ᠰᠢᠨᠬᠤᠸᠠ ᠮᠤᠩᠭᠤᠯ ᠨᠧᠲ ᠬᠦᠬᠡᠬᠤᠲᠠ ᠶᠢᠨ 8 ᠰᠠᠷ᠎ᠠ ᠶᠢᠨ 19 ᠤ ᠡᠳᠦᠷ ᠤᠨ ᠴᠠᠬᠢᠯᠭᠠᠨ ᠮᠡᠳᠡᠭᠡ ︵ | ᠰᠠᠷᠠᠨᠲᠦᠶᠠᠭ᠎ᠠ︶ ︽ᠠᠩᠬᠠᠳᠠᠬᠴᠢ ᠬᠤᠭᠤᠴᠠᠭᠠᠨ ᠤ ᠦᠪᠦᠷ ᠮᠤᠩᠭᠤᠯ ᠤᠨ ᠤᠯᠠᠨ ᠤᠯᠤᠰ ᠤᠨ ᠠᠳᠤᠭᠤᠨ | ᠰᠤᠶᠤᠯ ᠤᠨ ᠦᠵᠡᠰᠭᠦᠯᠡᠩ︾ ᠤᠨ ᠰᠢᠷᠢᠰ ᠠᠵᠢᠯᠯᠠᠭ᠎ᠠ ᠶᠢᠨ ᠨᠢᠭᠡᠨ ᠪᠤᠯᠬᠤ ︽ᠮᠤᠩᠭᠤᠯ ᠮᠤᠷᠢᠨ ᠤ ᠵᠤᠷᠢᠬ | ᠰᠠᠨᠠᠭ᠎ᠠ ᠶᠢ ᠪᠠᠳᠠᠷᠠᠭᠤᠯᠬᠤ︾ ᠰᠢᠷᠢᠰ ᠨᠤᠮ᠂ ᠭᠤᠤᠯ ᠰᠡᠳᠦᠪᠲᠤ ᠳᠠᠭᠤᠤ ᠬᠦᠭᠵᠢᠮ ᠪᠦᠵᠢᠭ ᠤᠨ ᠡᠮᠬᠢᠳᠬᠡᠯ ᠵᠢᠴᠢ | ᠤᠷᠠᠯᠢᠬ ᠢᠯᠡ ᠵᠠᠬᠢᠳᠠᠯ ᠤᠨ ᠠᠩᠬ᠎ᠠ ᠲᠠᠷᠬᠠᠭᠠᠬᠤ ᠶᠤᠰᠤᠯᠠᠯ ᠥᠴᠥᠭᠡᠳᠦᠷ ᠤᠨ ᠦᠳᠡ ᠠᠴᠠ ᠡᠮᠦᠨ᠎ᠡ | ᠬᠦᠬᠡᠬᠤᠲᠠ ᠳᠤ ᠪᠤᠯᠵᠦ ᠦᠩᠭᠡᠷᠡᠪᠡ᠃ | ᠤᠶᠢᠯᠠᠭᠠᠬᠰᠠᠨ ᠢᠶᠠᠷ ᠡᠨᠡ ᠵᠢᠯ ᠤᠨ 4 ᠰᠠᠷ᠎ᠠ ᠠᠴᠠ ᠨᠠᠭᠠᠰᠢ ᠦᠪᠦᠷ ᠮᠤᠩᠭᠤᠯ ᠤᠨ ᠬᠡᠪᠯᠡᠯ ᠤᠨ ᠪᠦᠯᠦᠭᠯᠡᠯ᠂ | ᠦᠪᠦᠷ ᠮᠤᠩᠭᠤᠯ ᠤᠨ ᠺᠢᠨᠤ᠋ ᠶᠢᠨ ᠪᠦᠯᠦᠭᠯᠡᠯ᠂ ᠳᠤᠮᠳᠠᠳᠤ ᠤᠯᠤᠰ ᠤᠨ ᠰᠢᠤᠳᠠᠨ ᠤ ᠺᠤᠮᠫᠠᠨᠢ ᠶᠢᠨ ᠦᠪᠦᠷ | ᠮᠤᠩᠭᠤᠯ ᠳᠠᠬᠢ ᠰᠠᠯᠪᠤᠷᠢ ᠨᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ | ᠤᠬᠠᠭᠤᠯᠬᠤ ᠬᠡᠯᠲᠡᠰ ᠤᠨ ᠵᠤᠬᠢᠶᠠᠨ ᠪᠠᠶᠢᠭᠤᠯᠤᠯᠲᠠ ᠪᠠᠷ ︽ᠮᠤᠩᠭᠤᠯ ᠮᠤᠷᠢᠨ ᠤ ᠵᠤᠷᠢᠬ ᠰᠠᠨᠠᠭ᠎ᠠ ᠶᠢ ᠪᠠᠳᠠᠷᠠᠭᠤᠯᠬᠤ | ︾ ᠰᠢᠷᠢᠰ ᠨᠤᠮ᠂ ᠭᠤᠤᠯ ᠰᠡᠳᠦᠪᠲᠤ ᠳᠠᠭᠤᠤ ᠬᠦᠭᠵᠢᠮ ᠪᠦᠵᠢᠭ ᠤᠨ ᠡᠮᠬᠢᠳᠬᠡᠯ ᠵᠢᠴᠢ ᠤᠷᠠᠯᠢᠬ ᠢᠯᠡ ᠵᠠᠬᠢᠳᠠᠯ ᠢ | ᠪᠦᠲᠦᠭᠡᠵᠦ ᠡᠬᠢᠯᠡᠵᠡᠢ᠃ 4 ᠰᠠᠷ᠎ᠠ ᠶᠢᠨ ᠴᠢᠷᠮᠠᠶᠢᠯᠭ᠎ᠠ ᠪᠠᠷ᠂ ᠦᠪᠦᠷ ᠮᠤᠩᠭᠤᠯ ᠤᠨ ᠬᠡᠪᠯᠡᠯ ᠤᠨ ᠪᠦᠯᠦᠭᠯᠡᠯ ᠠᠴᠠ | ᠬᠡᠪᠯᠡᠭᠰᠡᠨ ︽ᠠᠳᠤᠭᠤᠨ ᠰᠤᠶᠤᠯ︾ ᠤᠨ ᠰᠢᠷᠢᠰ ᠨᠤᠮ᠂ ᠳᠤᠮᠳᠠᠳᠤ ᠤᠯᠤᠰ ᠤᠨ ᠰᠢᠤᠳᠠᠨ ᠤ ᠺᠤᠮᠫᠠᠨᠢ ᠶᠢᠨ ᠦᠪᠦᠷ | ᠮᠤᠩᠭᠤᠯ ᠳᠠᠬᠢ ᠰᠠᠯᠪᠤᠷᠢ ᠶᠢᠨ ᠪᠦᠲᠦᠭᠡᠭᠰᠡᠨ ᠢᠯᠡᠭᠡᠬᠦ ᠲᠦᠯᠦᠪᠦᠷᠢ ᠲᠠᠢ ᠵᠠᠬᠢᠳᠠᠯ ᠤᠨ ᠳᠤᠬᠲᠤᠢ ᠪᠤᠯᠤᠨ ᠢᠯᠡ | ᠵᠠᠬᠢᠳᠠᠯ᠂ ᠦᠪᠦᠷ ᠮᠤᠩᠭᠤᠯ ᠤᠨ ᠺᠢᠨᠤ᠋ ᠶᠢᠨ ᠪᠦᠯᠦᠭᠯᠡᠯ ᠠᠴᠠ ᠬᠡᠪᠯᠡᠭᠰᠡᠨ ᠳᠠᠭᠤᠤ ᠲᠦᠷᠰᠦ ᠶᠢᠨ ᠪᠦᠲᠦᠭᠡᠯ ᠪᠤᠯᠬᠤ | ︽ᠲᠦᠮᠡᠨ ᠠᠬᠳᠠ ᠶᠢᠨ ᠲᠦᠪᠡᠷᠭᠡᠨ -- ᠮᠤᠩᠭᠤᠯ ᠠᠳᠤᠭᠤᠨ ᠤ ᠭᠤᠤᠯ ᠰᠡᠳᠦᠪᠲᠤ ᠳᠠᠭᠤᠤ ᠬᠦᠭᠵᠢᠮ | ᠪᠦᠵᠢᠭ ᠤᠨ ᠡᠮᠬᠢᠳᠬᠡᠯ︾ ᠵᠡᠷᠭᠡ ᠨᠢ ᠡᠴᠦᠰ ᠲᠡᠭᠡᠨ ᠤᠩᠰᠢᠬᠴᠢ ᠪᠤᠯᠤᠨ ᠰᠤᠨᠤᠰᠢᠬᠴᠢᠳ ᠲᠠᠢ ᠵᠤᠯᠭᠠᠯ᠎ᠠ᠃ | ᠲᠠᠨᠢᠯᠴᠠᠭᠤᠯᠤᠬᠰᠠᠨ ᠢᠶᠠᠷ᠂ ᠦᠪᠦᠷ ᠮᠤᠩᠭᠤᠯ ᠤᠨ ᠬᠡᠪᠯᠡᠯ ᠤᠨ ᠪᠦᠯᠦᠭᠯᠡᠯ ᠠᠴᠠ ᠬᠡᠪᠯᠡᠭᠰᠡᠨ ︽ᠠᠳᠤᠭᠤᠨ | ᠰᠤᠶᠤᠯ︾ ᠤᠨ ᠰᠢᠷᠢᠰ ᠨᠤᠮ ᠨᠢ ᠮᠤᠩᠭᠤᠯ ᠮᠤᠷᠢᠨ ᠤ ᠵᠢᠷᠤᠬᠲᠤ ᠳᠡᠪᠳᠡᠷ ︽ᠬᠤᠪᠢᠯᠭᠠᠨ ᠬᠦᠯᠦᠭ︾᠂ ︽ᠦᠪᠦᠷ | ᠮᠤᠩᠭᠤᠯ ᠤᠨ ᠰᠢᠯᠢᠳᠡᠭ ᠦᠯᠢᠭᠡᠷ -- ᠮᠤᠩᠭᠤᠯ ᠮᠤᠷᠢᠨ ᠤ ᠵᠤᠷᠢᠬ ᠰᠠᠨᠠᠭ᠎ᠠ ᠶᠢ ᠪᠠᠳᠠᠷᠠᠭᠤᠯᠤᠬᠰᠠᠨ ᠲᠡᠷᠢᠭᠦᠨ ᠤ | ᠬᠦᠮᠦᠰ ᠤᠨ ᠦᠯᠢᠭᠡᠷ︾᠂ ︽ᠳᠤᠮᠳᠠᠳᠤ ᠤᠯᠤᠰ ᠤᠨ ᠠᠳᠤᠭᠤᠨ ᠤ ᠦᠢᠯᠡᠰ ᠤᠨ ᠬᠦᠭᠡ ᠭᠠᠳᠠᠷᠲᠤ ᠨᠤᠮ︾᠂ ︽ | ᠮᠤᠩᠭᠤᠯ ᠮᠤᠷᠢ ᠬᠢᠭᠡᠳ ᠲᠠᠯ᠎ᠠ ᠨᠤᠲᠤᠬ ᠤᠨ ᠰᠤᠶᠤᠯ︾᠂ ︽ᠳᠤᠮᠳᠠᠳᠤ ᠶᠢᠨ ᠠᠳᠤᠭᠤᠨ ᠰᠤᠶᠤᠯ ᠤᠨ ᠰᠢᠷᠢᠰ | ᠨᠤᠮ︾ ︽ᠦᠪᠦᠷ ᠮᠤᠩᠭᠤᠯ ᠤᠨ ᠠᠳᠤᠭᠤᠨ ᠰᠤᠶᠤᠯ ᠬᠢᠭᠡᠳ ᠠᠳᠤᠭᠤᠨ ᠤ ᠦᠢᠯᠡᠰ ᠤᠨ ᠰᠤᠳᠤᠯᠭᠠᠨ ᠤ ᠰᠢᠷᠢᠰ | ᠨᠤᠮ︾ ᠪᠤᠯᠤᠨ ᠬᠠᠷᠮᠠᠨ ᠤ ᠨᠤᠮ ᠵᠡᠷᠭᠡ 6 ᠭᠤᠤᠯ ᠰᠡᠳᠦᠪ ᠢᠶᠠᠷ ᠪᠦᠷᠢᠯᠳᠦᠵᠦ᠂ ᠤᠯᠤᠰ ᠤᠨ ᠲᠤᠳᠤᠭᠠᠳᠤ ᠳᠤ | ᠠᠳᠤᠭᠤᠨ ᠤ ᠤᠬᠠᠭᠠᠨ᠂ ᠠᠳᠤᠭᠤᠨ ᠰᠤᠶᠦᠯ᠂ ᠠᠳᠤᠭᠤᠨ ᠤ ᠦᠢᠯᠡᠰ ᠪᠤᠯᠤᠨ ᠮᠤᠩᠭᠤᠯ ᠮᠤᠷᠢᠨ ᠤ ᠵᠤᠷᠢᠬ | ᠰᠠᠨᠠᠭ᠎ᠠ ᠶᠢ ᠠᠩᠬ᠎ᠠ ᠰᠢᠰᠲ᠋ᠤᠮ ᠲᠠᠢ ᠰᠤᠳᠤᠯᠤᠬᠰᠠᠨ ᠰᠢᠷᠢᠰ ᠨᠤᠮ ᠪᠤᠯᠵᠦ᠂ ᠠᠳᠤᠭᠤᠨ ᠤ ᠤᠬᠠᠭᠠᠨ ᠤ | ᠬᠦᠷᠢᠶᠡᠨ ᠳᠠᠬᠢ ᠬᠤᠭᠤᠰᠤᠨ ᠢ ᠨᠦᠬᠦᠪᠦᠷᠢᠯᠡᠨ᠂ ᠦᠪᠦᠷ ᠮᠤᠩᠭᠤᠯ ᠤᠨ ᠡᠷᠳᠡᠮᠳᠡᠳ ᠤᠨ ᠠᠳᠤᠭᠤᠨ ᠤ ᠤᠬᠠᠭᠠᠨ ᠤ | ᠬᠦᠷᠢᠶ᠎ᠡ ᠴᠠᠷᠠᠭ᠎ᠠ ᠳᠠᠬᠢ ᠰᠤᠳᠤᠯᠭᠠᠨ ᠤ ᠦᠷ᠎ᠡ ᠪᠦᠲᠦᠭᠡᠯ ᠢ ᠳᠡᠯᠭᠡᠵᠡᠢ᠃ ᠡᠭᠦᠪᠡᠷ ᠵᠤᠬᠰᠤᠬᠤ ᠦᠭᠡᠢ ᠲᠤᠰ ᠰᠢᠷᠢᠰ | ᠨᠤᠮ ᠨᠢ ︽ᠮᠤᠩᠭᠤᠯ ᠮᠤᠷᠢᠨ ᠤ ᠵᠤᠷᠢᠬ ᠰᠠᠨᠠᠭ᠎ᠠ︾ ᠶᠢᠨ ᠪᠤᠳᠠᠳᠠᠢ ᠦᠷ᠎ᠡ ᠪᠦᠲᠦᠭᠡᠯ ᠪᠠᠶᠢᠵᠦ᠂ ︽ᠮᠤᠩᠭᠤᠯ | ᠮᠤᠷᠢᠨ ᠤ ᠵᠤᠷᠢᠬ ᠰᠠᠨᠠᠭ᠎ᠠ︾ ᠶᠢ ᠪᠠᠳᠠᠷᠠᠭᠤᠯᠬᠤ ᠳᠤ ᠤᠨᠤᠯ ᠪᠤᠯᠤᠨ ᠪᠤᠳᠠᠳᠠᠢ ᠦᠨᠳᠦᠰᠦᠯᠡᠯ ᠢ ᠬᠠᠩᠭᠠᠬᠰᠠᠨ | ᠪᠠᠶᠢᠨ᠎ᠠ᠃ |