ᠬᠠᠶᠢᠷ᠎ᠠ ᠶᠢᠨ ᠲᠠᠬᠢᠯ ᠲᠠᠢ ᠠᠯᠳᠠᠨ  ᠬᠤᠷᠭᠤᠯᠵᠢ
ᠨᠡᠶᠢᠲᠡᠯᠡᠭᠰᠡᠨ ᠴᠠᠭ᠄
2018-03-12
      ᠵᠢᠷᠭᠠᠬᠤ ᠨᠠᠷᠠᠨ ᠤ ᠰᠡᠬᠦᠯᠴᠢ ᠶᠢᠨ ᠲᠤᠶᠠᠭᠠᠨ ᠳᠤ ᠬᠤᠷᠭᠤᠯᠵᠢ ᠶᠢᠨ ᠠᠭᠤᠯᠠᠨ ᠲᠡᠭᠡᠷᠡᠬᠢ ᠬᠦᠮᠦᠨ ᠬᠠᠳᠠ  ᠵᠤᠯᠠ ᠶᠢᠨ ᠪᠠᠳᠮ᠎ᠠ ᠮᠠᠳᠦ ᠭᠡᠰᠡᠭ ᠵᠠᠭᠤᠷ᠎ᠠ ᠤᠯᠠᠪᠤᠷᠳᠠᠨ ᠪᠠᠶᠢᠬᠰᠠᠨ ᠢᠶᠠᠨ ᠦᠳᠡᠰᠢ ᠶᠢᠨ ᠪᠦᠷᠦᠢ ᠳ᠋ᠤ᠋ ᠪᠦᠦᠳᠡᠶᠢᠭᠰᠡᠬᠡᠷ ᠲᠡᠯᠳᠡᠷᠢᠯ᠎ᠠ᠃  ᠶᠠᠬ ᠡᠨᠡ ᠮᠦᠴᠡ ᠳᠤ ᠴᠢ ᠨᠠᠮ᠎ᠠ ᠶᠢ ᠪᠠᠨ ᠭᠠᠨᠭ᠍ᠰᠠᠷᠳᠠᠯ᠎ᠠ ᠪᠠᠨ ᠬᠦᠯᠢᠶᠡᠳᠡᠭ  ᠪᠠᠶᠢᠬ᠎ᠠ  ᠳ᠋ᠠ  ᠬᠡᠵᠦ  ᠪᠢ  ᠢᠮᠡᠬᠳᠡ  ᠢᠳᠡᠬᠡᠮᠵᠢᠯᠡᠨ ᠪᠤᠳᠤᠳᠠᠭ ᠰᠠᠨ᠁ ᠦᠷᠦᠨ᠎ᠠ ᠲᠡᠭᠷᠢ ᠶᠢᠨ ᠬᠠᠶᠠᠭ᠎ᠠ ᠢᠡᠭᠬᠡᠨ  ᠰᠦ  ᠵᠠᠮᠤᠷᠠᠬᠤ  ᠮᠠᠳᠦ  ᠦᠷᠦᠮᠰᠢᠨ  ᠰᠢᠷᠭᠠᠯᠳᠤᠵᠦ᠂  ᠬᠡᠨ ᠨᠢᠬᠡᠨ ᠠᠴᠠ ᠶᠠᠭᠤ ᠨᠢᠬᠡ ᠶᠢ ᠬᠦᠰᠡᠨ ᠬᠦᠯᠢᠶᠡᠬᠦ ᠰᠡᠳᠬᠢᠯ ᠢ ᠮᠠᠨᠢ ᠲᠡᠷᠳᠡᠬᠡᠬᠢ ᠤᠨ  ᠰᠠᠷ᠎ᠠ ᠶᠢᠨ  ᠠᠯᠠᠭᠠᠨ  ᠲᠡᠭᠡᠷ᠎ᠠ  ᠲᠡᠷᠡᠬᠡᠨ ᠶᠠᠩᠵᠦ ᠪᠠᠷ ᠨᠢ ᠵᠢᠷᠦᠵᠦ ᠦᠯᠡᠳᠡᠬᠡᠬᠦ ᠠᠵᠢ᠃ ᠲᠡᠶᠢᠨ ᠬᠦ ᠨᠡᠳᠡ ᠶᠢ ᠠᠯᠳᠠᠷᠬᠠᠨ ᠰᠢᠷᠭᠠᠯᠳᠤᠬᠤ ᠤᠷᠳᠦ ᠬᠤᠭᠤᠯᠠᠢ ᠶᠢᠨ ᠬᠦᠢᠰᠦ ᠲᠠᠷᠤᠬᠰᠠᠨ ᠡᠨᠡ ᠰᠤᠬᠤᠷ ᠬᠤᠳᠳᠤᠬ ᠤᠨ ᠠᠯᠮ᠎ᠠ ᠲᠡᠷᠡᠯᠡᠬᠦᠯᠵᠦ ᠬᠠᠶᠠᠬᠰᠠᠨ ᠬᠠᠭᠤᠴᠢᠨ  ᠮᠤᠳᠤᠨ  ᠤᠡᠭᠭᠤᠴᠠᠨ ᠤ  ᠲᠤᠯᠤᠭᠠᠢ ᠲᠡᠭᠡᠷ᠎ᠠ ᠭᠠᠭᠴᠠᠭᠠᠷ ᠰᠠᠭᠤᠯᠭᠠᠵᠦ᠂ ᠮᠦᠨ  ᠬᠦ  ᠲᠡᠷᠡ  ᠬᠦᠰᠡᠯ  ᠮᠦᠷᠦᠭᠡᠳᠦᠯ ᠤᠨ  ᠲᠤᠯᠠᠭᠠᠨ  ᠵᠦᠭ ᠲᠤ  ᠪᠤᠳᠤᠯ  ᠵᠢᠯᠤᠭᠤ ᠤᠷᠳᠤᠳᠬᠠᠬᠤ ᠪᠦᠯᠦᠬᠡ᠃              ᠬᠦᠮᠦᠨ  ᠬᠡᠭᠴᠢ  ᠠᠮᠢᠰᠬᠤᠯ  ᠰᠡᠯᠬᠦᠵᠦ  ᠶᠠᠪᠤᠭ᠎ᠠ   ᠬᠤᠪᠤᠷᠬᠠᠨ   ᠨᠠᠰᠤᠨ ᠳᠠᠭᠠᠨ   ᠲᠤᠷ᠎ᠠ ᠲᠠᠢ   ᠬᠦᠰᠡᠯ ᠲᠠᠢ ᠵᠦᠢᠯ ᠠᠴᠠ ᠪᠠᠨ ᠬᠡᠳᠦᠢ ᠳᠤ ᠴᠤ ᠵᠠᠯᠬᠠᠳᠠᠭ ᠦᠬᠡᠢ ᠨᠢ ᠬᠠᠴᠢᠨ ᠳ᠋ᠠ᠃ ᠲᠡᠭᠡᠭᠡᠳ ᠴᠤ ᠲᠡᠷᠡ ᠤᠤ ᠳ᠋ᠠ᠂ ᠪᠢ  ᠡᠪᠤᠯᠵᠢᠶᠠᠨ ᠤ ᠠᠷᠤ ᠶᠢᠨ ᠶᠤᠸᠠᠮᠪᠤᠤ ᠬᠦᠬᠡ ᠠᠭᠤᠯᠠ ᠦᠳᠡᠰᠢ ᠶᠢᠨ ᠤᠭᠤᠷᠠᠭ ᠰᠢᠷᠭᠠᠯ ᠲᠤᠶᠠᠭᠠᠨ ᠳᠤ ᠠᠯᠳᠠᠨ ᠴᠦᠬᠦᠴᠡ ᠲᠠᠢ ᠵᠤᠯᠠ  ᠮᠡᠳᠦ ᠬᠢᠯᠳᠠᠭᠠᠨᠠᠨ ᠬᠢᠯᠡᠯᠵᠠᠬᠤ ᠲᠡᠷᠡ ᠰᠠᠶᠢᠬᠠᠨ ᠦᠵᠡᠮᠵᠢ ᠶᠢ ᠪᠠᠭ᠋ᠠᠳᠤᠨ ᠬᠠᠷᠠᠬᠤ ᠲᠤᠷᠠᠳᠠᠢ  ᠪᠤᠯᠤᠬᠰᠠᠨ  ᠮᠠᠨᠢ  ᠲᠡᠭᠡᠷ᠎ᠠ  ᠵᠠᠭᠤᠨ ᠤ ᠨᠠᠶᠠᠭᠠᠳ ᠤᠨ ᠠᠴᠠ ᠡᠬᠢᠯᠡᠭᠰᠡᠨ ᠶᠤᠮ᠃ ᠲᠡᠷᠡ ᠦᠶ᠎ᠠ ᠳᠤ ᠬᠡᠳᠦᠨ ᠵᠠᠭᠤᠨ ᠮᠠᠯ ᠢ ᠤᠰᠤᠯᠠᠭᠠᠳ ᠰᠢᠷᠬᠢᠳᠡᠭ ᠦᠬᠡᠢ  ᠲᠦᠨᠢ ᠬᠠᠷ᠎ᠠ ᠤᠰᠤ ᠲᠠᠢ ᠪᠠᠶᠢᠬᠰᠠᠨ ᠰᠢᠤ ᠳ᠋ᠠ᠃ ᠦᠨᠦᠳᠦᠷ ᠪᠢ  ᠤᠯᠠᠭᠠᠨ  ᠲᠠᠪᠤᠨ  ᠬᠤᠰᠢᠭᠤᠳᠦ᠂  ᠵᠠᠭᠠᠮ᠎ᠠ ᠶᠢᠨ  ᠵᠢᠰᠢᠬᠦᠯᠵᠢᠨ ᠲᠡᠮᠳᠡᠭ ᠢᠶᠠᠨ ᠪᠦᠷᠢᠨ ᠵᠠᠬᠦᠵᠦ᠂ ᠴᠢᠨᠦᠬᠢ ᠪᠠᠨ ᠬᠠᠷᠠᠬᠤ ᠲᠤᠷᠠᠳᠠᠢ  ᠨᠤᠳᠤᠭ ᠤᠨ  ᠨᠤᠭᠤᠭᠠᠨ  ᠦᠡᠭᠭᠡ ᠲᠠᠢ  ᠢᠵᠢᠯᠳᠦᠬᠦᠬᠡᠨ ᠭᠤᠶᠤᠭᠠᠳ᠂ ᠬᠦᠬᠡ  ᠴᠡᠩᠬᠡᠷ  ᠮᠦᠷᠦᠬᠡᠳᠦᠯ ᠤᠨ  ᠲᠤᠮᠳᠠ  ᠬᠦᠪᠪᠦᠨ  ᠵᠢᠪᠦᠭᠰᠡᠭᠡᠷ  ᠴᠢᠮ᠎ᠠ ᠲᠠᠢ ᠪᠠᠨ  ᠪᠠᠶᠢᠬᠰᠠᠨ  ᠠᠯᠳᠠᠨ ᠮᠦᠴᠡ ᠨᠦᠭᠦᠳ ᠢ ᠰᠢᠩᠬᠡᠭᠦ ᠨᠠᠷᠠᠨ ᠤ ᠮᠢᠩᠭᠠᠨ  ᠰᠠᠴᠤᠷᠠᠭ ᠢᠶᠠᠷ  ᠬᠡᠯᠬᠢᠨ᠂  ᠪᠤᠳᠤᠯ ᠤᠨ  ᠡᠷᠢᠬᠡ  ᠪᠦᠳᠦᠬᠡᠵᠦ  ᠰᠠᠭᠤᠨᠠᠮ᠃ ᠴᠡᠩᠬᠡᠷᠬᠡᠨ ᠡᠭᠡ ᠤᠷᠤᠨ ᠤ ᠪᠠᠨ ᠨᠢᠳᠦᠨ ᠤ ᠰᠤᠷᠮᠤᠤᠰᠦ ᠪᠤᠯᠤᠬᠰᠠᠨ ᠠᠯᠳᠠᠨ ᠬᠢᠯᠢ ᠳᠤ ᠠᠮᠢᠳᠤ ᠪᠠᠭᠠᠨ᠎ᠠ ᠨᠢ ᠪᠤᠯᠵᠦ ᠬᠡᠶᠢᠮᠦᠷᠢ ᠵᠢᠪᠬᠤᠭ᠎ᠠ ᠲᠠᠢ ᠶᠠᠪᠤᠭᠠᠳ᠂ ᠤᠤᠭᠠᠯ ᠨᠤᠳᠤᠭ ᠲᠠᠭᠠᠨ ᠪᠤᠴᠠᠬᠤ ᠪᠤᠯᠤᠬᠰᠠᠨ ᠲᠡᠷᠡ ᠶᠡᠭᠡ ᠲᠡᠪᠡᠷᠡᠭᠡᠯ ᠢᠶᠠᠨ ᠰᠠᠨᠠᠵᠦ ᠰᠠᠭᠤᠨᠠᠮ᠃ ᠬᠡᠳᠡᠯ᠎ᠠ ᠴᠢ ᠮᠢᠨᠢ ᠤᠳᠤ ᠡᠳᠡᠬᠡᠷ ᠪᠦᠬᠦᠨ ᠢ ᠬᠠᠷᠠᠵᠦ  ᠬᠠᠶᠢᠵᠦ  ᠴᠤ  ᠴᠢᠳᠠᠯ  ᠦᠬᠡᠢ  ᠠᠯᠳᠠᠨ  ᠬᠤᠷᠭᠤᠯᠵᠢ ᠶᠢᠨ  ᠡᠬᠦᠯᠡᠨ ᠳᠡᠯᠳᠡ ᠠᠴᠠ ᠭᠠᠨᠭ᠍ᠭᠠᠷᠠᠬᠤ ᠨᠠᠷᠠᠨ ᠲᠤᠭᠤᠷᠤᠤ ᠰᠢᠬ ᠬᠤᠯᠠ ᠶᠢᠨ ᠬᠤᠯᠠ ᠨᠢᠰᠦᠨ ᠤᠳᠴᠠᠢ᠃᠁ ᠦᠨᠢᠶᠠᠨ ᠵᠠᠯᠠᠨ  ᠲᠡᠭᠡᠷ᠎ᠠ ᠦᠶ᠎ᠠ ᠬᠤᠷᠠᠬ ᠤᠨ ᠬᠢᠨ ᠲᠠᠢ ᠪᠠᠨ ᠰᠠᠶᠢᠬᠠᠨ ᠨᠤᠳᠤᠭ ᠤᠨ ᠢᠶᠠᠨ ᠴᠡᠩᠭᠡᠷ ᠠᠭᠠᠷ ᠢ ᠴᠠᠯᠬᠢᠨ ᠪᠠᠶᠠᠰᠳᠠᠯ᠎ᠠ ᠢᠨᠢᠶᠡᠬᠦ ᠲᠠᠭᠤ  ᠴᠢᠨᠢ ᠰᠡᠳᠬᠢᠯ ᠤᠨ ᠮᠢᠨᠢ ᠬᠦᠨ ᠳᠤ ᠡᠬᠡᠰᠢᠭᠯᠡᠨ ᠤᠶᠠᠩᠭᠠᠷᠠᠳᠠᠭ᠃ ᠴᠢᠨᠦ ᠮᠢᠨᠢ ᠪᠠᠶᠢᠭ᠎ᠠ ᠲᠡᠷᠡ ᠯᠡ ᠵᠦᠭ ᠠᠴᠠ ᠠᠮᠢᠳᠠᠨ  ᠪᠦᠬᠦᠨ ᠤ ᠬᠦᠰᠡᠯ ᠰᠡᠳᠬᠢᠯ ᠢ ᠲᠡᠪᠡᠷᠡᠬᠡᠵᠦ ᠴᠢᠳᠠᠬᠤ ᠠᠵᠠ ᠵᠢᠷᠭᠠᠯ ᠤᠨ ᠬᠡᠬᠡᠨ ᠠᠶᠠᠯᠭᠤ ᠬᠤᠷᠭᠤᠯᠵᠢ ᠶᠢᠨ  ᠡᠨᠡ  ᠰᠢᠷᠭᠠᠯ  ᠬᠦᠨᠳᠡᠢ ᠳᠤ ᠰᠦ ᠶᠢᠨ ᠦᠨᠦᠷ ᠲᠠᠢ ᠴᠤᠬ ᠤᠷᠤᠰᠦᠨ ᠬᠦᠷᠴᠦ ᠢᠷᠡᠳᠡᠭ᠃ ᠲᠡᠷᠡ ᠲᠤᠰᠤᠮ ᠳᠤ ᠴᠡᠬᠡᠵᠢᠨ ᠤ  ᠬᠠᠯᠠᠭᠤᠨ  ᠤᠷᠤᠰᠬᠠᠯ  ᠨᠢᠯ ᠬᠢᠵᠦ ︽ᠴᠡᠷᠡᠩᠳᠤᠯᠮ ᠡ᠂ ᠪᠢ ᠠᠳᠡ ᠪᠤᠢ ᠰᠢᠤ︕︾ ᠬᠡᠵᠦ ᠲᠦᠷᠦᠭᠰᠡᠨ ᠨᠤᠳᠤᠭ ᠤᠨ ᠬᠢ ᠪᠠᠨ ᠮᠦᠬᠦᠯᠢᠭ ᠰᠢᠷᠤᠢ  ᠰᠢᠷᠭᠡᠭ ᠡᠪᠡᠰᠦ ᠪᠦᠬᠦᠨ ᠳᠤ ᠲᠠᠭᠤᠳᠠᠨ ᠲᠤᠭᠤᠯᠭᠠᠮᠠᠷ ᠬᠦᠭᠰᠡᠳᠡᠭ ᠰᠠᠨ᠃ ᠬᠠᠶᠢᠷᠠᠯᠠᠬᠤ ᠶᠢᠨ ᠵᠠᠶᠠᠭ᠎ᠠ᠂  ᠬᠠᠶᠢᠷᠠᠯᠠᠭᠤᠯᠬᠤ ᠶᠢᠨ  ᠵᠢᠷᠭᠠᠯ ᠬᠡᠵᠦ ᠡᠶᠢᠮᠦ ᠯᠡ ᠪᠠᠶᠢᠳᠠᠭ ᠰᠠᠨ᠃        ᠠᠳᠤᠭᠤᠨ ᠰᠢᠨᠠ ᠭᠡᠳᠡᠭ ᠭᠤᠪᠢ ᠰᠢᠯᠢ ᠠᠯᠠᠬᠯᠠᠬᠰᠠᠨ ᠨᠤᠳᠤᠭ ᠲᠤ ᠮᠠᠨᠠᠶᠢᠬᠢ ᠬᠤᠶᠡᠷ  ᠠᠶᠢᠯ ᠢᠶᠠᠷ ᠢᠶᠠᠨ  ᠬᠤᠨᠢᠨ ᠤ ᠤᠳᠤᠷ ᠲᠤ ᠭᠠᠷᠤᠬᠰᠠᠨ ᠢᠶᠠᠨ ᠮᠠᠷᠳᠠᠭ᠎ᠠ ᠦᠬᠡᠢ ᠪᠢᠵᠡ᠃ ᠰᠠᠭᠠᠬᠤ ᠰᠤᠪᠠᠢ ᠬᠡᠵᠦ ᠢᠯᠭᠠᠬᠰᠠᠨ ᠦᠬᠡᠢ ᠶᠢᠨ ᠲᠡᠭᠡᠷ᠎ᠠ ᠭᠤᠷᠪᠠᠨ ᠬᠤᠳᠠ ᠶᠢᠨ ᠬᠤᠨᠢᠳ ᠢ ᠨᠡᠶᠢᠯᠡᠬᠦᠯᠦᠭᠡᠳ ᠨᠡᠯᠦ᠋ᠢᠭᠰᠡᠨ ᠶᠡᠭᠡ  ᠰᠦᠷᠦᠭ ᠢᠶᠠᠷ  ᠨᠡᠬᠦᠯᠳᠦᠭᠰᠡᠨ  ᠰᠢᠤ  ᠳ᠋ᠠ᠃  ᠢᠵᠢᠯᠢ  ᠪᠢᠰᠢ ᠰᠦᠷᠦᠭ ᠶᠤᠮ ᠬᠤᠶᠢᠨ᠎ᠠ ᠰᠠᠯᠵᠦ ᠪᠤᠳᠠᠷᠠᠭᠠᠳ ᠠᠮᠤᠷ ᠵᠠᠶᠠᠭ᠎ᠠ  ᠦᠵᠡᠬᠦᠯᠬᠦ  ᠦᠬᠡᠢ ᠨᠢ  ᠭᠡᠴᠡᠬᠦᠦ᠃  ᠦᠨᠡᠬᠡᠷ  ᠴᠤ  ᠨᠢᠬᠡ ᠬᠤᠷᠮᠤᠢ ᠦᠯᠳᠦᠷᠡᠵᠦ  ᠬᠤᠨᠭ᠍ᠭᠤ  ᠬᠤᠯᠳᠤᠷᠠᠮᠠᠷ  ᠦᠢᠯᠡ  ᠪᠤᠯᠤᠬᠰᠠᠨ  ᠶᠤᠮ᠃  ᠲᠡᠬᠡᠬᠦ ᠪᠠᠷ  ᠪᠢ  ︽ᠬᠦᠮᠦᠨ  ᠦᠬᠡ ᠪᠠᠷ ᠲᠠᠰᠤᠯᠴᠠᠵᠦ᠂  ᠮᠠᠯ  ᠦᠨᠦᠷ ᠢᠶᠠᠷ  ᠢᠵᠢᠯᠢᠰᠢᠨ᠎ᠠ︾  ᠬᠡᠳᠡᠭ  ᠦᠬᠡ ᠶᠢᠨ  ᠰᠡᠴᠡ ᠶᠢ  ᠠᠩᠬ᠎ᠠ  ᠭᠠᠳᠠᠷᠯᠠᠬᠰᠠᠨ ᠨᠢ  ᠲᠡᠷᠡ ᠴᠠᠬ ᠠᠴᠠ᠃ ᠲᠦᠷᠦᠬᠦᠴᠢ ᠶᠢᠨ ᠬᠡᠳᠦᠨ ᠡᠳᠦᠷ ᠲᠤ ᠬᠤᠨᠢᠳ ᠤᠨ ᠰᠡᠬᠦᠯ ᠲᠤᠯᠤᠭᠠᠢ ᠲᠠᠷᠤᠵᠦ  ᠮᠠᠯ ᠤᠨ  ᠦᠨᠦᠷ  ᠲᠠᠰᠬᠠᠬᠤ ᠬᠡᠴᠡᠬᠦᠦ ᠠᠵᠦ ᠴᠡᠷᠡᠩᠳᠤᠯᠮ᠎ᠠ ᠪᠢᠳᠡ ᠬᠤᠶᠡᠷ ᠤᠨ ᠲᠤᠯᠤᠭᠠᠢ ᠲᠡᠭᠡᠷ᠎ᠠ ᠲᠤᠰᠪᠠ᠃  ᠪᠠᠷᠢᠭᠠᠳᠠ ᠶᠢᠨ  ᠪᠠᠭ᠎ᠠ  ᠰᠤᠷᠭᠠᠭᠤᠯᠢ ᠶᠢᠨ ᠭᠡᠳᠦᠨ ᠲᠠᠰᠤᠯᠭ᠎ᠠ ᠰᠢᠪᠡᠷ ᠪᠠᠶᠢᠰᠢᠩ ᠨᠤᠷᠠᠬᠤ ᠠᠶᠤᠯᠳᠠᠢ ᠪᠤᠯᠤᠬᠰᠠᠨ ᠠᠴᠠ ᠴᠢᠯᠦᠬᠡ ᠲᠠᠯᠪᠢᠬᠰᠠᠨ ᠤ ᠰᠠᠶᠢᠨ ᠨᠢ ᠮᠠᠨ  ᠲᠡᠭᠡᠷ᠎ᠠ ᠢᠷᠡᠵᠦ ᠪᠠᠶᠢᠭ᠎ᠠ ᠨᠢ ᠡᠨᠡ᠃ ᠲᠠᠷᠡ ᠨᠠᠮᠤᠷ ᠴᠢ ᠶᠢᠰᠦᠳᠠᠢ᠂ ᠪᠢ ᠠᠷᠪᠠᠳᠠᠢ ᠪᠠᠶᠢᠬᠰᠠᠨ᠃ ᠴᠢ  ᠨᠡᠳᠡ ᠶᠢ  ᠲᠠᠩᠳᠠ  ︽ᠵᠢᠭᠠᠬᠠᠨ ᠠᠬ᠎ᠠ︾ ᠬᠡᠵᠦ ᠲᠠᠭᠤᠳᠠᠳᠠᠭ᠂ ᠪᠢ ᠴᠢᠮ᠎ᠠ ᠳᠤ ᠲᠡᠩᠳᠡ ᠯᠠ ᠶᠡᠭᠡ ᠤᠪᠤᠷ ᠵᠢᠭᠠᠳᠠᠭ  ᠪᠠᠶᠢᠬᠰᠠᠨ  ᠳ᠋ᠠ᠃  ᠠᠢ  ᠵᠠᠶᠢᠯᠠᠭᠤᠯ︕ ᠪᠢᠳᠡᠬᠦᠨ ᠤ ᠡᠳᠦᠷ ᠰᠤᠨᠳᠠᠯᠠᠵᠦ ᠲᠦᠷᠦᠭᠰᠡᠨ ᠴᠢ ᠪᠢᠳᠠ ᠬᠤᠶᠡᠷ ᠬᠡᠨ ᠨᠢ ᠬᠡᠨ ᠳᠡᠭᠡᠨ ᠲᠤᠮᠤᠷᠠᠭᠠᠳ  ᠴᠤ  ᠬᠠᠮᠢᠭ᠎ᠠ  ᠬᠦᠷᠬᠦᠪ ᠳ᠋ᠧ᠃  ᠪᠤᠳᠠᠨ ᠤ  ᠪᠤᠯᠵᠤᠮᠤᠷ  ᠡᠩᠬᠡᠷ  ᠨᠦᠮᠦᠷᠢ ᠶᠢᠨ  ᠡᠬᠦᠷ ᠲᠡᠭᠡᠨ  ᠰᠢᠷᠭᠤᠬᠰᠠᠨ  ᠬᠢᠷᠠᠭᠤᠳᠦ   ᠦᠷᠯᠦᠭᠡ ᠨᠦᠭᠦᠳ ᠲᠤ ᠬᠤᠷᠤᠭᠤᠨ ᠤ ᠦᠨᠳᠡᠭᠡ ᠵᠢᠮᠵᠢᠬᠢᠨᠡᠳᠡᠯ᠎ᠠ ᠲᠠᠭᠠᠷᠠᠭᠤᠯᠬᠤ ᠪᠦᠬᠡᠳᠡᠯ᠎ᠠ ᠲᠤᠮᠤᠴᠤᠤᠯ ᠤᠨ ᠬᠢ ᠪᠠᠨ ᠦᠬᠡ ᠬᠠᠮᠠᠷ ᠠᠴᠠ ᠲᠦᠬᠡ ᠴᠤ ᠵᠦᠷᠢᠯ ᠦᠬᠡᠢ ᠪᠤᠰᠳᠠᠭ ᠢᠶᠠᠷ ᠢᠶᠠᠨ ᠪᠤᠰᠴᠦ᠂ ᠶᠠᠪᠤᠳᠠᠬ ᠢᠶᠠᠷ ᠢᠶᠠᠨ ᠶᠠᠪᠤᠵᠦ᠂ ᠬᠢᠳᠡᠭ ᠢᠶᠠᠷ ᠢᠶᠠᠨ  ᠬᠢᠬᠦ ᠠᠴᠠ  ᠦᠬᠡᠷ᠎ᠠ  ᠶᠡᠮᠡᠷ ᠵᠠᠶᠠᠭᠠᠨ ᠤ ᠲᠠᠯᠡᠩ ᠲᠦᠰᠢᠬᠦ ᠪᠤᠢ ᠳ᠋ᠠ︕ ᠲᠡᠷᠡ ᠴᠠᠬ ᠤᠨ ᠮᠠᠨ ᠤ ᠮᠡᠳᠦ  ᠬᠡᠤᠭᠡᠳ ᠤᠳ ᠲᠤ᠃  ᠶᠡᠬᠡᠴᠤᠤᠯ  ᠯᠡ  ᠲᠠᠷᠠᠭ᠎ᠠ ᠲᠠᠷᠠᠭᠠᠴᠢ ᠶᠢᠨ ᠤᠳᠤᠷᠯᠠᠬᠤ ᠨᠤᠳᠤᠭ ᠬᠠᠶᠢᠬᠤ  ᠬᠡᠵᠦ  ᠤᠬᠠᠭᠠᠨ ᠤ  ᠪᠠᠭᠤᠴᠠ  ᠵᠠᠰᠠᠨ᠎ᠠ᠃  ᠬᠠᠮᠵᠢᠶᠠᠨ ᠤ  ᠬᠦᠮᠦᠨ  ᠬᠡᠵᠦ ᠶᠠᠪᠤᠭᠤᠯᠤᠬᠰᠠᠨ ᠦᠯᠦ ᠲᠠᠨᠢᠬᠤ ᠬᠤᠶᠡᠷ ᠡᠬᠡᠴᠢ ᠯᠡ ᠮᠠᠨ ᠤ ᠬᠤᠶᠡᠭᠤᠯᠠ ᠶᠢ ᠬᠦᠮᠦᠨ ᠤ  ᠲᠤᠭᠠᠨ ᠳᠤ  ᠪᠤᠳᠤᠳᠠᠭ  ᠦᠬᠡᠢ᠃ ᠪᠤᠳᠠ ᠰᠦᠭᠡᠭ ᠤᠨ ᠴᠠᠭᠠᠨ᠎ᠠ ᠴᠢᠬᠢ ᠴᠢᠬᠢ ᠪᠠᠨ ᠡᠯᠬᠦᠴᠢᠬᠡᠮᠡᠷ ᠪᠤᠯᠵᠦ ᠰᠠᠭᠤᠬᠰᠠᠨ ᠢᠶᠠᠨ ︽ᠰᠦᠷᠦᠭ ᠲᠠᠭᠠᠵᠦ ᠲᠡᠶᠢᠯᠬᠦ ᠦᠬᠡᠢ ᠪᠠᠶᠢᠨ᠎ᠠ︾ ᠬᠡᠳ ᠬᠤᠶᠡᠷ ᠭᠤᠷᠪᠠᠨ ᠪᠠᠭᠤᠷᠠᠢ ᠶᠢ ᠡᠬᠦᠷᠴᠦ ᠴᠢᠷᠦᠬᠦ ᠶᠢᠨ ᠲᠠᠶᠢᠳᠠᠢ ᠡᠪᠦᠯᠵᠢᠶ᠎ᠠ ᠨᠦᠮᠦᠷᠢᠳᠦᠬᠦᠯᠬᠦ ᠪᠠᠷ  ᠶᠠᠪᠤᠨ᠎ᠠ᠃ ᠢᠡᠭᠬᠢᠭᠡᠳ ᠯᠡ ᠪᠢᠳᠡ ᠬᠤᠶᠠᠭᠤᠯᠠᠬᠠᠨ ᠬᠤᠷᠭᠤᠤᠯ ᠤᠨ ᠪᠠᠭᠤᠴᠠ ᠪᠠᠨ  ᠰᠡᠬᠢᠵᠦ  ᠬᠤᠴᠤᠷᠳᠠᠬ  ᠪᠠᠶᠢᠯ᠎ᠠ᠃  ᠲᠤᠮᠤᠴᠤᠤᠯ ᠤᠨ ᠠᠵᠦ ᠶᠠᠭᠠᠬᠢᠭᠠᠳ ᠡᠶᠢᠮᠦ ᠶᠠᠷᠰᠢᠭ ᠲᠠᠢ ᠪᠠᠶᠢᠳᠠᠭ ᠪᠤᠢ ᠬᠡᠵᠦ ᠲᠤᠳᠤᠷ᠎ᠠ ᠪᠠᠨ ᠭᠤᠮᠤᠷᠬᠠᠵᠦ ᠶᠠᠪᠤᠳᠠᠭ ᠮᠢᠨᠢ  ᠬᠤᠳᠠᠯ  ᠦᠬᠡᠢ᠃ ᠶᠠᠭᠠᠬᠢᠬᠤ ᠪᠠᠷ ᠢᠶᠠᠨ ᠡᠳᠦᠢ  ᠡᠷᠳᠡᠯᠡᠵᠦ  ᠬᠦᠮᠦᠨ  ᠮᠠᠯ ᠤᠨ  ᠦᠢᠯᠡ ᠶᠢ  ᠪᠠᠷᠠᠳᠠᠭ  ᠤᠯᠤᠰ  ᠪᠤᠢ  ᠬᠡᠵᠦ  ᠬᠠᠷ᠎ᠠ  ᠰᠠᠨᠠᠵᠦ ᠬᠠᠨᠴᠤᠢ ᠪᠠᠨ ᠲᠤᠭᠳᠦ᠋ᠢᠯᠠᠨ ᠤᠷᠤᠭᠤ ᠴᠢᠷᠠᠶᠢᠯᠠᠵᠦ ᠶᠠᠪᠤᠭ᠎ᠠ ᠶᠢ ᠴᠢ ᠮᠢᠨᠢ ᠬᠠᠷᠠᠭᠠᠳ᠂ ︽ᠵᠢᠭᠠᠬᠠᠨ ᠠᠬ᠎ᠠ ᠡ᠂  ᠴᠢ  ᠮᠡᠳᠡᠨ᠎ᠠ ᠤᠤ︖ ᠨᠠᠮᠤᠷ ᠤᠨ ᠰᠡᠬᠦᠯᠴᠢ ᠪᠠᠷ ᠡᠷᠳᠡ ᠶᠢᠨ  ᠬᠢᠷᠠᠭᠤ  ᠲᠤᠯᠢᠶᠠᠯᠭᠠᠬᠰᠠᠨ  ᠬᠤᠨᠢ  ᠢᠮᠠᠭᠠᠨ ᠤ  ᠲᠤᠰᠤᠨ  ᠲᠠᠷᠭᠤ  ᠰᠠᠶᠢᠨ ᠲᠤᠭᠳᠠᠳᠠᠭ ᠶᠤᠮ ᠬᠡᠨ᠎ᠠ᠂ ᠠᠪᠦ ᠬᠡᠯᠡᠵᠦ ᠦᠭᠬᠦᠭᠰᠡᠨ︾ ᠬᠡᠳ ᠲᠠᠭᠠᠷᠠᠵᠦ ᠬᠦᠷᠡᠩᠳᠦᠭᠰᠡᠨ  ᠬᠠᠴᠡᠷ ᠢᠶᠠᠨ  ᠴᠡᠮᠴᠠᠶᠢᠯᠬᠡᠨ  ᠶᠠᠭᠤ ᠨᠢᠬᠡ ᠶᠢ ᠮᠡᠳᠡᠭᠰᠡᠨ ᠪᠤᠯᠵᠦ ᠤᠯᠠᠮ ᠢᠶᠠᠷ ᠮᠢᠨᠦ ᠲᠤᠷ᠎ᠠ ᠦᠬᠡᠢ ᠶᠢ ᠬᠦᠷᠬᠡᠳᠡᠭ ᠪᠠᠶᠢᠪᠠ᠃ ᠪᠢ ᠬᠠᠷᠢᠭᠤ ᠳᠤᠨᠢ  ︽ᠲᠡᠭᠡᠳᠡᠭ  ᠯᠡ ᠪᠠᠶᠢᠬ᠎ᠠ᠂ ᠮᠠᠯ ᠲᠠᠷᠭᠤ ᠬᠦᠢᠴᠡᠵᠦ᠂ ᠮᠠᠨᠤᠰ ᠪᠡᠬᠡᠷᠡᠵᠦ ᠦᠬᠦᠬᠦ ᠨᠢ ᠡ︕︾ ᠬᠡᠳ ᠬᠡᠳᠡᠷ ᠶᠠᠳᠡᠷ  ᠦᠬᠡ  ᠦᠬᠡᠳᠡ ᠠᠴᠠ ᠨᠢ ᠴᠢᠯᠠᠭᠤᠳᠠᠪᠠᠯ᠂ ᠴᠡᠷᠡᠩᠳᠤᠯᠮ᠎ᠠ ᠶᠢᠨ ᠲᠦᠯᠦᠬᠡᠨ ᠪᠤᠷᠤ ᠨᠢᠳᠦ  ᠲᠤᠤᠷᠠᠬᠠᠨ ᠢᠶᠠᠨ  ᠰᠦᠷ  ᠮᠠᠭᠤᠳᠠᠨ᠂  ᠡᠩᠬᠡᠷ  ᠤᠷᠤᠭᠤ ᠪᠠᠨ ᠤᠨᠵᠢᠭᠤᠯᠤᠬᠰᠠᠨ  ᠰᠢᠪᠠᠬ ᠤᠨ   ᠰᠢᠷ᠎ᠠ   ᠬᠡᠵᠢᠬᠡᠨ ᠤ ᠪᠠᠨ   ᠦᠵᠦᠬᠦᠷ ᠢ   ᠮᠤᠯᠴᠠᠶᠢᠳᠠᠯ᠎ᠠ   ᠤᠯᠠᠶᠢᠬᠰᠠᠨ   ᠫᠤᠭᠰᠤᠭᠤᠷ ᠬᠤᠷᠤᠭᠤ ᠪᠠᠷ ᠢᠶᠠᠨ ᠤᠷᠢᠶᠠᠵᠦ ᠲᠠᠭᠤ ᠪᠠᠨ ᠬᠤᠷᠢᠶᠠᠨ᠎ᠠ᠃ ᠠᠢ ᠬᠠᠯᠠᠭ᠂ ᠪᠢ ᠴᠤ ᠮᠦᠨ ᠠᠬ᠎ᠠ ᠯᠡ ᠬᠡᠮᠡᠨ  ᠠᠬ᠎ᠠ  ᠪᠠᠶᠢᠬᠰᠠᠨ ᠰᠠᠠᠵᠠᠢ᠃ ᠦᠨᠡᠨ ᠢᠶᠠᠨ ᠦᠴᠢᠪᠡᠯ᠂ ᠳᠡᠳᠡᠭᠡᠷ ᠡᠳᠦᠷ ᠤᠳ ᠲᠤ ᠴᠡᠷᠡᠩᠳᠤᠯᠮ᠎ᠠ ᠲᠡᠷᠬᠡᠳᠡ ᠮᠢᠨᠢ ᠪᠠᠶᠢᠭ᠎ᠠ ᠦᠬᠡᠢ ᠰᠠᠨ ᠪᠤᠯ ᠪᠢ ᠠᠯᠢ ᠭᠡᠳᠦ᠋ᠢᠨ ᠤᠰᠤᠭᠤᠵᠦ ᠤᠨᠠᠬᠤ ᠪᠠᠶᠢᠬᠰᠠᠨ  ᠯᠡ  ᠶᠤᠮ  ᠳ᠋ᠠ᠃  ᠵᠦᠬᠡᠷ  ᠯᠡ  ᠨᠢᠬᠡ  ᠴᠠᠭᠠᠳᠤᠬᠢ ᠳᠠᠭᠠᠨ  ᠠᠬ᠎ᠠ ᠶᠢᠨ ᠤᠪᠤᠷ ᠢᠶᠠᠨ ᠬᠡᠬᠡᠬᠦ ᠦᠬᠡᠢ ᠶᠤᠮ ᠬᠡᠵᠦ ᠦᠵᠡᠬᠦᠯᠵᠦ ᠪᠠᠶᠢᠬᠤ ᠶᠢᠨ ᠰᠢᠨᠵᠢ ᠠᠴᠠ ᠪᠢᠰᠢ ᠳ᠋ᠠ᠃ ᠴᠡᠷᠡᠩᠳᠤᠯᠮ᠎ᠠ  ᠮᠢᠨᠢ︕  ᠬᠡᠷ ᠨᠤᠳᠤᠭ ᠲᠠ ᠭᠤᠷᠪᠠᠨ ᠠᠴᠠ ᠪᠠᠨ ᠡᠵᠡᠬᠦᠢ ᠳᠤ ᠪᠢ ᠴᠦ ᠡᠵᠡᠨ ᠬᠤᠷᠢᠭ᠎ᠠ ᠦᠬᠡᠢ ᠶᠠᠪᠤᠭ᠎ᠠ ᠦᠬᠡᠢ ᠰᠢᠤ ᠳ᠋ᠠ᠃ ᠡᠬᠡ  ᠤᠷᠤᠨ ᠭᠡᠳᠡᠭ ᠶᠡᠭᠡ ᠲᠡᠬᠡᠪᠦᠷ ᠤᠨ ᠨᠦᠮᠦᠷᠢ ᠳᠤ ᠠᠮᠢᠳᠤᠷᠠᠵᠦ ᠶᠠᠪᠤᠬᠤ ᠶᠢᠨ ᠪᠤᠶᠠᠨ  ᠬᠡᠰᠢᠭ ᠢ  ᠤᠬᠠᠭᠠᠷᠠᠵᠦ  ᠡᠳ᠋ᠯᠡᠬᠦ ᠳᠡᠭᠡᠨ  ᠴᠠᠭᠠᠨ ᠲᠤᠭᠤᠷᠭ᠎ᠠ ᠪᠠᠨ ᠲᠡᠯᠬᠡᠬᠦ ᠨᠤᠭᠤᠭᠠᠨ ᠲᠠᠯ᠎ᠠ ᠪᠠᠨ  ᠡᠭᠡ  ᠤᠯᠤᠰ ᠢᠶᠠᠨ  ᠬᠡᠵᠦ  ᠪᠦᠷᠢᠨ  ᠲᠠᠨᠢᠬᠰᠠᠨ᠂  ᠪᠠᠰᠠ  ᠴᠤ  ᠪᠦᠳᠦᠨ ᠬᠠᠷᠠᠬᠰᠠᠨ ᠶᠤᠮ᠃ ᠬᠢᠯᠢ ᠶᠢᠨ ᠴᠡᠷᠢᠭ ᠤᠨ ᠬᠤᠸᠠᠷᠠᠨ ᠳᠤ ᠪᠠᠶᠢᠬᠰᠠᠨ ᠤ ᠭᠤᠷᠪᠠᠳᠠᠬᠢ  ᠵᠢᠯ ᠤᠨ  ᠠᠯᠳᠠᠨ  ᠨᠠᠮᠤᠷ ᠤᠨ  ᠨᠢᠬᠡᠨ ᠦᠷᠯᠦᠬᠡᠬᠦᠷ ᠶᠤᠮᠰᠠᠨ᠃ ᠲᠠᠰᠤᠭ ᠤᠨ ᠲᠠᠷᠤᠭ᠎ᠠ ᠭᠤᠸᠠᠢ ᠬᠦᠬᠡ ᠡᠷᠢᠶᠠᠨ ᠬᠦᠪᠡᠭᠡ ᠲᠠᠢ  ᠨᠢᠬᠡᠨ  ᠲᠤᠭᠳᠤᠢ  ᠰᠠᠯᠪᠠᠯᠵᠠᠭᠤᠯᠤᠨ ᠪᠠᠷᠢᠵᠦ ᠢᠷᠡᠭᠡᠳ᠂ ︽ᠮᠠᠢ︕ ᠬᠤᠶᠠᠭ ᠡ᠂ ᠴᠢᠨᠦ ᠵᠠᠬᠢᠳᠠᠯ ᠪᠠᠶᠢᠨ᠎ᠠ︕︾ ᠬᠡᠳ ᠲᠡᠷ᠎ᠠ ᠶᠢᠨ ᠦᠵᠦᠬᠦᠷ ᠲᠡᠬᠡᠷ᠎ᠠ ᠲᠠᠯᠪᠢᠭᠠᠳ ᠭᠠᠷᠴᠦ ᠤᠳᠪᠠ᠃ ᠢᠯᠢ ᠬᠠᠯᠠᠬ᠂ ᠶᠠᠬ ᠯᠡ ᠡᠨᠡᠭᠡᠨ ᠭᠱᠠᠨ ᠳᠤ ᠠᠷᠤ ᠬᠡᠷ᠂ ᠡᠵᠢ᠂ ᠠᠬ᠎ᠠ ᠲᠡᠬᠦᠦ  ᠰᠠᠳᠦᠨ  ᠮᠢᠨᠢ  ᠲᠡᠷᠭᠡᠳᠡ ᠬᠦᠷᠦᠭᠡᠳ ᠢᠷᠡᠴᠢᠭᠡᠭᠰᠡᠨ ᠬᠡᠮᠡᠷ ᠲᠤᠳᠤᠷ᠎ᠠ ᠨᠢᠯᠬᠢᠭᠡᠳ ᠶᠠᠪᠤᠴᠢᠬᠠᠳᠠᠭ ᠪᠠᠶᠢᠬᠤ  ᠦᠬᠡᠢ  ᠤᠤ  ᠳ᠋ᠠ᠃  ︽ᠠ᠂  ᠶᠠᠬ  ᠮᠦᠨ ᠪᠠᠶᠢᠨ᠎ᠠ᠂ ᠴᠡᠷᠡᠩᠳᠤᠯᠮ᠎ᠠ ᠮᠢᠨᠢ᠂ ᠶᠠᠬ ᠴᠢᠨᠤ ᠭᠠᠷ ᠤᠨ ᠲᠢᠭ ᠮᠦᠨ ᠳ᠋ᠧ᠃︾ ᠮᠡᠨᠳᠦ ᠪᠠᠷ ᠡᠬᠢᠯᠠᠬᠦᠯᠦᠭᠰᠡᠨ ᠪᠡᠯᠬᠡᠳᠦ ᠵᠠᠬᠢᠶ᠎ᠠ ᠶᠢᠨ ᠡᠴᠦᠰ ᠲᠤ᠂ ︽ᠡᠩᠬᠡ ᠲᠤᠩᠬ᠎ᠠ ᠬᠠᠷᠢᠭᠠᠳ ᠯᠡ ᠢᠷᠡᠬᠡᠴᠢ ᠴᠢ ᠮᠢᠨᠢ᠂ ᠠᠳᠡ ᠨᠢᠬᠡ  ᠵᠢᠷᠦᠬᠡ  ᠲᠤᠭᠳᠤᠯᠤᠨ  ᠴᠤᠬᠢᠯᠵᠦ  ᠪᠤᠢ ᠰᠢᠤ︾ ᠬᠡᠰᠡᠨ ᠬᠤᠶᠠᠷᠬᠠᠨ ᠮᠦᠷ ᠦᠬᠡ ᠴᠢᠨᠢ ᠡᠷ᠎ᠠ ᠴᠡᠷᠢᠭ ᠤᠨ ᠭᠠᠨᠳᠢᠬ ᠴᠤᠭᠴᠠ ᠶᠢ ᠡᠷᠬᠡ ᠦᠬᠡᠢ ᠤᠶᠠᠰᠬᠠᠨ ᠤᠶᠠᠷᠠᠭᠠᠵᠦ ᠪᠠᠶᠢᠬᠰᠠᠨ᠃ ᠦᠨᠡᠬᠡᠷ ᠮᠢᠨᠦ ᠬᠤᠪᠢ ᠳᠤ᠂ ᠲᠡᠳᠡᠭᠡᠷ  ᠵᠢᠯ ᠤᠳ ᠲᠤ  ᠲᠡᠶᠢᠮᠦ  ᠬᠦᠴᠦᠳᠡᠢ  ᠲᠤᠭᠳᠤᠯᠤᠯ᠂  ᠡᠶᠢᠮᠦ  ᠢᠳᠡᠳᠡᠢ ᠲᠡᠪᠡᠷᠡᠬᠡᠯ ᠲᠡᠷᠡ ᠯᠡ ᠤᠳᠠᠭ᠎ᠠ ᠶᠢᠨ ᠬᠢ ᠰᠢᠭ ᠪᠤᠯᠵᠦ ᠪᠠᠶᠢᠭ᠎ᠠ ᠦᠬᠡᠢ ᠰᠢᠤ ᠳ᠋ᠠ᠂ ᠲᠤᠯᠮ᠎ᠠ ᠮᠢᠨᠢ᠃        ᠲᠡᠶᠢᠮᠦ ᠡ᠂ ᠮᠦᠨ ᠲᠡᠬᠡᠵᠦ ᠠᠮᠢᠳᠤ ᠶᠠᠪᠤᠭᠠᠳ ᠠᠬᠢᠨ ᠤᠴᠠᠷᠠᠬᠤ ᠶᠢᠨ ᠪᠡᠳᠦ ᠢᠳᠡᠬᠡᠯ ᠢ ᠡᠪᠦᠷᠯᠡᠨ ᠪᠦᠬᠦᠯᠢ ᠲᠠᠪᠤᠨ ᠵᠢᠯ ᠤᠨ ᠴᠡᠷᠢᠭ ᠤᠨ  ᠠᠯᠪᠠ ᠪᠠᠨ  ᠪᠡᠶᠡᠯᠠᠬᠦᠯᠵᠦ  ᠨᠤᠳᠤᠭ ᠲᠠᠭᠠᠨ  ᠪᠤᠴᠠᠭᠰᠠᠨ᠁  ᠴᠢᠮ᠎ᠠ ᠳᠠᠭᠠᠨ  ᠪᠢ  ᠶᠠᠭᠤ ᠪᠠᠨ  ᠴᠤ ᠬᠡᠯᠡᠬᠦ ᠠᠴᠠ ᠲᠠᠳᠠᠭᠠᠯᠵᠠᠬᠤ ᠦᠬᠡᠢ ᠪᠠᠶᠢᠨ᠎ᠠ᠃ ᠬᠡᠬᠦ ᠳᠤ᠂ ᠬᠡᠬᠦ ᠳᠤ᠂᠁ ᠶᠠᠭᠤ ᠪᠦᠬᠦᠨ ᠢ ᠮᠢᠨᠢ ᠰᠤᠨᠤᠰᠬᠤ ᠡᠷᠭᠡ  ᠴᠢᠯᠦᠬᠡ ᠴᠢᠮ᠎ᠠ ᠳᠤ ᠪᠠᠶᠢᠳᠠᠭ ᠴᠤ ᠪᠤᠯᠪᠠ ᠤᠤ ᠳ᠋ᠠ᠂ ᠬᠦᠬᠡᠷᠦᠬᠦᠢ᠃  ᠡᠨᠡᠷᠢᠯ  ᠲᠤᠳᠠᠭᠰᠠᠨ  ᠬᠤᠷᠸ᠎ᠠ  ᠬᠠᠶᠢᠷᠠᠳᠦ ᠶᠢᠨ  ᠮᠢᠨᠢ  ᠲᠠᠩᠴᠦ ᠵᠠᠯᠠᠭᠤᠬᠠᠨ ᠨᠠᠰᠦ ᠪᠠᠷ ᠵᠤᠯᠢᠶ᠎ᠠ ᠬᠢᠵᠦ᠂ ᠤᠭᠤᠷᠠᠬ ᠰᠦ ᠶᠢ ᠴᠢᠨᠢ ᠠᠮᠰᠠᠵᠦ ᠴᠤ ᠠᠮᠵᠢᠭᠠᠳᠤᠢ ᠦᠬᠢᠨ ᠦᠷ᠎ᠠ ᠪᠠᠨ  ᠤᠪᠢᠯᠭ᠎ᠠ ᠰᠠᠭᠤᠭ᠎ᠠ ᠦᠬᠡᠢ ᠡᠴᠢᠬᠡ ᠶᠢᠨ ᠬᠢᠨᠢ ᠠᠯᠠᠭᠠᠨ ᠲᠡᠭᠡᠷ᠎ᠠ ᠤᠷᠬᠢᠭᠰᠠᠨ ᠰᠢᠤ ᠳ᠋ᠠ᠁ ᠬᠡᠳᠦ᠋ᠢᠪᠡᠷ ᠲᠡᠶᠢᠮᠦ ᠪᠤᠯᠪᠠᠴᠦ᠂  ᠡᠬᠡ ᠶᠢᠨ ᠰᠦ ᠬᠠᠨᠢ ᠶᠢᠨ ᠬᠠᠶᠢᠷ᠎ᠠ ᠪᠠᠷ ᠲᠤᠳᠠᠭᠰᠠᠨ ᠦᠬᠢᠨ ᠪᠢᠳᠡ ᠬᠤᠶᠠᠭᠤᠯᠠ ᠪᠠᠨ ᠲᠦᠷᠦ ᠲᠦᠮᠡᠨ ᠤ ᠬᠢ ᠪᠠᠨ ᠬᠡᠬᠡᠨ  ᠨᠦᠮᠦᠷᠢ ᠳᠤ ᠪᠠᠭᠳᠠᠯᠴᠠᠨ ᠠᠮᠢᠳᠤᠷᠠᠬᠰᠠᠨ᠃ ᠦᠬᠢᠨ ᠴᠢᠨᠢ  ᠤᠳᠤ  ᠲᠤᠮᠦ  ᠪᠤᠯᠤᠬᠰᠠᠨ  ᠡ᠃  ᠶᠡᠭᠡ  ᠰᠤᠷᠭᠠᠭᠤᠯᠢ ᠪᠠᠨ  ᠲᠡᠬᠦᠰᠭᠡᠭᠡᠳ ᠲᠦᠷᠦ ᠶᠢᠨ ᠠᠯᠪᠠᠳᠦ ᠪᠠᠷ ᠬᠦᠳᠡᠭᠡ ᠨᠤᠳᠤᠭ ᠲᠠᠭᠠᠨ ᠪᠤᠴᠠᠨ ᠬᠤᠷᠭᠤᠯᠵᠢ ᠶᠢᠨ  ᠬᠦᠨᠳᠡᠢ ᠶᠢᠨ ᠢᠶᠠᠨ  ᠬᠠᠮᠤᠭ ᠤᠨ  ᠠᠩᠬᠠᠨ ᠤ ᠤᠶᠤᠳᠠᠨ ᠪᠠᠷᠢᠭᠠᠳᠠ ᠶᠢᠨ ᠲᠠᠷᠤᠭ᠎ᠠ ᠪᠤᠯᠤᠬᠰᠠᠨ᠁ ᠪᠢᠳᠠᠨ ᠤ ᠠᠮᠢᠳᠤᠷᠠᠯ ᠲᠡᠭᠰᠢ᠂ ᠠᠵᠢᠯ  ᠲᠡᠪᠬᠡᠷᠡᠬᠦᠨ  ᠪᠠᠶᠢᠨ᠎ᠠ᠂  ᠢᠷᠡᠬᠦ ᠮᠠᠷᠭᠠᠰᠢ ᠨᠡᠩ ᠴᠦ ᠰᠠᠶᠢᠬᠠᠨ ᠪᠤᠯᠤᠨ᠎ᠠ ᠡ᠂ ᠴᠡᠷᠡᠩᠳᠤᠯᠮ᠎ᠠ ᠮᠢᠨᠢ︕        ᠵᠠ︕  ᠤᠳᠤ  ᠬᠡᠷ  ᠵᠦᠭ ᠢᠶᠠᠨ  ᠲᠦᠬᠦᠶ᠎ᠠ  ᠳ᠋ᠧ᠂  ᠮᠠᠷᠭᠠᠰᠢ  ᠲᠡᠬᠢᠨ  ᠴᠢᠮ᠎ᠠ ᠲᠠᠢ ᠪᠠᠨ  ᠰᠡᠳᠬᠢᠯ ᠢᠶᠠᠷ ᠢᠶᠠᠨ ᠵᠤᠭᠤᠭᠳᠠᠶ᠎ᠠ᠃  
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号