ᠬᠠᠶᠢᠷ᠎ᠠ ᠶᠢᠨ ᠬᠠᠷᠢᠭᠤ ᠳᠤ
ᠨᠡᠶᠢᠲᠡᠯᠡᠭᠰᠡᠨ ᠴᠠᠭ᠄
2018-03-12
        ︽ᠠᠯᠲᠠᠨ ᠳᠡᠯᠡᠬᠡᠢ ᠳᠤ ᠲᠦᠷᠦᠭᠰᠡᠨ ᠮᠢᠨᠢ ᠤᠴᠢᠷᠲᠠᠢ    ᠠᠪᠤ ᠶᠢᠨ ᠭᠡᠷ ᠤᠨ ᠠᠮᠤᠷ  ᠲᠠᠶᠢᠪᠤᠩ ᠢ  ᠡᠪᠳᠡᠭᠡᠳ  ᠪᠢ  ᠠᠴᠢᠲᠦ  ᠡᠬᠡ ᠪᠠᠨ  ᠠᠷᠪᠠᠨ  ᠰᠠᠷ᠎ᠠ  ᠵᠤᠪᠠᠭᠠᠭᠰᠠᠨ ᠤ ᠡᠴᠦᠰ ᠲᠤ  ᠠᠯᠠᠭ ᠦᠷ᠎ᠡ ᠨᠢ ᠪᠤᠯᠵᠤ ᠪᠠᠶᠠᠷᠯᠠᠭᠤᠯᠬᠤ ᠭᠡᠰᠡᠨ ᠶᠤᠮ ᠪᠢ︾  ᠭᠡᠵᠤ  ᠠᠪᠤ  ᠡᠵᠢ ᠶᠢᠨ ᠢᠶᠠᠨ  ᠰᠠᠶᠢᠨ ᠢᠶᠠᠷ  ᠠᠯᠠᠭ ᠳᠡᠯᠡᠬᠡᠢ ᠳᠤ  ᠠᠩᠬ᠎ᠠ  ᠨᠢᠯᠬ᠎ᠠ ᠶᠢᠨ  ᠳᠠᠭᠤᠨ ᠢᠶᠠᠨ  ᠦᠯᠡᠳᠡᠭᠡᠭᠰᠡᠨ ᠠᠴᠠ  ᠠᠪᠤᠭᠠᠳ  ᠤᠯᠠᠨ   ᠵᠦᠢᠯ ᠤᠨ   ᠬᠠᠶᠢᠷ᠎ᠠ ᠳᠤ ᠪᠦᠪᠠᠶᠢᠯᠡᠭᠳᠡᠨ ᠬᠤᠷᠸ᠎ᠠ ᠶᠢᠨ ᠡᠨᠡᠦᠬᠡᠨ ᠵᠠᠢ ᠳᠤ ᠡᠰᠡᠨᠢᠨ ᠪᠤᠶᠢᠵᠢᠵᠤ ᠪᠤᠢ᠃ ᠡᠴᠢᠭᠡ ᠡᠬᠡ ᠶᠢᠨ ᠬᠠᠶᠢᠷ᠎ᠠ᠂ ᠪᠠᠭᠰᠢ ᠨᠦᠬᠦᠳ ᠤᠨ ᠬᠠᠶᠢᠷ᠎ᠠ᠁ ᠨᠠᠳᠠ ᠳᠤ ᠡᠴᠢᠨᠡᠨ ᠤᠯᠠᠨ ᠬᠠᠶᠢᠷ᠎ᠠ ᠬᠦᠷᠲᠡᠭᠡᠭᠰᠡᠨ ᠤ ᠬᠠᠷᠢᠭᠤ ᠳᠤ  ᠠᠯᠢ ᠨᠢ  ᠴᠤ  ᠦᠴᠦᠬᠡᠨ  ᠵᠢᠷᠦᠬᠡᠨ ᠳᠤ ᠬᠠᠳᠠᠩᠰᠢᠬᠤ ᠴᠢᠬᠤᠯᠠᠲᠠᠢ᠃ ᠠᠯᠢᠪᠠ ᠶᠢ ᠤᠯᠭᠤᠭᠰᠠᠨ ᠠᠭᠤᠤ ᠡᠬᠡ ᠶᠢᠨ ᠬᠠᠶᠢᠷ᠎ᠠ ᠮᠠᠨᠢ ᠠᠮᠢ ᠨᠠᠰᠤᠨ ᠤ ᠮᠢᠨᠢ ᠠᠯᠲᠠᠨ ᠠᠶᠠᠯᠭᠤ ᠪᠤᠯᠬᠤ ᠶᠤᠰᠤᠲᠠᠢ᠃ ︽ᠡᠵᠢ ᠮᠢᠨᠢ ᠨᠠᠮᠠᠢᠢ ᠲᠦᠷᠦᠬᠦ ᠳᠤ ᠪᠠᠨ  ᠬᠠᠨ᠎ᠠ ᠶᠢᠨ  ᠦᠳᠡᠭᠡᠷᠢ ᠶᠢ  ᠲᠠᠰᠤ  ᠦᠰᠦᠷᠲᠡᠯ᠎ᠡ  ᠪᠠᠵᠠᠵᠤ᠂ ᠡᠷᠡᠳᠡᠭᠦᠨ ᠰᠢᠷᠭᠠᠯ ᠴᠤᠬᠢᠶ᠎ᠠ ᠶᠢ ᠡᠩᠭᠡᠷ ᠠᠴᠠ ᠨᠢ ᠮᠡᠭᠰᠢᠲᠡᠯ᠎ᠡ ᠶᠤᠤᠯᠠᠭᠰᠠᠨ︾ ᠭᠡᠳᠡᠭ᠃ ᠭᠠᠯᠪᠠ ᠳᠡᠯᠡᠬᠡᠢ ᠶᠢᠨ ᠠᠯᠢᠪᠠ  ᠰᠠᠶᠢᠨ ᠰᠠᠶᠢᠬᠠᠨ ᠤ ᠡᠬᠢ ᠪᠤᠯᠤᠭᠰᠠᠨ᠂ ᠠᠷᠢᠭᠤᠨ ᠴᠠᠭᠠᠨ ᠬᠠᠶᠢᠷ᠎ᠠ ᠶᠢᠨ ᠦᠨᠡᠨ ᠪᠦᠷᠢᠯᠸ᠎ᠠ ᠪᠤᠯᠤᠭᠰᠠᠨ ᠡᠵᠢ ᠳᠤ ᠪᠠᠨ  ᠪᠢ  ᠦᠨᠢᠳᠡ ᠲᠠᠯᠠᠷᠬᠠᠬᠤ ᠶᠤᠰᠤᠲᠠᠢ᠃ ᠮᠤᠳᠤᠨ ᠦᠯᠦᠭᠡᠢ ᠳᠤ ᠪᠠᠨ ᠤᠬᠢᠯᠠᠨ ᠰᠡᠷᠡᠬᠦ ᠳᠤ ᠮᠤᠷᠢ ᠶᠢ ᠤᠶᠠᠷᠠᠲᠠᠯ᠎ᠠ  ᠵᠦᠭᠡᠯᠡᠨ  ᠪᠦᠪᠠᠶᠢᠯᠡᠭᠰᠡᠨ ᠡᠵᠢ᠂ ᠦᠷᠯᠦᠭᠡ ᠦᠳᠡᠰᠢ ᠶᠢᠨ  ᠬᠦᠢᠲᠡᠨ ᠳᠤ ᠪᠠᠨ  ᠦᠵᠡᠵᠤ  ᠠᠩᠬᠠᠷᠤᠭᠰᠠᠨ  ᠡᠵᠢ  ᠮᠢᠨᠢ᠂  ᠪᠤᠭᠴᠤ ᠪᠠᠨ  ᠡᠭᠦᠷᠦᠭᠡᠳ ᠠᠯᠤᠰ ᠲᠤ ᠶᠠᠪᠤᠬᠤ ᠳᠤ ᠪᠤᠷᠪᠢ ᠪᠠᠨ ᠴᠢᠯᠡᠲᠡᠯ᠎ᠡ ᠪᠠᠷᠠᠯᠠᠵᠤ ᠬᠤᠴᠤᠷᠤᠭᠰᠠᠨ ᠡᠵᠢ᠂  ᠠᠳᠬᠤ  ᠰᠢᠬᠢᠷ  ᠬᠡᠳᠦᠬᠡᠨ  ᠪᠤᠷᠠᠮ ᠢᠶᠠᠨ ᠤᠯᠴᠢᠬᠠᠭᠠᠳ ᠦᠷ᠎ᠡ ᠪᠠᠨ ᠬᠦᠯᠢᠶᠡᠳᠡᠭ ᠡᠵᠢ᠁ ᠡᠨᠡ ᠪᠦᠬᠦᠨ ᠢ  ᠪᠤᠳᠤᠬᠤ ᠲᠠᠢ  ᠵᠡᠷᠭᠡ  ᠡᠯᠢᠭᠡ  ᠵᠢᠷᠦᠬᠡ  ᠳᠤᠭᠳᠤᠯᠵᠤ᠂ ᠪᠠᠶᠠᠷᠯᠠᠵᠤ ᠲᠠᠯᠠᠷᠬᠠᠭᠰᠠᠨ ᠨᠢᠯᠪᠤᠰᠤᠨ ᠳᠤᠰᠤᠯ ᠬᠠᠮᠠᠷ ᠢ ᠬᠠᠪᠴᠢᠨ ᠤᠷᠤᠰᠤᠨ᠎ᠠ᠁        ︽ᠪᠤᠲᠤᠩ ᠲᠠᠢ ᠶᠦ ᠪᠤᠭᠤᠷᠤᠯ ᠬᠤᠷᠸ᠎ᠠ ᠳᠤ ᠪᠠᠨ ᠪᠦᠪᠠᠶᠢᠯᠡᠵᠤ ᠦᠰᠭᠡᠭᠰᠡᠨ ᠡᠵᠢ ᠮᠢᠨᠢ  ᠳ᠋ᠠ  ᠪᠤᠷᠤᠭᠤ  ᠶᠦ  ᠵᠦᠪ ᠬᠤᠶᠠᠷ ᠢ ᠤᠬᠠᠭᠠᠷᠠᠭᠤᠯᠵᠤ ᠦᠰᠭᠡᠭᠰᠡᠨ ᠡᠵᠢ  ᠮᠢᠨᠢ  ᠳ᠋ᠠ︾  ᠭᠡᠬᠦ  ᠳᠠᠭᠤᠤ ᠶᠢ  ᠰᠤᠨᠤᠰᠬᠤ  ᠪᠦᠷᠢ  ᠪᠤᠭᠤᠷᠤᠯ  ᠡᠵᠢ ᠪᠠᠨ ᠰᠠᠨᠠᠭᠠᠯᠵᠠᠳᠠᠭ᠃ ᠠᠶᠢᠯ ᠭᠡᠷ ᠢᠶᠠᠨ ᠦᠭᠡᠳᠡ ᠲᠠᠲᠠᠬᠤ ᠭᠡᠵᠤ ᠠᠮᠢᠳᠤᠷᠠᠯ ᠤᠨ ᠬᠦᠨᠳᠦ  ᠠᠴᠢᠶ᠎ᠠ ᠶᠢ  ᠠᠷᠤ  ᠨᠢᠷᠤᠭᠤᠨ ᠳᠤ ᠪᠠᠨ ᠪᠦᠭᠲᠦ᠋ᠢᠲᠡᠯ᠎ᠡ ᠡᠭᠦᠷᠦᠭᠰᠡᠨ ᠬᠦᠮᠦᠨ ᠪᠤᠯ ᠡᠵᠢ᠃ ᠠᠰᠬᠠᠨ ᠨᠢᠷᠤᠭᠤ ᠪᠠᠨ ᠬᠦᠰᠢᠲᠡᠯ᠎ᠡ  ᠠᠷᠪᠠᠨ  ᠬᠤᠷᠤᠭᠤ ᠪᠠᠨ  ᠡᠪᠡᠷᠰᠢᠲᠡᠯ᠎ᠡ ᠶᠠᠪᠤᠭᠰᠠᠨ ᠬᠦᠮᠦᠨ ᠪᠤᠯ ᠡᠵᠢ᠃ ᠮᠠᠶᠢᠵᠢᠬᠢ ᠭᠤᠷᠪᠠᠨ ᠲᠠᠰᠤᠯᠭ᠎ᠠ ᠸᠠᠭᠠᠷ ᠤᠨ ᠭᠡᠷ ᠲᠠᠢ᠂ ᠨᠢᠳᠤᠨ ᠤ ᠬᠢᠨᠢ ᠪᠤᠯᠤᠷ᠂ ᠵᠢᠷᠦᠬᠡᠨ ᠤ ᠬᠢᠨᠢ ᠰᠤᠯᠢᠷ ᠪᠤᠯᠤᠭᠰᠠᠨ ᠦᠷ᠎ᠡ ᠶᠢᠨ ᠭᠠᠭᠴᠠ ᠬᠦᠦ ᠲᠠᠢ᠂ ᠬᠦᠮᠦᠨ ᠤ  ᠳᠤᠮᠳᠠ  ᠬᠦᠷᠦᠩᠭᠡ  ᠴᠤᠭᠯᠠᠭᠤᠯᠬᠤ ᠶᠢ  ᠬᠦᠰᠡᠭᠰᠡᠨ ᠦᠭᠡᠢ᠂ ᠬᠠᠷᠢᠨ ᠲᠦᠢᠳᠭᠡᠷ ᠦᠷ᠎ᠡ ᠲᠠᠢ ᠪᠠᠨ ᠪᠠᠶᠠᠰᠴᠤ ᠶᠠᠪᠤᠭᠰᠠᠨ ᠬᠦᠮᠦᠨ ᠪᠤᠯ ᠮᠢᠨᠦ ᠡᠵᠢ᠃  ᠬᠠᠨ  ᠠᠭᠤᠯᠠ ᠶᠢ  ᠴᠠᠰᠤ ᠳᠠᠷᠤᠵᠤ᠂ ᠬᠠᠶᠢᠷᠠᠨ ᠡᠵᠢ ᠶᠢ ᠨᠠᠰᠤ ᠳᠠᠷᠤᠵᠤ ᠰᠢᠤ︕ ᠭᠠᠭᠴᠠ ᠦᠷ᠎ᠡ ᠶᠢᠨ ᠢᠶᠠᠨ ᠲᠦᠯᠦᠭᠡ ᠭᠠᠯ ᠵᠠᠯᠠᠭᠤ ᠨᠠᠰᠤ᠂  ᠭᠠᠩᠭᠠᠩ ᠰᠠᠶᠢᠬᠠᠨ ᠪᠡᠶ᠎ᠡ ᠪᠠᠷ ᠢᠶᠠᠨ ᠵᠢᠳᠭᠦᠭᠰᠡᠭᠡᠷ ᠢᠷᠡᠭᠰᠡᠨ ᠰᠢᠤ︕ ᠡᠵᠢ ᠮᠢᠨᠢ᠂  ᠠᠮᠢᠳᠤᠷᠠᠯ ᠤᠨ  ᠠᠶᠠᠨ ᠳᠤ  ᠮᠦᠩᠬᠡ ᠶᠢᠨ  ᠨᠠᠷᠠ ᠪᠤᠯᠵᠤ ᠭᠡᠷᠡᠯᠲᠦᠭᠰᠡᠨ᠃ ︽ᠠᠪᠤ ᠶᠢᠨ ᠭᠡᠷ ᠲᠤ ᠲᠦᠷᠦᠭᠰᠡᠨ ᠬᠦᠦ ᠠᠪᠤ ᠶᠢᠨ ᠭᠡᠷ ᠲᠤ ᠦᠲᠡᠯᠳᠡᠭ ᠦᠭᠡᠢ︾  ᠭᠡᠵᠤ  ᠤᠬᠠᠭ᠎ᠠ ᠤᠷᠤᠮᠠᠭᠴᠠ ᠠᠷᠤ ᠭᠡᠷ ᠠᠴᠠ ᠪᠠᠨ ᠰᠠᠯᠵᠤ ᠪᠢᠴᠢᠭ ᠰᠤᠶᠤᠯ ᠤᠨ ᠮᠦᠷ ᠢ ᠬᠦᠭᠡᠭᠡᠬᠦ ᠪᠤᠯᠤᠯ᠎ᠠ᠃ ︽ᠲᠦᠭ  ᠲᠦᠮᠡᠨ  ᠬᠦᠮᠦᠨ ᠤ ᠲᠡᠭ ᠳᠤᠮᠳᠠᠭᠤᠷ ᠨᠢ ᠪᠢᠰᠢ ᠲᠡᠷᠢᠭᠦᠨ ᠳᠤ ᠨᠢ ᠴᠡᠭᠡᠵᠢ ᠲᠦᠷᠢᠨ ᠶᠠᠪᠤ ᠡ᠂ ᠮᠢᠨᠦ ᠬᠦᠦ᠂ ᠬᠦᠮᠦᠨ ᠰᠢᠭ  ᠬᠦᠮᠦᠨ  ᠪᠤᠯᠤᠭᠠᠷᠠᠢ᠂ ᠬᠡᠭᠡᠷ᠎ᠡ ᠶᠢᠨ ᠭᠠᠯᠠᠭᠤ ᠨᠢᠰᠦᠭᠡᠳ ᠬᠦᠷᠬᠦ ᠦᠭᠡᠢ ᠭᠠᠵᠠᠷ ᠠᠴᠠ ᠬᠦᠮᠦᠨ ᠤ ᠬᠦᠦ ᠡᠷᠳᠡᠨᠢ ᠡᠪᠦᠷᠯᠡᠵᠤ ᠢᠷᠡᠨ᠎ᠡ ᠰᠢᠤ᠂ ᠮᠢᠨᠦ ᠬᠦᠦ ᠴᠢᠷᠮᠠᠶᠢᠭᠠᠷᠠᠢ︕︾ ᠭᠡᠵᠤ ᠵᠠᠬ᠎ᠠ ᠶᠢᠨ ᠬᠦᠬᠡ ᠮᠦᠴᠢᠷ ᠢ ᠨᠠᠮᠠᠰᠬᠢᠲᠡᠯ᠎ᠡ ᠡᠨᠡᠷᠢᠯᠲᠦ ᠡᠵᠢ ᠮᠢᠨᠢ ᠵᠠᠬᠢᠭᠰᠠᠨ᠃  ᠭᠡᠲᠡᠯ᠎ᠡ᠂  ᠡᠷᠢᠶᠡᠨ ᠪᠠᠷᠠᠭᠠᠨ ᠬᠤᠷᠸ᠎ᠠ ᠶᠢᠨ ᠡᠯ᠎ᠡ ᠪᠤᠯᠭᠠᠨ ᠦᠭᠶᠦᠭᠡᠲᠦᠯ ᠢ ᠬᠦᠦ ᠴᠢᠨᠢ ᠲᠡᠰᠴᠤ ᠴᠢᠳᠠᠭᠰᠠᠨ  ᠦᠭᠡᠢ  ᠲᠠᠨ ᠢ ᠪᠠᠨ  ᠵᠤᠪᠠᠭᠠᠯ᠎ᠠ᠃ ᠦᠳᠡᠰᠢ ᠶᠢᠨ ᠴᠡᠩᠭᠡᠬᠦᠨ ᠤ ᠭᠠᠵᠠᠷ ᠦᠶ᠎ᠡ ᠶᠢᠨ ᠬᠤᠩᠭᠤᠷ ᠲᠠᠢ ᠪᠠᠨ ᠨᠠᠭᠠᠯᠢᠩᠬᠠᠶᠢᠳᠤᠨ ᠴᠡᠩᠭᠡᠵᠤ ᠶᠠᠪᠤᠭᠰᠠᠨ ᠨᠢ  ᠪᠤᠷᠤᠭᠤ᠃ ᠬᠦᠴᠦ ᠪᠠᠨ ᠰᠢᠪᠬᠠᠨ᠂ ᠬᠦᠯᠦᠰᠦ ᠪᠠᠨ ᠤᠷᠤᠰᠬᠠᠨ ᠤᠯᠵᠤ ᠪᠠᠶᠢᠭ᠎ᠠ ᠬᠡᠮᠵᠢᠶᠡᠲᠠᠶᠢᠬᠠᠨ ᠵᠤᠭᠤᠰ ᠢ ᠴᠢᠨᠢ  ᠤᠰᠤ  ᠴᠠᠰᠤ  ᠰᠢᠬ ᠪᠦᠷᠢᠯᠭᠡᠵᠤ ᠪᠠᠶᠢᠬᠤ ᠨᠢ ᠮᠢᠨᠦ ᠪᠤᠷᠤᠭᠤ᠃ ᠰᠦᠨᠢᠵᠢᠨ ᠨᠠᠭᠠᠳᠤᠮ ᠳᠤ  ᠰᠢᠨᠤᠵᠤ᠂  ᠡᠳᠦᠷᠵᠢᠨ  ᠰᠦᠨᠡᠰᠦ  ᠦᠭᠡᠢ  ᠭᠡᠶᠤᠷᠡᠵᠤ ᠶᠠᠪᠤᠬᠤ ᠨᠢ ᠮᠢᠨᠦ ᠪᠤᠷᠤᠭᠤ᠃  ᠪᠠᠶᠢᠨ  ᠪᠠᠶᠢᠨ  ᠤᠲᠠᠰᠤᠴᠢᠬᠠᠭᠠᠳ  ︽ᠬᠦᠦ  ᠴᠢᠨᠢ  ᠪᠤᠯᠵᠤ  ᠪᠠᠶᠢᠨ᠎ᠠ︾  ᠭᠡᠵᠤ  ᠡᠷᠭᠢᠭᠦᠦ ᠳᠤᠩᠭᠤᠳᠤᠭᠰᠠᠨ ᠨᠢ ᠮᠢᠨᠦ ᠪᠤᠷᠤᠭᠤ᠃        ᠠᠷᠪᠠᠨ ᠵᠢᠯ ᠪᠢᠴᠢᠭ ᠰᠤᠶᠤᠯ ᠤᠨ ᠵᠠᠮ ᠮᠦᠷ ᠢ ᠬᠦᠭᠡᠭᠡᠭᠰᠡᠨ ᠴᠤ ᠰᠠᠨᠠᠭᠠᠨ ᠳᠤ ᠪᠠᠨ ᠲᠤᠯᠲᠠᠯ᠎ᠠ ᠠᠮᠵᠢᠯᠲᠠ ᠤᠯᠤᠭ᠎ᠠ ᠦᠭᠡᠢ ᠨᠢ ᠮᠢᠨᠦ ᠪᠤᠷᠤᠭᠤ᠃ ᠡᠨᠡ ᠪᠦᠬᠦᠨ ᠢ  ᠪᠤᠳᠤᠬᠤ ᠲᠠᠢ  ᠵᠡᠷᠭᠡ  ᠭᠡᠮᠰᠢᠯ  ᠬᠠᠷᠠᠮᠰᠠᠯ ᠤᠨ  ᠨᠢᠯᠪᠤᠰᠤ  ᠬᠤᠶᠠᠷ  ᠨᠢᠳᠦ ᠶᠢ ᠪᠦᠷᠬᠦᠳᠡᠭ᠃ ︽ᠠᠰᠠᠷᠠᠯᠲᠦ ᠠᠪᠤ ᠶᠢᠨ ᠭᠠᠰᠢᠭᠤᠨ ᠰᠡᠭᠦᠷᠡᠰᠦ ᠠᠰᠬ᠎ᠠ ᠬᠠᠳᠠᠨ ᠤ ᠬᠦᠢᠲᠡᠨ  ᠰᠢᠭᠤᠷᠭ᠎ᠠ  ᠡᠨᠡᠷᠢᠯᠲᠦ  ᠡᠵᠢ ᠶᠢᠨ ᠨᠢᠳᠤᠨ ᠤ ᠨᠢᠯᠪᠤᠰᠤ ᠡᠭᠡᠷᠡᠮ᠎ᠡ ᠲᠠᠯ᠎ᠠ ᠶᠢᠨ ᠨᠠᠭᠤᠷ ᠴᠦᠬᠦᠷᠤᠮ︾ ᠭᠡᠳᠡᠭᠴᠢᠯᠡᠨ ᠦᠷ᠎ᠡ ᠨᠢ ᠲᠠᠨ ᠳᠤ ᠪᠠᠨ ᠠᠮᠠᠯᠠᠵᠤ  ᠪᠠᠶᠢᠨ᠎ᠠ᠃ ᠲᠡᠵᠢᠭᠡᠭᠰᠡᠨ ᠪᠢᠷᠠᠭᠤ ᠲᠡᠷᠭᠡ ᠡᠪᠳᠡᠬᠦ ᠶᠤᠰᠤ ᠦᠭᠡᠢ᠃ ᠤᠷᠴᠢᠯᠠᠩ ᠳᠡᠯᠡᠬᠡᠢ ᠳᠤ ᠬᠠᠮᠤᠭ ᠤᠨ ᠠᠷᠢᠭᠤᠨ ᠴᠠᠭᠠᠨ᠂  ᠬᠠᠮᠤᠭ ᠤᠨ ᠠᠭᠤᠤ ᠶᠡᠭᠡ ᠬᠤᠯᠢᠰᠢ ᠦᠭᠡᠢ ᠬᠠᠶᠢᠷ᠎ᠠ ᠶᠢᠨ ᠴᠢᠨᠢ ᠬᠠᠷᠢᠭᠤ ᠳᠤ ᠦᠷ᠎ᠡ ᠴᠢᠨᠢ ᠪᠢ ᠴᠢᠷᠮᠠᠶᠢᠬᠤ ᠵᠤᠷᠢᠭ ᠪᠡᠯᠡᠬᠡᠨ ᠪᠠᠶᠢᠨ᠎ᠠ᠃         ᠵᠤᠬᠢᠶᠠᠭᠴᠢ᠄ ᠰᠢᠨᠵᠢᠯᠠ ︵ᠤᠯᠠᠭᠠᠨᠬᠤᠲᠠ ᠬᠤᠶᠠᠳᠤᠭᠠᠷ ᠳᠤᠮᠳᠠᠳᠦ ᠰᠤᠷᠭᠠᠭᠤᠯᠢ ᠶᠢᠨ ᠦᠨᠳᠤᠷ ᠬᠤᠶᠠᠷ ᠤᠨ ᠭᠤᠷᠪᠠ︶         ᠵᠢᠯᠤᠭᠤᠳᠤᠭᠰᠠᠨ ᠪᠠᠭᠰᠢ᠄ ᠵᠧᠦ ᠸᠧᠨ ᠰᠢᠶᠠᠩ
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号