰᠤᠵᠤ ᠵᠣᠷᠭᠤᠬᠤ ᠪᠠᠭᠠᠵᠢ᠂ ᠴᠢᠯᠠᠭᠤᠨ ᠰᠦᠬᠡ᠂ ᠴᠢᠯᠠᠭᠤᠨ ᠠᠯᠤᠬ᠎ᠠ᠂ ᠴᠢᠯᠠᠭᠤᠨ ᠪᠦᠮᠪᠦᠭᠡ ᠵᠡᠷᠭᠡ ᠪᠠᠶᠢᠪᠠ᠂ ᠡᠭᠦᠨ ᠳᠤ ᠶᠠᠰᠤᠲᠤ ᠮᠡᠯᠡᠬᠡᠢ ᠶᠢᠨ ᠨᠢᠷᠤᠭᠤᠨ ᠬᠡᠯᠪᠡᠷᠢᠲᠦ  ᠬᠤᠰᠤᠵᠤ ᠵᠣᠷᠭᠤᠬᠤ ᠪᠠᠭᠠᠵᠢ ᠨᠢ ᠬᠠᠮᠤᠭ ᠠᠴᠠ ᠨᠡᠶᠢᠲᠡᠯᠢᠭ ᠤᠨᠴᠠᠯᠢᠭ ᠲᠠᠢ ᠪᠦᠭᠡᠳ ᠶᠡᠭᠡ ᠪᠠᠭ᠎ᠠ ᠶᠢᠨ ᠬᠡᠮᠵᠢᠶ᠎ᠡ ᠨᠢ ᠲᠤᠮᠳᠠ ᠡᠷᠢᠨ ᠤ ᠬᠢ ᠠᠴᠠ ᠪᠠᠨ ᠪᠠᠭ᠎ᠠ ᠪᠠᠶᠢᠵᠠᠢ᠃ ᠪᠠᠰᠠ ᠫᠢᠯᠠ ᠬᠡᠯᠪᠡᠷᠢᠲᠦ ᠪᠠ ᠪᠠᠭᠠᠨ᠎ᠠ ᠬᠡᠯᠪᠡᠷᠢᠲᠦ ᠴᠢᠯᠠᠭᠤᠨ ᠴᠦᠮ᠎ᠡ ᠢᠯᠡᠷᠡᠪᠡ᠃ ᠲᠡᠭᠦᠨ ᠤ ᠭᠠᠵᠠᠷ ᠰᠢᠨᠵᠢᠯᠡᠭᠡᠨ ᠤ ᠴᠠᠭ ᠦᠶ᠎ᠡ ᠨᠢ ᠬᠠᠯᠠᠬᠤ ᠰᠢᠨ᠎ᠡ ᠭᠠᠯᠪᠠ ᠶᠢᠨ ᠰᠡᠭᠦᠯᠴᠢ ᠶᠢᠨ ︵Q3) ᠡᠷᠢᠨ ᠪᠠᠶᠢᠵᠤ᠂ ᠲᠡᠦᠭᠡ ᠶᠢᠨ ᠴᠠᠭ ᠦᠶ᠎ᠡ ᠨᠢ ᠬᠠᠭᠤᠴᠢᠨ ᠴᠢᠯᠠᠭᠤᠨ ᠪᠠᠭᠠᠵᠢ ᠶᠢᠨ ᠡᠷᠢᠨ ᠤ ᠰᠡᠭᠦᠯᠴᠢ ᠦᠶ᠎ᠡ ᠪᠠᠶᠢᠪᠠ᠃ ᠭᠠᠵᠠᠷ ᠤᠨ ᠳᠠᠪᠬᠤᠷᠭ᠎ᠠ ᠠᠴᠠ ᠪᠠᠰᠠ ᠪᠤᠭᠤ ᠪᠠ ᠪᠦᠬᠦᠩ ᠵᠡᠷᠭᠡ ᠬᠦᠬᠦᠳᠡᠨ ᠤ ᠴᠢᠯᠠᠭᠤᠵᠢᠮᠠᠯ ᠲᠠᠭᠠᠯᠳᠤᠨ ᠢᠯᠡᠷᠡᠪᠡ ᠃ ᠡᠳᠡᠭᠡᠷ ᠰᠣᠶᠤᠯ ᠤᠨ ᠦᠯᠡᠳᠡᠭᠳᠡᠯ ᠪᠠ ᠳᠤᠷᠠᠰᠬᠠᠯᠳᠤ ᠵᠦᠢᠯᠡᠰ ᠢ ᠵᠠᠳᠠᠯᠤᠨ ᠰᠢᠨᠵᠢᠯᠡᠭᠡᠳ  ᠲᠤᠬᠠᠢ ᠶᠢᠨ ᠦᠶ᠎ᠡ ᠳᠤ ᠬᠦᠮᠦᠨ ᠲᠦᠷᠦᠯᠬᠢᠳᠡᠨ ᠠᠩ ᠬᠦᠷᠦᠭᠡ ᠪᠠᠷ ᠭᠤᠣᠯᠯᠠᠭᠤᠯᠵᠤ᠂ ᠲᠡᠭᠦᠵᠦ ᠬᠤᠷᠠᠮᠳᠤᠭᠤᠯᠬᠤ   ᠪᠠᠷ ᠳᠡᠮᠨᠡᠭᠦᠯᠦᠭᠰᠡᠨ ᠠᠮᠢᠳᠤᠷᠠᠯ ᠢ ᠬᠢᠵᠦ ᠪᠠᠶᠢᠵᠠᠢ ᠭᠡᠳᠡᠭ ᠢ ᠮᠡᠳᠡᠪᠡ᠃ ᠡᠳᠡᠭᠡᠷ ᠠᠴᠠ ᠭᠠᠳᠠᠨ᠎ᠠ᠂ ᠰᠢᠷᠤᠢ ᠶᠢᠨ ᠲᠤᠪᠤᠴᠠᠭ ᠤᠨ ᠳᠤᠤᠷᠠᠬᠢ ᠪᠦᠷᠢᠨ ᠰᠢᠨ᠎ᠡ ᠭᠠᠯᠪᠠ ᠶᠢᠨ ᠬᠦᠷᠦᠰᠦᠨ ᠭᠠᠳᠠᠷᠭᠤ ᠳᠠᠪᠬᠤᠷᠭ᠎ᠠ ᠠᠴᠠ ᠪᠠᠰᠠ ᠴᠢᠯᠠᠭᠤᠨ ᠳᠡᠯᠪᠢ᠂ ᠬᠤᠰᠤᠵᠤ ᠵᠣᠷᠭᠤᠬᠤ ᠪᠠᠭᠠᠵᠢ᠂ ᠱᠤᠪᠬᠤ ᠦᠵᠦᠭᠦᠷᠲᠦ ᠪᠠᠭᠠᠵᠢ ᠪᠠ ᠱᠤᠪᠤᠭᠤᠷ ᠦᠵᠦᠭᠦᠷᠲᠦ ᠴᠢᠯᠠᠭᠤᠨ ᠴᠦᠮ᠎ᠡ ᠵᠡᠷᠭᠡ ᠶᠢ ᠢᠯᠡᠷᠡᠭᠦᠯᠦᠭᠰᠡᠨ ᠶᠤᠮ᠂ ᠡᠨᠡ ᠬᠡᠰᠡᠭ ᠴᠢᠯᠠᠭᠤᠨ ᠪᠠᠭᠠᠵᠢ ᠨᠢ ᠬᠠᠯᠠᠬᠤ ᠰᠢᠨ᠎ᠡ ᠭᠠᠯᠪᠠ ᠶᠢᠨ ᠰᠡᠭᠦᠯᠴᠢ ᠡᠷᠢᠨ ᠤ ᠬᠦᠷᠦᠰᠦᠨ ᠳᠠᠪᠬᠤᠷᠭ᠎ᠠ ᠠᠴᠠ ᠢᠯᠡᠷᠡᠭᠦᠯᠦᠭᠰᠡᠨ ᠴᠢᠯᠠᠭᠤᠨ ᠪᠠᠭᠠᠵᠢ ᠨᠤᠭᠤᠳ ᠠᠴᠠ ᠶᠡᠷᠦᠩᠬᠡᠢ  ᠳᠡᠭᠡᠨ ᠵᠢᠵᠢᠭ ᠪᠠᠶᠢᠵᠤ᠂ ᠬᠢᠴᠡ ᠵᠤᠬᠢᠶᠠᠮᠵᠢ ᠨᠢ ᠨᠠᠷᠢᠯᠢᠭ᠂ ᠰᠢᠨ᠎ᠡ ᠴᠢᠯᠠᠭᠤᠨ ᠪᠠᠭᠠᠵᠢ ᠶᠢᠨ ᠡᠷᠢᠨ ᠤ ᠨᠠᠷᠢᠯᠢᠭ ᠴᠢᠯᠠᠭᠤᠨ ᠪᠠᠭᠠᠵᠢ ᠶᠢᠨ ᠨᠡᠶᠢᠳᠡᠯᠢᠭ ᠤᠨᠴᠠᠯᠢᠭ ᠲᠠᠢ ᠶᠡᠬᠡᠯ᠎ᠡ ᠤᠶᠢᠷᠠᠯᠴᠠᠭ᠎ᠠ ᠪᠠᠶᠢᠭᠰᠠᠨ ᠨᠢ ᠴᠠᠭ ᠦᠶ᠎ᠡ ᠶᠢᠨ ᠦᠯᠡᠳᠡᠭᠳᠡᠯ ᠤᠯᠠᠮᠵᠢᠯᠠᠯ ᠤᠨ ᠵᠠᠯᠭᠠᠮᠵᠢᠯᠠᠯᠲᠤ ᠬᠠᠷᠢᠴᠠᠭ᠎ᠠ ᠶᠢ ᠬᠠᠷᠠᠭᠤᠯᠤᠭᠰᠠᠨ ᠪᠠᠶᠢᠨ᠎ᠠ᠃
 
ᠢᠷᠡᠯᠲᠡ᠄ ᠦᠪᠦᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠸᠢᠴᠠᠲ ᠲᠠᠪᠴᠠᠩ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号