ᠥᠪᠥᠷ ᠮᠣᠩᠭᠤᠯ ᠤᠨ ᠡᠳᠦᠷ ᠤᠨ ᠰᠣᠨᠢᠨ ᠤ ᠮᠡᠳᠡᠭᠡ ︵ᠰᠤᠷᠪᠤᠯᠵᠢᠯᠠᠭᠴᠢ ᠤᠷᠭᠤᠮᠠᠯ︶ 8 ᠰᠠᠷ᠎ᠠ ᠶᠢᠨ | 21 ᠤ ᠤᠷᠤᠢ᠂ ᠦᠪᠡᠷᠳᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠤᠬᠠᠭᠤᠯᠬᠤ ᠭᠡᠯᠳᠡᠰ ᠭᠤᠤᠯᠯᠠᠨ | ᠡᠷᠬᠢᠯᠡᠭᠰᠡᠨ ︽ᠬᠦᠰᠡᠯᠡᠩ ᠤᠨ ᠬᠦᠯᠦᠭ ᠬᠡᠶᠢᠮᠦᠷᠢ ᠶᠢᠨ ᠬᠤᠷᠤᠢ︾ ᠠᠩᠬᠠᠳᠤᠭᠠᠷ ᠬᠤᠭᠤᠴᠠᠭᠠᠨ ᠤ ᠤᠳᠬ᠎ᠠ | ᠵᠣᠬᠢᠶᠠᠯ ᠤᠨ ᠰᠤᠨᠢᠷᠬᠠᠮᠵᠢ ᠶᠢᠨ ᠴᠢᠭᠤᠯᠭᠠᠨ ᠬᠥᠬᠡᠬᠤᠲᠠ ᠳᠤ ᠶᠠᠪᠤᠭᠳᠠᠵᠠᠢ᠃ | ᠰᠤᠨᠢᠷᠬᠠᠮᠵᠢ ᠶᠢᠨ ᠴᠢᠭᠤᠯᠭᠠᠨ ᠨᠢ ᠨᠢᠭᠡᠳᠦᠭᠡᠷ ᠪᠦᠯᠦᠭ ︽ᠬᠦᠰᠡᠯᠡᠩ ᠤᠨ ᠬᠦᠯᠦᠭ︾ — ᠮᠣᠩᠭᠤᠯ | ᠮᠣᠷᠢᠨ ᠤ ᠵᠠᠩ ᠴᠢᠨᠠᠷ᠂ ᠬᠤᠶᠠᠳᠤᠭᠠᠷ ᠪᠦᠯᠦᠭ ︽ᠬᠡᠶᠢᠮᠦᠷᠢ ᠶᠢᠨ ᠬᠤᠷᠤᠢ︾ — ᠮᠢᠨᠤ ᠮᠤᠩᠭᠤᠯ ᠮᠤᠷᠢ᠂ | ᠭᠤᠷᠪᠠᠳᠤᠭᠠᠷ ᠪᠦᠯᠦᠭ ︽ᠰᠢᠨ᠎ᠡ ᠴᠠᠭ ᠦᠶ᠎ᠡ ᠶᠢᠨ ᠮᠠᠭᠳᠠᠭᠤ︾ — ᠮᠤᠩᠭᠤᠯ ᠮᠣᠷᠢᠨ ᠤ ᠵᠤᠷᠢᠭ ᠰᠠᠨᠠᠭ᠎ᠠ ᠭᠡᠬᠦ | ᠭᠤᠷᠪᠠᠨ ᠪᠦᠯᠦᠭ ᠢᠶᠠᠷ ᠪᠦᠷᠢᠯᠳᠦᠵᠠᠢ᠃ ᠨᠢᠭᠡᠳᠦᠭᠡᠷ ᠪᠦᠯᠦᠭ ᠲᠤ᠂ ᠬᠡᠰᠡᠭ ᠡᠯᠰᠡᠭᠰᠡᠨ ᠰᠢᠯᠦᠭ ᠢ ᠰᠤᠩᠭᠤᠵᠦ᠂ | ᠪᠦᠲᠦᠭᠡᠯ ᠢ ᠤᠷᠢᠳᠠᠪᠠᠷ ᠰᠤᠨᠢᠷᠬᠠᠵᠦ ᠳᠠᠷᠠᠭ᠎ᠠ ᠨᠢ ᠤᠶᠠᠩᠭᠠᠯᠠᠨ ᠳᠠᠬᠢᠨ ᠵᠠᠳᠠᠯᠬᠤ ᠳᠠᠷᠠᠭᠠᠯᠠᠯ ᠢᠶᠠᠷ ᠶᠠᠪᠤᠭᠳᠠᠵᠦ᠂ | ᠬᠦᠮᠦᠰ ᠤᠨ ᠰᠡᠳᠬᠢᠯ ᠢ ᠬᠦᠨᠳᠡᠭᠰᠡᠨ ᠠᠭᠤᠯᠭ᠎ᠠ ᠶᠢ ᠶᠠᠷᠢᠵᠦ᠂ ᠤᠳᠬ᠎ᠠ ᠵᠣᠬᠢᠶᠠᠯ ᠤᠨ ᠷᠢᠳᠢ ᠰᠢᠳᠢ ᠶᠢ | ᠭᠠᠶᠢᠬᠠᠭᠤᠯᠵᠠᠢ︔ ᠬᠤᠶᠠᠳᠤᠭᠠᠷ ᠪᠦᠯᠦᠭ ᠲᠤ᠂ ᠬᠦᠮᠦᠨ ᠪᠠ ᠮᠣᠷᠢᠨ ᠤ ᠦᠯᠢᠭᠡᠷ᠂ ᠴᠠᠭ ᠦᠶ᠎ᠡ ᠶᠢᠨ ᠦᠯᠢᠭᠡᠷ ᠢ | ᠶᠠᠷᠢᠬᠤ ᠪᠠᠷ ᠳᠠᠮᠵᠢᠭᠤᠯᠤᠨ᠂ ︽ᠬᠦᠮᠦᠨ ᠪᠠ ᠮᠤᠷᠢ︾ ᠶᠢᠨ ᠬᠠᠶᠢᠷ᠎ᠠ ᠰᠡᠳᠬᠢᠯᠭᠡ ᠶᠢᠨ ᠤᠳᠬ᠎ᠠ ᠵᠤᠬᠢᠶᠠᠯ ᠤᠨ | ᠪᠦᠲᠦᠭᠡᠯ ᠢ ᠰᠤᠨᠢᠷᠬᠠᠭᠤᠯᠵᠦ᠂ ᠲᠠᠯ᠎ᠠ ᠨᠤᠲᠤᠭ ᠤᠨ ᠠᠷᠠᠳ ᠲᠦᠮᠡᠨ ᠤ ᠳᠤᠮᠳᠠᠳᠦ ᠶᠢᠨ ᠦᠨᠳᠦᠰᠦᠲᠡᠨ ᠤ ᠠᠭᠤᠤ | ᠶᠡᠭᠡ ᠰᠡᠷᠬᠦᠭᠡᠨ ᠮᠠᠨᠳᠤᠯᠲᠠ ᠶᠢᠨ ᠲᠦᠯᠦᠭᠡ ᠮᠠᠷᠠᠶᠢᠨ ᠳᠡᠮᠡᠴᠡᠬᠦ ᠴᠠᠭ ᠦᠶ᠎ᠡ ᠶᠢᠨ ᠬᠥᠭ ᠠᠶᠢᠵᠠᠮ ᠢ ᠴᠢᠪᠬᠠᠳᠠᠵᠠᠢ︔ | ᠭᠤᠷᠪᠠᠳᠤᠭᠠᠷ ᠪᠦᠯᠦᠭ ᠲᠤ᠂ ᠲᠡᠦᠭᠡ | ᠪᠠᠨ ᠡᠷᠬᠢᠴᠡᠬᠦᠯᠵᠦ ᠢᠷᠡᠭᠡᠳᠦᠢ ᠪᠠᠨ ᠪᠠᠷᠠᠯᠠᠨ᠂ ᠰᠢᠯᠢᠳᠡᠭ ᠤᠷᠤᠨ ᠪᠦᠰᠡ ᠶᠢᠨ ᠰᠤᠶᠤᠯ ᠢ ᠤᠯᠠᠮᠵᠢᠯᠠᠨ | ᠳᠠᠮᠵᠢᠭᠤᠯᠵᠦ᠂ ︽ᠮᠤᠩᠭᠤᠯ ᠮᠤᠷᠢᠨ ᠤ ᠵᠤᠷᠢᠭ ᠰᠠᠨᠠᠭ᠎ᠠ︾ ᠶᠢ ᠶᠡᠭᠡ ᠪᠠᠷ ᠪᠠᠳᠠᠷᠠᠭᠤᠯᠵᠠᠢ᠃ | ︽︿ᠬᠦᠰᠡᠯᠡᠩ ᠤᠨ ᠬᠦᠯᠦᠭ᠂ ᠬᠡᠶᠢᠮᠦᠷᠢ ᠶᠢᠨ ᠬᠤᠷᠤᠢ﹀ ᠠᠩᠬᠠᠳᠤᠭᠠᠷ ᠬᠤᠭᠤᠴᠠᠭᠠᠨ ᠤ ᠤᠳᠬ᠎ᠠ | ᠵᠤᠬᠢᠶᠠᠯ ᠤᠨ ᠰᠤᠨᠢᠷᠬᠠᠮᠵᠢ ᠶᠢᠨ ᠴᠢᠭᠤᠯᠭᠠᠨ ᠨᠢ ᠮᠤᠩᠭᠤᠯ ᠮᠣᠷᠢᠨ ᠤ ᠵᠤᠷᠢᠭ ᠰᠠᠨᠠᠭ᠎ᠠ ᠶᠢ ᠪᠠᠳᠠᠷᠠᠭᠤᠯᠬᠤ ᠪᠠᠷ ᠭᠤᠤᠯ | ᠰᠡᠳᠦᠪ ᠪᠤᠯᠭᠠᠵᠦ᠂ ᠮᠤᠩᠭᠤᠯ ᠮᠣᠷᠢᠨ ᠤ ᠵᠠᠩ ᠴᠢᠨᠠᠷ ᠪᠠ ᠬᠠᠶᠢᠷ᠎ᠠ ᠰᠡᠳᠬᠢᠯᠭᠡ ᠪᠠᠷ ᠰᠢᠵᠢᠮᠯᠠᠵᠦ᠂ ᠬᠤᠶᠢᠮᠤᠷ ᠲᠤ | ᠰᠠᠭᠠᠳᠠᠭᠰᠠᠨ ᠵᠤᠴᠢᠳ ᠤᠳᠬ᠎ᠠ ᠵᠤᠬᠢᠶᠠᠯ ᠤᠨ ᠰᠤᠳᠤᠨ ᠪᠦᠲᠦᠭᠡᠯ ᠤᠶᠠᠩᠭᠠᠯᠠᠨ᠂ ᠨᠡᠷᠡᠳᠦ ᠬᠦᠮᠦᠰ ᠮᠤᠩᠭᠤᠯ | ᠮᠤᠷᠢ ᠳᠤ ᠳᠤᠳᠤᠷᠬᠠᠢᠢᠯᠠᠯᠳᠠ ᠦᠭᠴᠦ᠂ ᠵᠤᠬᠢᠶᠠᠯᠴᠢ ᠮᠤᠩᠭᠤᠯ ᠮᠣᠷᠢᠨ ᠤ ᠵᠣᠷᠢᠭ ᠰᠠᠨᠠᠭᠠᠨ ᠤ ᠠᠭᠤᠯᠬᠤᠨ ᠳᠤ | ᠲᠠᠶᠢᠯᠪᠤᠷᠢ ᠬᠢᠵᠦ᠂ ᠰᠤᠨᠢᠷᠬᠠᠬᠤ ᠪᠤᠯᠤᠨ ᠤᠶᠠᠩᠭᠠᠯᠠᠬᠤ ᠶᠢᠨ ᠬᠡᠯᠪᠡᠷᠢ ᠪᠠᠷ ᠤᠳᠬ᠎ᠠ ᠵᠤᠬᠢᠶᠠᠯ ᠢ ᠨᠡᠩ ᠬᠦᠨᠵᠡᠭᠡᠢ | ᠨᠡᠩ ᠪᠠᠶᠠᠯᠢᠭ ᠪᠤᠯᠭᠠᠵᠦ ᠴᠢᠳᠠᠵᠠᠢ᠃ ᠪᠢᠳᠡ 7 ᠰᠠᠷ᠎ᠠ ᠶᠢᠨ ᠡᠬᠢ ᠠᠴᠠ ᠡᠬᠢᠯᠡᠵᠦ ᠨᠢᠭᠡ ᠰᠠᠷ᠎ᠠ ᠬᠠᠭᠠᠰ | ᠭᠠᠷᠤᠢ ᠶᠢᠨ ᠴᠠᠭ ᠵᠠᠷᠤᠴᠠᠭᠤᠯᠵᠦ᠂ ᠨᠡᠶᠢᠳᠡ 200 ᠢᠯᠡᠬᠦᠦ ᠪᠦᠲᠦᠭᠡᠯ ᠬᠤᠷᠢᠶᠠᠨ ᠤᠯᠵᠦ᠂ | ᠰᠢᠯᠭᠠᠷᠠᠭᠤᠯᠤᠯᠳᠠ ᠪᠠᠷ 16 ᠪᠦᠲᠦᠭᠡᠯ ᠢ ᠰᠤᠩᠭᠤᠨ ᠭᠠᠷᠭᠠᠵᠠᠢ︾ ᠭᠡᠵᠦ ᠲᠤᠰ ᠤᠳᠠᠭᠠᠨ ᠤ ᠤᠳᠬ᠎ᠠ | ᠵᠤᠬᠢᠶᠠᠯ ᠤᠨ ᠰᠤᠨᠢᠷᠬᠠᠮᠵᠢ ᠶᠢᠨ ᠴᠢᠭᠤᠯᠭᠠᠨ ᠤ ᠤᠳᠤᠷᠢᠳᠤᠭᠠᠴᠢ ᠶᠤᠸᠠᠨ ᠶᠤᠸᠠᠨ ᠲᠠᠨᠢᠯᠴᠠᠭᠤᠯᠤᠨ᠎ᠠ᠃ | ︽ᠬᠦᠰᠡᠯᠡᠩ ᠤᠨ ᠬᠦᠯᠦᠭ᠂ ᠬᠡᠶᠢᠮᠦᠷᠢ ᠶᠢᠨ ᠬᠤᠷᠤᠢ︾ ᠠᠩᠬᠠᠳᠤᠭᠠᠷ ᠬᠤᠭᠤᠴᠠᠭᠠᠨ ᠤᠤᠳᠬ᠎ᠠ | ᠵᠤᠬᠢᠶᠠᠯ ᠤᠨ ᠰᠤᠨᠢᠷᠬᠠᠮᠵᠢ ᠶᠢᠨ ᠴᠢᠭᠤᠯᠭᠠᠨ ᠨᠢ 8 ᠰᠠᠷ᠎ᠠ ᠶᠢᠨ | 20 ᠤ ᠤᠷᠤᠢ ᠬᠢᠳᠠᠳ ᠬᠡᠯᠡ ᠪᠠᠷ ᠰᠢᠩᠭᠡᠭᠡᠨ ᠦᠢᠯᠡᠳᠴᠦ᠂ 8 ᠰᠠᠷ᠎ᠠ ᠶᠢᠨ 21 ᠤ ᠤᠷᠤᠢ ᠮᠣᠩᠭᠤᠯ ᠬᠡᠯᠡ ᠪᠠᠷ | ᠰᠢᠩᠭᠡᠭᠡᠨ ᠦᠢᠯᠡᠳᠪᠡ᠃ |