ᠡᠨᠡᠷᠢᠯ ᠤᠨ ᠲᠡᠭᠷᠢ ᠡᠵᠢ ᠮᠢᠨᠢ
ᠨᠡᠶᠢᠲᠡᠯᠡᠭᠰᠡᠨ ᠴᠠᠭ᠄
2018-03-12
      ᠪᠠᠯᠴᠢᠷ  ᠪᠠᠭ᠎ᠠ  ᠨᠠᠰᠤᠨ ᠳᠤ  ᠮᠢᠨᠢ  ᠠᠩᠭᠢᠷ  ᠤᠭᠤᠷᠠᠭ ᠢᠶᠠᠨ   ᠰᠢᠮᠡᠬᠦᠯᠵᠤ᠂   ᠪᠤᠳᠤᠯ   ᠤᠬᠠᠭᠠᠨ ᠢ   ᠮᠢᠨᠢ ᠲᠤᠮᠤᠭᠠᠵᠢᠭᠤᠯᠤᠭᠰᠠᠨ ᠡᠨᠡᠷᠢᠩᠭᠦᠢ ᠰᠠᠶᠢᠬᠠᠨ ᠵᠡᠩ ᠲᠠᠢ ᠡᠵᠢ ᠮᠢᠨᠢ ᠮᠢᠨᠤ ᠡᠨᠡᠷᠢᠯ ᠤᠨ ᠲᠡᠭᠷᠢ ᠪᠠᠶᠢᠭᠰᠠᠨ ᠡ᠃      ᠪᠢ ᠡᠵᠢ ᠳᠤ ᠪᠠᠨ ᠬᠠᠶᠢᠷᠡᠳᠡᠢ᠂ ᠡᠵᠢ ᠴᠦ ᠨᠠᠳᠠ ᠳᠤ ᠪᠠᠨ ᠡᠨᠡᠷᠢᠩᠭᠦᠢ᠂  ᠡᠵᠢ ᠶᠢᠨ  ᠮᠢᠨᠢ  ᠡᠨᠡᠷᠢᠩᠭᠦᠢ  ᠰᠠᠶᠢᠬᠠᠨ ᠮᠦᠰᠢᠶᠡᠳᠤ ᠨᠢ ᠨᠠᠷᠡᠨ ᠰᠢᠬ ᠡᠬᠡᠯᠢᠳᠡᠶᠢᠭᠡᠨ᠃         ᠲᠤᠯᠤᠭᠠᠨ ᠨᠠᠰᠤᠳᠠᠢ ᠲᠡᠷᠨ  ᠵᠢᠯ  ᠨᠠᠮ᠎ᠠ ᠶᠢ  ᠰᠤᠷᠭᠠᠭᠤᠯᠢ ᠳᠤ  ᠬᠦᠷᠭᠡᠵᠤ  ᠪᠢᠴᠢᠭ  ᠦᠵᠡᠬᠦᠯᠬᠦ  ᠭᠡᠵᠤ  ᠮᠠᠨ ᠤ ᠭᠡᠷ ᠤᠨ ᠬᠢᠨ ᠬᠦᠯ ᠪᠤᠯᠵᠠᠭᠠᠵᠤ ᠪᠠᠶᠢᠯ᠎ᠠ᠃ ᠪᠠᠯᠴᠢᠷ ᠤᠶᠤᠨ ᠳᠤ ᠪᠠᠨ ᠪᠢ ᠰᠤᠷᠭᠠᠭᠤᠯᠢ ᠭᠡᠵᠤ ᠶᠠᠮᠠᠷᠬᠠᠨ ᠭᠡᠷ ᠲᠤ  ᠰᠠᠭᠤᠵᠤ᠂ ᠶᠠᠭᠤ ᠰᠤᠷᠳᠠᠭ ᠪᠢᠯᠠ︖ ᠡᠳᠤᠷᠵᠢᠨ ᠵᠤᠭᠰᠤᠭ᠎ᠠ ᠪᠠᠷ ᠪᠢᠴᠢᠭ ᠰᠤᠷᠳᠠᠭ ᠪᠤᠯ ᠤᠤ︖ ᠡᠰᠡᠭᠦᠯ᠎ᠡ ᠠᠭᠤᠷ  ᠲᠤᠯᠬᠢᠨ  ᠪᠠᠭᠰᠢ ᠨᠢ ᠭᠡᠵᠢᠶᠡᠳᠡ ᠬᠠᠷᠢᠶᠡᠵᠤ ᠵᠤᠳᠤᠳᠠᠭ ᠪᠤᠯ ᠤᠤ︖ ᠭᠡᠮᠡᠨ ᠪᠤᠳᠤᠳᠠᠭ ᠪᠠᠶᠢᠯ᠎ᠠ᠃ ᠰᠤᠷᠭᠠᠭᠤᠯᠢ ᠡᠬᠢᠯᠡᠬᠦ ᠲᠡᠷᠨ  ᠡᠳᠤᠷ  ᠡᠵᠢ  ᠮᠢᠨᠢ ᠨᠠᠮ᠎ᠠ ᠶᠢ ᠲᠠᠭᠠᠭᠤᠯᠵᠤ ᠰᠤᠷᠭᠠᠭᠤᠯᠢ ᠳᠤ ᠬᠦᠷᠭᠡᠪᠡ᠃ ᠤᠯᠠᠨ ᠭᠡᠤᠭᠡᠳ ᠨᠠᠭᠠᠳᠤᠨ ᠲᠤᠭᠯᠠᠵᠤ ᠰᠤᠷᠭᠠᠭᠤᠯᠢ ᠶᠢᠨ ᠬᠦᠷᠢᠶ᠎ᠡ ᠬᠦᠷ ᠬᠦᠭᠵᠢᠶᠡᠨ ᠲᠠᠢ ᠪᠠᠶᠢᠯ᠎ᠠ᠃ ᠡᠵᠢ ᠮᠢᠨᠤ ᠨᠡᠷ᠎ᠡ ᠮᠡᠳᠡᠭᠦᠯᠬᠦ ᠭᠠᠷ ᠪᠦᠷᠢᠳᠭᠡᠯ ᠢ ᠬᠢᠵᠤ ᠪᠠᠷᠠᠭᠰᠠᠨ ᠤ  ᠲᠠᠷᠠᠭ᠎ᠠ  ᠨᠠᠮ᠎ᠠ ᠶᠢ  ᠨᠢᠭᠡᠨ ᠦᠨᠳᠦᠷ ᠪᠡᠶ᠎ᠡ ᠲᠠᠢ ᠪᠠᠭᠰᠢ ᠳᠤ ᠲᠤᠰᠢᠶᠡᠵᠤ ᠠᠬᠢᠨ ᠲᠠᠬᠢᠨ  ᠨᠠᠶᠢᠳᠠᠭᠰᠠᠭᠠᠷ  ᠡᠷᠬᠢᠵᠤ  ᠶᠠᠪᠤᠯ᠎ᠠ᠃  ᠪᠢ  ᠬᠤᠶᠢᠨ᠎ᠠ ᠠᠴᠠ ᠨᠢ ᠨᠢᠯᠪᠤᠰᠤ ᠪᠦᠮᠪᠦᠷᠢᠬᠦᠯᠦᠭᠰᠡᠨ ᠳᠤ᠂ ᠲᠡᠷᠨ ᠪᠠᠭᠰᠢ ᠨᠠᠮ᠎ᠠ ᠶᠢ ᠠᠷᠭᠠᠳᠠᠨ ᠭᠤᠶᠤ ᠰᠠᠶᠢᠬᠠᠨ ᠪᠢᠷ  ᠬᠠᠷᠠᠨᠳᠠ  ᠱᠠᠩᠨᠠᠵᠤ  ᠰᠢᠨᠡᠭᠡᠨ ᠰᠢᠷᠡᠭᠡᠨ ᠲᠡᠭᠡᠷ᠎ᠡ ᠰᠠᠭᠤᠯᠭᠠᠪᠠ᠃ ᠪᠢ ᠡ᠊ᠨᠳᠡ ᠨᠢᠭᠡ ᠮᠢᠨᠦ᠋ᠲ ᠴᠤ ᠰᠠᠭᠤᠬᠤ ᠲᠤᠷ᠎ᠡ ᠦᠬᠡᠢ ᠪᠠᠶᠢᠵᠤ᠂ ᠠᠪᠤ ᠡᠵᠢ ᠪᠠᠨ ᠰᠠᠨᠠᠬᠤ ᠲᠤᠳᠤᠮ ᠨᠢᠯᠪᠤᠰᠤ ᠮᠢᠨᠢ ᠬᠠᠴᠠᠷ ᠢ ᠲᠠᠭᠠᠨ ᠮᠡᠯᠮᠡᠷᠡᠨ᠎ᠡ᠂  ᠭᠡᠳᠡᠯ᠎ᠡ  ᠪᠠᠭᠰᠢ  ᠪᠤᠯᠤᠨ  ᠨᠦᠬᠦᠳ ᠤᠨ  ᠡᠯᠡᠭᠯᠡᠬᠦ ᠠᠴᠠ  ᠡᠮᠢᠶᠡᠵᠤ ᠬᠦᠮᠦᠨ ᠠᠴᠠ ᠲᠠᠯᠳᠠᠭᠤᠷ ᠪᠤᠶᠤ ᠰᠦᠨᠢ ᠶᠢᠨ ᠬᠦᠨ ᠳᠤ ᠰᠡᠮᠡᠭᠡᠷ ᠤᠬᠢᠯᠠᠳᠠᠭ ᠪᠠᠶᠢᠯ᠎ᠠ᠃ ᠡᠳᠤᠷ ᠬᠤᠨᠤᠭ  ᠦᠡᠭᠭᠡᠷᠡᠭᠰᠡᠭᠡᠷ  ᠪᠢ ᠴᠦ ᠰᠤᠷᠭᠠᠭᠤᠯᠢ ᠶᠢᠨ ᠠᠮᠢᠳᠤᠷᠡᠯ ᠳᠤ ᠲᠠᠰᠴᠤ ᠤᠳᠤ ᠨᠢᠭᠡ ᠮᠡᠳᠡᠭᠦ ᠳᠤ ᠨᠠᠢᠮᠠᠳᠤᠭᠠᠷ ᠤᠨ ᠤ ᠰᠤᠷᠤᠭᠴᠢ ᠪᠤᠯᠴᠢᠬᠠᠯ᠎ᠠ᠂ ᠲᠡᠷᠡᠭᠦ ᠦᠬᠡᠷ ᠲᠡᠷᠭᠡ ᠰᠢᠭ ᠤᠳᠠᠭᠠᠨ ᠰᠠᠨᠠᠭᠳᠠᠵᠤ ᠪᠠᠶᠢᠭᠰᠨᠨ ᠴᠠᠭ ᠮᠦᠴᠨ ᠠᠯᠢ  ᠵᠠᠪ ᠲᠤ ᠨᠢ  ᠦᠡᠭᠭᠡᠷᠡᠨ  ᠠᠷᠢᠯᠴᠢᠬᠠᠭᠠᠳ  ᠯᠨ ᠪᠢᠳᠡᠨ ᠳᠤ ᠵᠦᠪᠬᠡᠨ ᠴᠠᠭ ᠭᠡᠭᠴᠢ ᠬᠤᠷᠳᠤᠨ ᠭᠡᠳᠡᠭ ᠤᠯᠤᠯᠳᠠ ᠲᠦᠷᠦᠭᠳᠡᠯ ᠢ  ᠦᠯᠡᠳᠡᠭᠡᠵᠤ  ᠬᠠᠶᠠᠭᠰᠠᠨ  ᠪᠠᠶᠢᠯ᠎ᠠ᠃  ᠴᠠᠭ ᠭᠡᠭᠴᠢ ᠨᠡᠭᠡᠷᠡᠨ ︽ᠬᠦᠯᠢᠶᠡᠭᠰᠡᠨ ᠬᠦᠮᠦᠨ ᠳᠤ ᠤᠳᠠᠭᠠᠨ᠂  ᠬᠦᠰᠡᠭᠰᠡᠨ  ᠬᠦᠮᠦᠨ ᠳᠤ  ᠬᠤᠷᠳᠤᠨ︾  ᠠᠵᠢ︕  ᠡᠨᠡ  ᠡᠳᠤᠷ ᠪᠤᠯᠳᠠᠯ᠎ᠠ  ᠪᠢ  ᠡᠵᠢ ᠶᠢᠨ ᠢᠶᠠᠨ  ᠬᠠᠶᠢᠷ᠎ᠡ  ᠬᠠᠷᠠᠭᠠᠯᠵᠠᠯ᠂  ᠵᠤᠷᠢᠭᠵᠢᠭᠤᠯᠤᠯ  ᠰᠡᠩᠭᠡᠷᠡᠭᠦᠯᠦᠯ ᠢ   ᠬᠦᠷᠳᠡᠵᠤ   ᠤᠬᠠᠭᠠᠵᠢᠵᠤ ᠲᠤᠮᠤᠭᠠᠵᠢᠵᠤ ᠢᠷᠡᠯ᠎ᠡ᠃        ᠭᠠᠷᠠᠭ ᠤᠨ ᠠᠮᠠᠷᠠᠯᠳᠠ ᠪᠠᠷ ᠭᠡᠷ ᠲᠤ ᠪᠠᠨ ᠬᠠᠷᠢᠬᠤ ᠳᠤ ᠡᠵᠢ ᠮᠢᠨᠢ ᠦᠬᠡᠳᠡ ᠠᠴᠠ  ᠮᠦᠰᠢᠶᠡᠭᠰᠡᠭᠡᠷ  ᠨᠠᠮ᠎ᠠ ᠶᠢ ᠪᠠᠨ ᠤᠭᠳᠤᠵᠤ ᠠᠪᠤᠨ᠎ᠠ᠃ ᠡᠵᠢ ᠮᠢᠨᠢ ᠶᠡᠷᠤ ᠠᠴᠠ ᠮᠢᠨᠤ ᠪᠠᠭ᠎ᠠ ᠰᠠᠭ᠎ᠠ  ᠠᠮᠵᠢᠯᠳᠠ ᠳᠤ  ᠴᠦ  ᠲᠤᠩ  ᠶᠡᠭᠡ  ᠰᠡᠳᠭᠢᠯ  ᠬᠦᠭᠰᠡᠨ ᠪᠠᠶᠠᠷᠯᠠᠴᠢᠬᠠᠨ᠎ᠠ᠂ ᠲᠡᠭᠡᠬᠦ ᠳᠤ ᠪᠢ ᠡᠵᠢ ᠶᠢᠨ ᠢᠶᠠᠨ ᠦᠷᠴᠢᠯᠡᠭᠡᠰᠤ ᠲᠦᠬᠦᠷᠡᠮᠡᠷ ᠪᠠᠶᠢᠭ᠎ᠠ ᠴᠢᠷᠡᠢ ᠶᠢ ᠨᠢ ᠬᠠᠷᠠᠬᠤ  ᠪᠦᠷᠢ  ᠦᠷᠦ ᠵᠢᠷᠦᠭᠡ ᠮᠢᠨᠢ ᠦᠪᠡᠷ ᠤᠨ ᠡᠷᠭᠡ ᠦᠬᠡᠢ ᠰᠢᠮᠰᠢᠷᠡᠨ᠎ᠡ᠃ ᠡᠵᠢ  ᠮᠢᠨᠢ  ᠨᠠᠮ᠎ᠠ ᠶᠢ  ᠬᠦᠮᠦᠨ ᠠᠴᠠ  ᠲᠤᠤᠷ᠎ᠡ  ᠦᠬᠡᠢ  ᠬᠦᠮᠦᠨ ᠪᠤᠯᠭᠠᠨ᠎ᠠ ᠭᠡᠳ ᠵᠢᠳᠭᠦᠭᠰᠡᠭᠡᠷ ᠪᠠᠶᠢᠨ᠎ᠠ ᠰᠢᠤ᠂ ᠵᠦᠳᠡᠷᠡᠭᠰᠡᠭᠡᠷ ᠶᠠᠪᠤᠨ᠎ᠠ ᠰᠢᠣ᠃ ᠡᠨᠡ ᠶᠡᠭᠡ ᠬᠦᠰᠡᠯ᠂ ᠡᠨᠡ ᠶᠡᠭᠡ ᠬᠠᠶᠢᠷ᠎ᠡ ᠶᠢᠨ ᠬᠠᠷᠢᠭᠤ ᠳᠤ ᠨᠠᠳᠠ ᠵᠦᠪᠭᠡᠨ ᠬᠦᠴᠦᠯᠡᠨ ᠴᠢᠷᠮᠠᠶᠢᠬᠤ ᠠᠴᠠ ᠦᠭᠡᠷ᠎ᠡ ᠰᠤᠩᠭᠤᠯᠳᠠ ᠠᠯᠠᠭ᠎ᠠ ᠡ︕      ᠡᠵᠢ ᠡ᠂ ᠲᠠᠨ ᠳᠤ ᠪᠠᠨ ᠪᠢ ᠦᠷᠢ ᠲᠠᠢ ᠬᠦᠮᠦᠨ᠂  ᠦᠷᠢ ᠶᠢᠨ  ᠬᠠᠷᠢᠭᠤ  ᠪᠢ  ᠶᠠᠭᠠᠬᠢᠭᠰᠠᠨ  ᠴᠦ  ᠬᠦᠴᠦᠯᠡᠨ ᠴᠢᠷᠮᠠᠶᠢᠵᠤ᠂ ᠡᠷᠳᠡᠮ‌‍ᠤᠨ ᠵᠢᠯᠤᠭᠤ ᠶᠢ ᠠᠳᠬᠤᠭᠤᠯᠤᠭᠰᠠᠨ ᠠᠴᠢᠳᠤ ᠪᠠᠭᠰᠢ ᠶᠢᠨ ᠰᠤᠷᠭᠠᠯ  ᠰᠡᠩᠭᠡᠷᠡᠭᠦᠯᠦᠯ ᠢᠶᠠᠷ  ᠰᠠᠶᠢᠨ  ᠬᠢᠷᠢ ᠪᠦᠳᠦᠮᠵᠢ ᠤᠯᠵᠤ ᠲᠠᠨ ᠤ ᠪᠠᠨ ᠰᠡᠳᠭᠢᠯ ᠢ ᠪᠠᠶᠠᠰᠬᠠᠨ᠎ᠠ ᠳ᠋ᠠ︕        ᠡᠨᠡᠷᠢᠯ ᠤᠨ ᠲᠡᠭᠷᠢ ᠡᠵᠢ ᠮᠢᠨᠢ︕        ᠵᠤᠬᠢᠶᠠᠭᠴᠢ᠄ ᠵᠢᠶᠤᠤ ᠵᠢᠶᠤᠤ ︵ᠬᠤᠶᠡᠷᠰᠤᠮᠤ ᠰᠤᠷᠭᠠᠭᠤᠯᠢ ᠶᠢᠨ ᠶᠢᠰᠦᠨ ᠤ ᠨᠢᠭᠡ︶        ᠵᠢᠯᠤᠭᠤᠳᠤᠭᠰᠠᠨ ᠪᠠᠭᠰᠢ᠄ ᠯᠦ ᠢᠤᠢ
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号