ᠪᠠ᠊ · ᠰᠤᠪᠤᠷᠭ᠎ᠠ | ᠡᠨᠡᠷᠢᠯ ᠤᠨ ᠲᠡᠭᠷᠢ ᠡᠮᠧ ︵ᠡᠵᠢ︶ ᠮᠢᠨᠢ᠄ | ᠦᠨᠡᠨ ᠤ ᠭᠠᠵᠠᠷ ᠢᠶᠠᠨ ᠠᠮᠤᠷᠯᠢᠩᠭᠤᠢ ᠨᠦᠢᠷᠰᠣᠵᠦ ᠪᠠᠶᠢᠭ᠎ᠠ ᠲᠠᠨ ᠤ ᠪᠠᠨ ᠭᠡᠭᠡᠨ ᠰᠦᠨᠡᠰᠦᠨ ᠳᠤ | ᠰᠦᠬᠦᠷᠡᠨ ᠮᠦᠷᠭᠦᠵᠦ ᠪᠠᠶᠢᠨ᠎ᠠ︕ | ︽ᠡᠮᠧ ᠮᠢᠨᠢ ᠲᠠ ᠪᠤᠷᠬᠠᠨ ᠪᠤᠯᠤᠭᠠᠳ ᠶᠠᠭ ᠭᠤᠴᠢᠨ ᠵᠢᠯ ᠤᠨ ᠤᠢ ᠪᠤᠯᠴᠢᠬᠠᠯ᠎ᠠ︾ ᠭᠡᠵᠦ ᠦᠴᠢᠬᠦ ᠳᠤ | ᠵᠢᠷᠦᠬᠡᠨ ᠲᠤᠮᠳᠠᠭᠤᠷ ᠰᠡᠶᠢᠭᠡᠨᠡ᠃ ᠦᠴᠦᠭᠡᠳᠦᠷᠬᠡᠨ ᠯᠠ ᠬᠠᠨᠵᠤᠨ ᠪᠤᠯᠤᠩ ᠳᠠᠭᠠᠨ ᠬᠡᠦᠬᠡᠳ ᠢᠶᠠᠨ | ᠬᠦᠯᠢᠶᠡᠨ ᠵᠤᠪᠠᠭᠤᠷᠢᠳᠠᠶᠢᠬᠠᠨ ᠰᠠᠭᠤᠵᠦ ᠪᠠᠶᠢᠭᠰᠠᠨ ᠰᠢᠭ᠋ ᠬᠦᠭᠡᠷᠦᠬᠦᠢ ᠠᠮᠢᠳᠦ ᠲᠦᠷᠢ ᠵᠢᠷᠤᠭ ᠴᠢᠨᠢ ᠢᠯᠡ | ᠲᠤᠳᠤᠬᠠᠨ᠃ ︽ᠬᠦᠮᠦᠨ ᠳᠤ ᠠᠩᠬ᠎ᠠ ᠲᠦᠷᠦᠯ᠂ ᠡᠨᠡ ᠲᠦᠷᠦᠯ᠂ ᠢᠷᠡᠬᠦ ᠲᠦᠷᠦᠯ ᠭᠡᠵᠦ ᠪᠠᠶᠢᠳᠠᠭ︾ ᠭᠡᠬᠦ ᠬᠡᠯᠡᠯᠭᠡ ᠶᠢ | ᠠᠷᠠᠢ ᠦᠨᠡᠮᠰᠢᠬᠦ ᠦᠭᠡᠢ ᠴᠦ᠂ ︽ᠡᠨᠡᠬᠦ ᠵᠠᠬᠢᠳᠠᠯ ᠢ ᠮᠢᠨᠢ ᠤᠯᠵᠦ ᠤᠩᠰᠢᠭᠠᠰᠠᠢ︕︾ ᠭᠡᠵᠦ ᠲᠠᠨ ᠤ ᠪᠠᠨ | ᠡᠮᠦᠨ᠎ᠡ ᠠᠴᠠ ᠵᠠᠯᠪᠡᠷᠢᠨᠠ ᠡ᠃ ᠲᠤᠷᠠᠳᠠᠢ ᠴᠠᠭ ᠲᠠᠭᠠᠨ ᠦᠬᠦᠵᠦ ᠪᠤᠯᠳᠠᠭ ᠦᠭᠡᠢ ᠴᠦ᠂ ᠴᠠᠭ ᠨᠢ ᠲᠤᠯᠤᠭᠠᠳ | ᠢᠷᠡᠭᠦ ᠪᠠᠷ ᠠᠪᠤᠭᠠᠳ ᠯᠠ ᠶᠠᠪᠤᠴᠢᠬᠠᠳᠠᠭ ᠬᠤᠷᠸ᠎ᠠ ᠶᠢᠨ ᠬᠠᠳᠠᠭᠤ ᠵᠢᠮ᠎ᠡ ᠶᠢ ᠬᠡᠷᠪᠡ ᠰᠢᠯᠵᠢᠭᠦᠯᠵᠦ | ᠲᠡᠶᠢᠯᠳᠡᠭ ᠲᠤ ᠬᠦᠷᠪᠡᠯ ᠲᠠ ᠴᠦ ᠲᠦᠴᠢᠨ ᠲᠤᠯᠤᠭᠠᠬᠠᠨ ᠨᠠᠰᠤᠨ ᠤ ᠮᠦᠩᠬᠡ ᠶᠢᠨ ᠵᠠᠯᠠᠭᠤ ᠰᠠᠶᠢᠬᠠᠨ ᠢᠶᠠᠷ ᠢᠶᠠᠨ | ᠶᠢᠷᠳᠢᠨᠴᠦ ᠶᠢᠨ ᠮᠦᠩᠬᠡ ᠪᠤᠰᠤ ᠶᠢ ᠦᠵᠡᠭᠦᠯᠬᠦ ᠶᠤᠰᠤ ᠦᠭᠡᠢ ᠳ᠋ᠠ︕ | 1981 ᠣᠨ ᠤ ᠨᠠᠮᠤᠷ᠂ ᠬᠦᠦ ᠴᠢᠨᠢ ᠪᠢ ᠶᠡᠭᠡ ᠰᠤᠷᠭᠠᠭᠤᠯᠢ ᠳᠤ ᠵᠠᠪᠤᠬᠤ ᠠᠴᠠ ᠬᠤᠶᠠᠷᠬᠠᠨ | ᠡᠳᠦᠷ ᠤᠨ ᠡᠮᠦᠨᠡᠬᠢ ᠦᠳᠡᠰᠢ᠂ ᠲᠠᠨ ᠤ ᠪᠠᠷᠠᠭᠤᠨ ᠲᠠᠯ᠎ᠠ ᠴᠢᠨᠢ ᠭᠡᠨᠡᠳᠳᠡ ᠮᠢᠨᠴᠦᠬᠦᠷᠡᠵᠦ ᠪᠠᠶᠢᠭᠰᠠᠨ ᠢᠶᠠᠨ | ᠤᠯᠠᠮ ᠢᠶᠠᠷ ᠮᠡᠳᠡᠷᠡᠯ ᠠᠯᠳᠠᠭᠠᠳ᠂ ᠮᠠᠷᠭᠠᠰᠢ ᠨᠢ ᠮᠠᠶᠢᠰᠢᠨ ᠰᠢᠶᠠᠩ ᠤᠨ ᠡᠮᠨᠡᠯᠭᠡ ᠶᠢᠨ ᠬᠤᠷᠢᠶ᠎ᠠ ᠳᠤ | ᠦᠵᠡᠭᠦᠯᠭᠦ ᠪᠠᠷ ᠶᠠᠪᠤᠬᠤ ᠵᠠᠮ ᠲᠤᠮᠳᠠ ᠭᠡᠨᠡᠳᠳᠡ ᠰᠡᠭᠡᠭᠡ ᠤᠷᠤᠮᠠᠭᠴᠠ ︽ᠪᠢ ᠭᠡᠷ ᠲᠡᠭᠡᠨ ᠬᠠᠷᠢᠨ᠎ᠠ᠃ ᠮᠢᠨᠤ | ᠬᠦᠦ ᠰᠤᠷᠭᠠᠭᠤᠯᠢ ᠳᠠᠭᠠᠨ ᠶᠠᠪᠤᠨ᠎ᠠ ᠰᠢᠦ︾ ᠭᠡᠵᠦ ᠬᠡᠯᠡᠭᠰᠡᠨ ᠴᠢᠨᠢ ᠵᠢᠷᠦᠬᠡᠨ ᠳᠤ ᠦᠨᠢᠳᠡ ᠬᠤᠨᠤᠭᠰᠢᠵᠦ᠂ | ᠴᠢᠬᠢᠨ ᠳᠤ ᠴᠤᠤᠷᠢᠶᠠᠳᠤᠭᠰᠠᠭᠠᠷ᠃ ᠨᠡᠩ ᠴᠦ᠂ 1985 ᠤᠨ ᠤ ᠴᠠᠭᠠᠨ ᠰᠠᠷ᠎ᠠ ᠳᠤ ᠬᠦᠦ ᠴᠢᠨᠢ | ᠰᠣᠷᠭᠠᠭᠤᠯᠢ ᠳᠠᠭᠠᠨ ᠪᠠᠭᠰᠢᠯᠠᠬᠤ ᠪᠠᠷ ᠶᠠᠪᠤᠬᠤ ᠶᠢᠨ ᠦᠷᠯᠦᠭᠡ ᠨᠢ ᠬᠠᠨᠵᠤᠨ ᠪᠤᠯᠤᠩ ᠳᠠᠭᠠᠨ ᠬᠠᠵᠠᠭᠤᠯᠳᠠᠨ | ᠪᠠᠶᠢᠭᠰᠠᠨ ᠲᠠ ᠵᠦᠳᠡᠭᠦᠬᠡᠨ ᠦᠨᠳᠡᠶᠢᠨ ᠰᠠᠭᠤᠭᠠᠳ᠄ ︽ᠮᠢᠨᠤ ᠬᠦᠦ ᠬᠠᠩᠰᠢᠨ ᠲᠡᠭᠡᠷ᠎ᠡ ᠪᠠᠨ ᠢᠷᠡᠨ᠎ᠡ ᠪᠠ︖︾ | ᠭᠡᠵᠦ ᠰᠣᠯᠠᠬᠠᠨ ᠠᠰᠠᠭᠤᠬᠤ ᠳᠤ ᠨᠢ᠂ ︽ᠯᠠᠪᠳᠠᠢ ᠢᠷᠡᠨ᠎ᠡ︕︾ ᠭᠡᠵᠦ ᠬᠠᠶᠢᠩᠭᠤ ᠬᠠᠷᠢᠭᠤᠯᠤᠭᠰᠠᠨ ᠮᠢᠨᠢ | ᠲᠠᠨ ᠲᠠᠢ ᠶᠠᠷᠢᠯᠴᠠᠭᠰᠠ ᠬᠠᠮᠤᠭ ᠤᠨ ᠰᠡᠭᠦᠯᠴᠢ ᠶᠢᠨ ᠵᠤᠭᠤᠭ᠂ ᠪᠠᠰᠠ ᠲᠠᠨ ᠢ ᠪᠠᠨ ᠭᠤᠷᠦ᠋ᠢᠳᠠᠯᠠ | ᠭᠤᠮᠤᠳᠠᠭᠠᠭᠰᠠᠨ ᠦᠨᠢᠳᠡ ᠶᠢᠨ ᠰᠠᠯᠣᠯᠳᠠ ᠶᠢᠨ ᠦᠭᠡ ᠪᠤᠯᠤᠭᠰᠠᠨ ᠢ ᠪᠤᠳᠤᠬᠤ ᠠᠴᠠ᠂ ᠡᠪᠡᠳᠴᠢᠨ | ᠲᠠᠬᠤᠯ ᠳᠤ ᠤᠷᠢᠶᠠᠭᠳᠠᠨ ᠰᠢᠨᠠᠯᠵᠦ ᠰᠠᠭᠤᠭ᠎ᠠ ᠡᠵᠢ ᠪᠠᠨ ᠬᠤᠳᠠᠯ ᠬᠡᠯᠡᠬᠦ ᠠᠴᠠ ᠢᠯᠡᠬᠦᠦ ᠨᠢᠭᠦᠯ ᠭᠡᠵᠦ | ᠪᠠᠶᠢᠳᠠᠭ ᠴᠦ ᠶᠤᠮ ᠤᠤ︖ ᠲᠠᠨ ᠤ ᠮᠢᠨᠢ ︽ᠮᠢᠨᠤ ᠬᠦᠦ ᠯᠠᠪ ᠢᠷᠡᠨ᠎ᠡ︕︾ ᠭᠡᠵᠦ ᠪᠠᠳᠣ ᠢᠳᠡᠭᠡᠯ ᠲᠠᠢ | ᠬᠦᠯᠢᠶᠡᠵᠦ ᠪᠠᠶᠢᠭᠰᠠᠨ ᠢ ᠠᠮᠢᠰᠬᠤᠯ ᠬᠤᠷᠢᠶᠠᠬᠤ ᠠᠴᠠ ᠪᠠᠨ ᠡᠮᠦᠨᠡᠬᠡᠨ ᠬᠦᠦ ᠶᠢᠨ ᠢᠶᠠᠨ ᠨᠡᠷ᠎ᠡ ᠪᠠᠷ ᠨᠠᠮ | ᠲᠠᠭᠤᠳᠠᠵᠦ ᠪᠠᠶᠢᠭᠰᠠᠨ ᠪᠠ ᠠᠨᠢᠰᠬ᠎ᠠ ᠲᠠᠭᠠᠨ ᠪᠦᠮᠪᠦᠷᠢᠬᠦ ᠲᠤᠭᠤᠯᠠᠩ ᠨᠢᠯᠪᠤᠰᠤ ᠴᠢᠨᠢ ᠦᠬᠦᠯᠡᠵᠦ ᠪᠠᠶᠢᠭᠰᠠᠨ ᠡ | ᠬᠡᠰᠡᠨ᠁ | ᠮᠦᠡᠭᠬᠡ ᠶᠢᠨ ᠵᠠᠯᠠᠭᠤ ᠡᠮᠧ ᠮᠢᠨᠢ᠂ ᠪᠢᠳᠡ ᠣᠳᠣ ᠭᠡᠷ ᠬᠤᠳᠠᠯᠠᠭᠠᠷ ᠢᠶᠠᠨ ᠡᠩᠬᠡ ᠰᠠᠶᠢᠨ ᠪᠠᠶᠢᠨ᠎ᠠ︕ | ᠠᠵᠠᠢ ᠮᠢᠨᠢ ᠨᠠᠰᠤᠨ ᠰᠡᠭᠦᠳᠡᠷ ᠨᠠᠶᠠ ᠶᠢᠨ ᠳᠠᠪᠠᠭ᠎ᠠ ᠶᠢ ᠲᠠᠪᠠᠵᠦ ᠪᠠᠶᠢᠪᠠᠴᠦ ᠪᠡᠶ᠎ᠡ ᠲᠡᠩᠬᠡᠯᠡᠬᠦᠨ᠂ ᠤᠬᠠᠭᠠᠨ | ᠰᠠᠷᠠᠭᠤᠯ᠃ ᠵᠢᠷᠠᠨ ᠨᠢᠭᠡᠨ ᠤ ᠵᠢᠯ ᠲᠡᠭᠡᠷ᠎ᠡ ᠨᠢ ᠨᠤᠳᠤᠭ ᠠᠴᠠ ᠨᠢ ᠬᠤᠰᠢᠭᠤᠨ ᠲᠦᠪ ᠲᠡᠭᠡᠷ᠎ᠡ ᠨᠡᠭᠦᠯᠭᠡᠵᠦ | ᠠᠪᠴᠢᠷᠠᠭᠰᠠᠨ ᠶᠤᠮ᠃ ᠲᠦᠷᠦᠬᠦᠦ ᠬᠡᠳᠦᠨ ᠵᠢᠯ ᠬᠠᠩᠰᠢ ᠪᠤᠯᠭᠠᠨ ᠳᠤ ᠭᠠᠭᠴᠠᠭᠠᠷ ᠨᠤᠳᠤᠭ ᠢᠶᠠᠨ ᠡᠷᠬᠢᠳᠡᠭ | ᠪᠠᠶᠢᠭᠰᠠᠨ᠃ ᠲᠠᠨ ᠳᠤ ᠣᠴᠢᠵᠦ ᠤᠰᠤᠯ ᠢᠶᠠᠨ ᠬᠦᠯᠢᠶᠡᠵᠦ ᠨᠢᠭᠦᠯ ᠢᠶᠠᠨ ᠨᠠᠮᠠᠨᠴᠢᠯᠠᠳᠠᠭ ᠴᠦ ᠪᠤᠯ ᠤᠤ᠂ ᠪᠤᠤ | ᠮᠡᠳᠡ︕ ᠪᠢ ᠣᠷᠤᠭ ᠬᠡᠯᠡᠯᠴᠡᠬᠦ ᠦᠭᠡᠢ ᠪᠠᠭ᠎ᠠ ᠬᠤᠶᠢᠷᠭᠤᠰᠢᠭᠰᠠᠨ ᠳᠤ ︽ᠡᠮᠧ ᠴᠢᠨᠢ ᠨᠠᠮᠠᠢᠢ ᠭᠠᠭᠴᠠᠭᠠᠷ | ᠬᠠᠶᠠᠭᠠᠳ ᠶᠠᠪᠤᠴᠢᠬᠠᠯ᠎ᠠ᠁ ᠠᠵᠠᠢ ᠨᠢ ᠦᠨᠡᠬᠡᠷ ᠭᠠᠴᠢᠭᠳᠠᠵᠦ ᠪᠠᠶᠢᠨ᠎ᠠ ᠰᠢᠦ︕︾ ᠭᠡᠳ ᠨᠢᠯᠪᠤᠰᠤ ᠪᠠᠨ | ᠠᠷᠴᠢᠵᠦ ᠵᠤᠭᠰᠤᠭᠰᠠᠨ ᠨᠢ ᠬᠦᠭᠡᠷᠦᠬᠦᠢ ᠪᠢᠯᠡ᠃ ᠲᠦᠷᠪᠡᠨ ᠬᠡᠦᠬᠡᠳ ᠤᠨ ᠢᠶᠠᠨ ᠠᠮᠢᠳᠤᠷᠠᠯ ᠢ ᠪᠤᠰᠬᠠᠵᠦ ᠦᠭᠬᠦᠭᠰᠡᠨ | ᠠᠴᠢᠳᠠᠢ ᠰᠠᠶᠢᠨ ᠠᠪᠤ︕ ᠦᠳᠡᠯᠦᠭᠡᠳ ᠢᠷᠡᠬᠦ ᠲᠤᠳᠤᠮ ᠲᠠᠨ ᠢ ᠨᠡᠩ ᠲᠤᠷᠠᠰᠤᠨ ᠰᠠᠨᠠᠭᠠᠯᠵᠠᠳᠠᠭ ᠰᠢᠭ᠋ ᠶᠤᠮ᠃ | ᠪᠠᠰᠠ ᠨᠢᠭᠡ ᠤᠳᠠᠭ᠎ᠠ ᠬᠤᠶᠠᠳᠤᠭᠠᠷ ᠨᠠᠭᠠᠴᠦ ᠲᠠᠢ ᠵᠤᠭᠤᠭᠳᠠᠬᠤ ᠳᠠᠭᠠᠨ ︽ᠪᠢ ᠠᠭ᠎ᠠ ᠳᠤ ᠴᠢᠨᠢ ᠪᠠᠭ᠎ᠠ | ᠬᠡᠳᠦᠷᠡᠭᠦᠯᠴᠢᠭᠡᠭᠰᠡᠨ ᠶᠤᠮ ᠳ᠋ᠠ︕︾ ᠭᠡᠵᠦ ᠣᠰᠣᠯ ᠬᠦᠯᠢᠶᠡᠬᠦ ᠰᠢᠭ ᠶᠠᠷᠢᠭᠰᠠᠨ ᠭᠡᠨ᠎ᠡ᠃ ᠦᠶᠡᠴᠣᠣᠯ ᠴᠢᠨᠢ ᠲᠠ | ᠬᠤᠶᠠᠭᠤᠯᠠ ᠶᠢ ᠬᠠᠮᠳᠤ ᠶᠠᠪᠤᠬᠤ ᠶᠢ ᠦᠵᠡᠪᠡᠯ ︽ᠡᠴᠢᠭᠡ ᠬᠡᠦᠬᠡᠨ ᠬᠤᠶᠠᠷ ᠶᠠᠪᠤᠵᠦ ᠪᠠᠶᠢᠨ᠎ᠠ︾ ᠭᠡᠵᠦ ᠱᠤᠭᠯᠠᠳᠠᠭ ᠢ | ᠴᠡᠭᠡᠵᠢᠯᠡᠵᠦ ᠪᠠᠶᠢᠨ᠎ᠠ ᠤᠤ︖ ᠲᠡᠭᠡᠭᠡᠳ ᠯᠠ ᠲᠡᠩᠳᠡᠬᠦᠦ ᠰᠠᠶᠢᠬᠠᠨ ᠲᠦᠷᠦᠭᠰᠡᠨ ᠪᠦᠰᠡᠬᠦᠢ ᠪᠠᠨ ᠬᠠᠶᠢᠷᠠᠯᠠᠬᠤ | ᠬᠠᠷᠠᠮᠨᠠᠬᠤ ᠳᠠᠭᠠᠨ ᠯᠠ ᠪᠠᠭ᠋ᠠᠨ ᠭᠠᠷ ᠬᠠᠳᠠᠭᠤ ᠤᠷᠤᠳᠠᠭ ᠮᠠᠭᠠᠳ ᠳ᠋ᠠ ᠭᠡᠵᠦ ᠤᠶᠢᠯᠠᠭᠠᠬᠤ ᠳᠠᠭᠠᠨ | ᠠᠵᠠᠢ ᠪᠠᠨ ᠬᠦᠭᠡᠷᠦᠬᠦ᠋ᠢᠯᠡᠬᠦ ᠠᠳᠠᠯ᠎ᠠ ᠲᠡᠭᠡᠵᠦ ᠬᠠᠷᠠᠳᠠᠭᠤᠨ ᠭᠦᠷᠳᠡᠭᠦᠨ ᠬᠠᠨᠳᠤᠵᠦ ᠪᠠᠶᠢᠭᠰᠠᠨ ᠢ ᠨᠢ | ᠪᠤᠳᠤᠪᠠᠯ ᠪᠠᠰᠠ ᠬᠤᠷᠤᠰᠤᠮᠠᠷ᠃ ᠲᠠ ᠮᠢᠨᠢ ᠭᠦᠦ ᠪᠠᠨ ᠦᠷᠦᠰᠢᠶᠡᠭᠡᠷᠡᠢ︕ | ᠬᠦᠦ ᠴᠢᠨᠢ ᠤᠳᠤ ᠨᠢᠭᠡᠨᠳᠡ ᠲᠤᠮᠳᠠᠳᠤ ᠰᠣᠷᠭᠠᠭᠤᠯᠢ ᠶᠢᠨ ᠣᠨᠴᠠ ᠲᠡᠰ ᠤᠨ ᠪᠠᠭᠰᠢ ᠶᠢᠨ | ᠴᠤᠯᠠ ᠲᠠᠢ ᠪᠦᠭᠡᠳ ᠵᠤᠬᠢᠶᠠᠯᠴᠢ ᠶᠢᠨ ᠲᠢᠲᠢᠮ ᠵᠡᠭᠦᠵᠦ ᠤᠯᠵᠠ ᠤᠮᠤᠭ ᠲᠠᠢ ᠶᠠᠪᠤᠨ᠎ᠠ᠃ ︽ᠪᠦᠬᠦ ᠤᠯᠤᠰ ᠤᠨ | ᠨᠢᠭᠡᠳᠦᠯᠳᠡᠢ ᠰᠢᠯᠭᠠᠯᠳᠠ︾ ᠶᠢᠨ ᠰᠡᠳᠤᠪ ᠭᠠᠷᠭᠠᠬᠤ ᠵᠡᠷᠭᠡ ᠠᠵᠢᠯ ᠳᠤ ᠤᠯᠠᠨ ᠤᠳᠠᠭ᠎ᠠ ᠤᠷᠤᠯᠴᠠᠵᠦ ᠪᠠᠶᠢᠬᠤ | ᠪᠦᠭᠡᠳ ︽ᠨᠠᠮᠤᠷ ᠤᠨ ᠰᠠᠯᠬᠢ︾᠂ ︽ᠰᠡᠳᠤᠪ ᠬᠠᠷᠢᠭᠤᠯᠬᠤ ᠤᠬᠠᠭᠠᠨ︾ ᠵᠡᠷᠭᠡ ᠬᠤᠪᠢ ᠶᠢᠨ ᠨᠤᠮ ᠲᠦᠷᠪᠡᠨ | ᠲᠡᠪᠳᠡᠷ᠂ ᠬᠠᠮᠳᠤᠷᠠᠨ ᠪᠢᠴᠢᠭᠰᠡᠨ 15 ᠨᠤᠮ ᠬᠡᠪᠯᠡᠭᠦᠯᠦᠭᠡᠳ ᠪᠠᠶᠢᠨ᠎ᠠ᠃ ᠲᠠᠨ ᠢ ᠶᠢᠷᠳᠢᠨᠴᠦ ᠠᠴᠠ | ᠠᠩᠬᠢᠵᠢᠷᠠᠭᠰᠠᠨ ᠤ 26 ᠵᠢᠯ ᠤᠨ ᠤᠢ ᠲᠡᠭᠡᠷ᠎ᠡ ᠵᠦᠳᠡᠵᠦ ︽ᠮᠦᠩᠬᠡ ᠶᠢᠨ ᠵᠠᠯᠠᠭᠤ ᠡᠮᠧ ᠮᠢᠨᠢ︾ ᠭᠡᠬᠦ | ᠨᠠᠶᠢᠷᠠᠭᠤᠯᠤᠯ ᠢᠶᠠᠨ ︽ᠲᠤᠮᠳᠠᠳᠣ ᠶᠢᠨ ᠦᠨᠳᠦᠰᠦᠳᠡᠨ︾ ᠰᠡᠳᠬᠦᠯ ᠤᠨ 2011 ᠣᠨ ᠤ 1 ᠳ᠋ᠤᠭᠡᠷ ᠬᠤᠭᠤᠴᠠᠭ᠎ᠠ | ᠲᠡᠭᠡᠷ᠎ᠡ ᠨᠡᠶᠢᠳᠡᠯᠡᠭᠦᠯᠦᠭᠡᠳ ᠶᠡᠭᠡ ᠯᠡ ᠠᠭᠤᠵᠢᠷᠠᠵᠦ ᠠᠪᠤᠭᠰᠠᠨ ᠲᠠᠶᠢᠳᠬᠤᠷᠠᠯ ᠢᠶᠠᠨ᠂ ︽ᠰᠢᠭᠦᠳᠡᠷᠢ ᠶᠢᠨ | ᠤᠰᠤ ᠪᠠᠷ ᠤᠮᠳᠠ ᠬᠢᠭᠰᠡᠨ ᠴᠦ ᠡᠵᠢ ᠶᠢᠨ ᠢᠶᠠᠨ ᠭᠠᠭᠴᠠ ᠰᠦᠨᠢ ᠶᠢᠨ ᠭᠦᠨ ᠳᠤ ᠪᠤᠰᠴᠦ ᠮᠦᠮᠦᠭᠦᠯᠦᠭᠰᠡᠨ | ᠠᠴᠢ ᠶᠢ ᠨᠢ ᠴᠦ ᠬᠠᠷᠢᠭᠤᠯᠵᠦ ᠲᠡᠶᠢᠯᠬᠦ ᠦᠭᠡᠢ︾ ᠭᠡᠬᠦ ᠦᠭᠡ ᠪᠠᠷ ᠬᠡᠮᠵᠢᠬᠦ ᠠᠴᠠ ᠪᠠᠨ ᠢᠴᠢᠨ᠎ᠡ᠃ ︽ᠦᠨᠳᠦᠰᠦ ᠲᠠᠢ | ᠮᠤᠳᠤ ᠨᠠᠶᠢᠭᠤᠨ᠎ᠠ᠂ ᠦᠷ᠎ᠡ ᠲᠠᠢ ᠬᠦᠮᠦᠨ ᠱᠣᠣᠬᠢᠨ᠎ᠠ︾ ᠭᠡᠳᠡᠭ ᠢᠶᠠᠷ ᠲᠠ ᠬᠡᠷᠪᠡ ᠠᠮᠢᠳᠤ ᠰᠡᠷᠡᠭᠦᠨ ᠪᠠᠶᠢᠭᠰᠠᠨ | ᠪᠤᠯ ᠠᠵᠠᠢ ᠲᠠ ᠬᠤᠶᠠᠷ ᠣᠮᠪᠣᠯᠥ ᠪᠠᠨ ᠦᠪᠯᠡᠵᠦ ᠰᠠᠨᠠᠴᠢᠬᠠᠭᠠᠳ ᠲᠡᠯᠡᠬᠡᠢ ᠲᠡᠪᠡᠷᠢᠨ ᠵᠢᠷᠭᠠᠵᠦ ᠪᠠᠶᠢᠬᠤ | ᠡ︕ ᠬᠤᠶᠠᠷ ᠤᠮᠪᠤᠯᠤ ᠴᠢᠨᠢ ᠪᠦᠷ ᠶᠡᠭᠡ ᠰᠣᠷᠭᠠᠭᠤᠯᠢ ᠪᠠᠨ ᠲᠡᠭᠦᠰᠭᠡᠭᠡᠳ ᠠᠵᠢᠯ ᠤᠨ ᠪᠠᠶᠢᠷᠢ ᠳᠤ | ᠭᠠᠷᠴᠢᠬᠠᠵᠠᠢ᠃ | ᠡᠮᠧ ᠮᠢᠨᠢ︕ ᠦᠷ᠎ᠡ ᠶᠢᠨ ᠭᠠᠭᠴᠠ ᠬᠦᠦ ᠪᠠᠨ ᠴᠡᠷᠢᠭ ᠡᠷ᠎ᠡ ᠪᠤᠯᠬᠤ ᠶᠢ ᠬᠠᠮᠤᠭ ᠤᠨ ᠢᠯᠡᠭᠦᠦ | ᠲᠡᠮᠵᠢᠭᠰᠡᠨ ᠤ ᠪᠠᠨ ᠬᠠᠷᠢᠭᠤ ᠳᠤ ︽ᠡᠳᠦᠷ ᠲᠡᠭᠡᠨ ᠲᠠᠭᠤᠤ ᠠᠶᠠᠯᠵᠦ ᠶᠠᠪᠤᠬᠤ︾ ᠪᠤᠯᠴᠢᠬᠠᠭᠰᠠᠨ᠂ ᠰᠡᠳᠬᠢᠯ ᠤᠨ | ᠬᠡᠨᠡᠭᠡ ᠪᠠᠨ ᠢᠯᠡᠳᠬᠡᠬᠦ ᠶᠢᠨ ᠲᠦᠯᠦᠭᠡ ᠰᠦᠨᠢᠵᠢᠨ ᠵᠠᠬᠢᠳᠠᠯ ᠪᠢᠴᠢᠳᠡᠭ ᠪᠠᠶᠢᠯ᠎ᠠ᠂ ᠲᠠ ᠮᠢᠨᠢ︕ ᠬᠡᠳᠦᠨ | ᠮᠢᠩᠭᠠᠨ ᠭᠠᠵᠠᠷ ᠤᠨ ᠠᠯᠣᠰ ᠲᠠᠯᠠᠨ ᠬᠠᠷ᠎ᠠ ᠠᠭᠤᠯᠠᠨ ᠳᠠᠬᠢ ᠴᠡᠷᠢᠭ ᠤᠨ ᠬᠤᠸᠠᠷᠠᠨ ᠳᠤ ᠰᠠᠷ᠎ᠠ ᠶᠢᠨ ᠲᠠᠷᠠᠭ᠎ᠠ | ᠰᠠᠶ᠋ᠢ ᠨᠡᠯᠢᠶᠡᠳ ᠨᠤᠬᠤᠴᠢᠭᠳᠠᠨ ᠦᠩᠭᠡᠭᠳᠡᠨ ᠬᠦᠷᠳᠡᠭ᠂ ᠦᠯᠢᠭᠡᠷ ᠵᠤᠭᠤᠭ ᠲᠠᠢ ᠤᠷᠳᠤ ᠵᠠᠬᠢᠳᠠᠯ ᠢ ᠴᠢᠨᠢ | ᠴᠠᠶᠢᠵᠠ ᠶᠢᠨ ᠲᠡᠷᠭᠡᠳᠡ ᠪᠠᠨ ᠲᠠᠬᠢᠨ ᠲᠠᠬᠢᠨ ᠤᠯᠵᠠᠭᠤᠷᠬᠠᠨ ᠤᠩᠰᠢᠳᠠᠭ ᠢᠶᠠᠨ ᠤᠳᠥ ᠰᠠᠨᠠᠨ᠎ᠠ᠃ ᠲᠡᠳᠡᠭᠡᠷ ᠵᠠᠬᠢᠳᠠᠯ | ᠴᠢᠨᠢ ᠵᠤᠬᠢᠶᠠᠨ ᠪᠦᠳᠦᠭᠡᠬᠦ ᠠᠪᠢᠶᠠᠰ ᠢ ᠮᠢᠨᠢ ᠭᠦᠭᠵᠢᠭᠡᠭᠰᠡᠨ ᠪᠠᠶᠢᠵᠦ ᠳ᠋ᠠ᠃ ᠵᠠ᠁ ᠦᠭᠡ ᠤᠯᠠᠳᠠᠵᠦ | ᠦᠬᠡᠷ ᠬᠤᠯᠠᠳᠠᠯ᠎ᠠ᠃ | ᠮᠦᠡᠭᠬᠡ ᠶᠢᠨ ᠵᠠᠯᠠᠭᠤ ᠡᠮᠧ ᠮᠢᠨᠢ ᠦᠷᠡᠰ ᠢᠶᠠᠨ ᠢᠷᠦᠭᠡᠭᠡᠷᠡᠢ︕ | ᠡᠭᠦᠨ ᠤ ᠲᠤᠯᠠ ᠬᠦᠦ ᠴᠢᠨᠢ ᠮᠦᠷᠭᠦᠨ ᠲᠠᠭᠠᠳᠬᠠᠪᠠ᠃ | |