● ᠨᠠ᠊ · ᠵᠢᠷᠭᠠᠯ | ᠠᠪᠤ ᠲᠡᠭᠡᠳᠤᠰ ᠠᠴᠠ ᠦᠶ᠎ᠡ ᠤᠯᠠᠷᠢᠨ ᠦᠪᠯᠡᠵᠤ ᠰᠠᠭᠤᠷᠢᠰᠢᠭᠰᠠᠨ ᠦᠡᠭ ᠰᠢᠮᠡᠯᠢᠭ ᠨᠤᠳᠤᠭ ᠲᠤ ᠮᠢᠨᠢ | ᠦᠨᠢᠷ ᠪᠠᠶᠠᠯᠢᠭ ᠦᠯᠢᠭᠡᠷ ᠲᠤᠮᠤᠭ ᠲᠠᠢ᠃ ᠲᠤᠷᠭᠠᠨ ᠪᠡᠯᠴᠢᠭᠡᠷ ᠬᠠᠯᠢᠭᠤᠷᠠᠨ ᠲᠤᠪᠤ ᠲᠤᠯᠤᠭᠠᠳ ᠰᠦᠷᠦᠭ ᠤᠨ | ᠪᠠᠷ᠎ᠠ ᠴᠠᠶᠢᠯᠵᠠᠵᠤ ᠲᠠᠩᠰᠤᠭ ᠠᠭᠤᠳᠠᠮ ᠨᠤᠳᠤᠭ ᠤᠨ ᠦᠷᠤᠴᠡᠨ ᠳᠤ ᠲᠠᠰᠢᠶ᠎ᠠ ᠪᠦᠮᠪᠦᠶᠢᠭᠰᠡᠨ ᠠᠳᠤᠭᠤᠨ ᠰᠦᠷᠦᠭ | ᠢᠨᠴᠠᠭᠠᠨᠠᠨ ᠲᠤᠪᠳᠤᠯᠤᠨ᠎ᠠ᠃ | ᠬᠦᠪᠤᠡᠭ ᠴᠠᠭᠠᠨ ᠡᠭᠦᠯᠨᠨ ᠤ ᠬᠦᠪᠪᠦᠯᠵᠡᠭᠡᠨ ᠳᠤ ᠬᠦᠨᠳᠡᠢ ᠵᠢᠯᠠᠭ᠎ᠠ ᠪᠠᠷ ᠨᠤᠮᠢᠨ ᠬᠦᠰᠢᠭᠡ ᠲᠡᠯᠭᠡᠭᠳᠡᠵᠤ᠂ | ᠬᠦᠭᠡᠮᠳᠦᠭ ᠠᠭᠤᠯᠨ ᠶᠢᠨ ᠡᠩᠭᠡᠷ ᠢᠶᠠᠷ ᠬᠦᠭᠵᠢᠯ ᠪᠠᠳᠠᠷᠠᠭᠰᠠᠨ ᠠᠶᠢᠯ ᠰᠠᠭᠤᠷᠢᠰᠢᠯ ᠵᠢᠭᠳᠡᠷᠡᠨ᠎ᠡ᠃ | ᠡᠬᠡ ᠨᠤᠳᠤᠭ ᠤᠨ ᠮᠢᠨᠢ ᠠᠭᠤᠯᠨ ᠤᠰᠤ ᠵᠢᠷᠤᠭ ᠰᠢᠭ᠋ ᠭᠤᠶᠤᠮᠰᠤᠭ᠂ ᠡᠩᠬᠡ ᠲᠤᠩᠬ᠎ᠠ ᠮᠠᠯᠴᠢᠳ ᠤᠨ | ᠦᠷᠤᠭᠡᠨ ᠳᠤ ᠪᠠᠶᠠᠷ ᠤᠨ ᠢᠨᠢᠶᠡᠳᠤ ᠴᠤᠤᠷᠢᠶᠠᠯᠠᠨ᠂ ᠤᠷᠭ᠎ᠠ ᠠᠳᠬᠤᠭᠰᠠᠨ ᠠᠳᠤᠭᠤᠴᠢᠨ ᠡᠷ᠎ᠡ ᠲᠠᠯ᠎ᠠ ᠶᠢᠨ | ᠦᠷᠤᠴᠡᠨ ᠳᠤ ᠢᠰᠭᠡᠷᠦᠨ ᠤᠷᠮ᠎ᠠ ᠵᠤᠷᠢᠭ ᠬᠦᠭᠵᠢᠩᠭᠦᠢ᠃ ︽ᠰᠢᠯᠢ ᠪᠠᠷ ᠬᠠᠷᠠᠭᠳᠠᠬᠤ ᠠᠵᠢᠷᠭ᠎ᠠ ᠠᠳᠤᠭᠤᠳ ᠢ | ᠬᠠᠷᠠᠭᠠᠴᠢ᠂ ᠰᠢᠮ᠎ᠡ ᠰᠠᠶᠢᠳᠠᠢ ᠪᠡᠯᠴᠢᠭᠡᠷ ᠤᠰᠤᠨ ᠤ ᠢᠪᠡᠭᠡᠯ ᠰᠢᠤ︾ ᠭᠡᠵᠤ ᠲᠤᠷᠠᠨ ᠢᠶᠠᠷ ᠱᠠᠭᠠᠶᠢᠬᠤ | ᠲᠤᠮᠤᠭᠠᠳᠠᠳ ᠲᠠᠩᠨᠠᠢ ᠱᠠᠭᠰᠢᠨ ᠵᠤᠭᠤᠭᠳᠠᠨ᠎ᠠ᠃ | ᠰᠠᠷᠠᠭᠤᠯ ᠬᠠᠨᠭ᠍ᠭᠠᠢ ᠶᠢᠨ ᠦᠡᠭᠰᠢᠭ ᠪᠡᠯᠴᠢᠭᠡᠷ ᠢᠶᠠᠷ ᠰᠠᠨᠠᠭ᠎ᠠ ᠲᠡᠨᠢᠭᠦᠨ ᠲᠠᠪᠬᠢᠭᠤᠯᠬᠤ ᠳᠤ ᠤᠨᠠᠭᠠᠨ | ᠪᠠᠭ᠎ᠠ ᠶᠢᠨ ᠤᠴᠢᠷ ᠶᠠᠪᠤᠳᠠᠯ ᠤᠬᠠᠭᠠᠨ ᠪᠤᠳᠤᠯ ᠳᠤ ᠲᠤᠳᠤᠷᠠᠭᠠᠳ ᠢᠷᠡᠳᠡᠭ᠃ ᠨᠠᠷᠠᠨ ᠤ ᠭᠡᠷᠡᠯ ᠰᠠᠴᠤᠷᠠᠭᠰᠠᠨ | ᠨᠠᠮᠤᠷ ᠤᠨ ᠨᠠᠯᠠᠭᠠᠷ ᠡᠳᠤᠷ᠂ ᠨᠠᠮ᠎ᠠ ᠶᠢ ᠳᠠᠭᠠᠭᠤᠯᠤᠭᠰᠠᠨ ᠨᠠᠰᠤᠳᠠᠨ ᠮᠢᠨᠢ ᠲᠠᠯ᠎ᠠ ᠶᠢᠨ ᠵᠠᠮ ᠢ ᠵᠤᠷᠢᠬᠤ ᠳᠠᠭᠠᠨ | ᠠᠭᠤᠳᠠᠮ ᠰᠠᠷᠠᠭᠤᠯ ᠨᠤᠳᠤᠭ ᠢ ᠵᠢᠭᠠᠵᠤ ᠠᠯᠢ ᠤᠵᠠᠭᠤᠷ ᠤᠨ ᠦᠯᠢᠭᠡᠷ ᠲᠤᠮᠤᠭ ᠢ ᠶᠠᠷᠢᠳᠠᠭ᠃ ᠪᠠᠯᠴᠢᠷ ᠨᠠᠰᠤᠨ ᠤ | ᠰᠤᠨᠢᠭᠤᠴᠢ ᠪᠤᠳᠤᠯ ᠳᠤ ᠬᠦᠳᠤᠯᠤᠭ᠍ᠳᠡᠨ ᠪᠠᠭᠴᠠ ᠪᠠᠭᠴᠠ ᠬᠡᠭᠡᠷ᠎ᠡ ᠶᠢᠨ ᠴᠡᠴᠡᠭ ᠢ ᠲᠡᠭᠦᠬᠦ ᠳᠡᠭᠡᠨ ᠠᠭᠰᠢᠷᠠᠭ᠎ᠠ | ᠨᠠᠰᠤᠳᠠᠨ ᠤ ᠠᠮᠳᠠᠷᠬᠠᠨ ᠶᠠᠷᠢᠵᠤ ᠪᠠᠶᠠᠷᠳᠠᠶᠢᠬᠠᠨ ᠬᠡᠯᠡᠬᠦ ᠵᠤᠭᠤᠭ ᠢ ᠢᠨᠢᠶᠡᠳᠤ ᠳᠠᠭᠤᠤ ᠲᠠᠢ ᠰᠤᠨᠤᠰᠳᠠᠭ᠃ | ᠨᠠᠰᠤᠳᠠᠨ ᠮᠢᠨᠢ ᠠᠳᠤᠷᠢᠶ᠎ᠠ ᠰᠠᠭᠤᠭᠰᠠᠨ ᠮᠠᠩᠨᠠᠢ ᠪᠠᠨ ᠢᠯᠪᠢᠵᠤ ᠠᠯᠤᠰ ᠲᠤ ᠰᠡᠬᠦᠶᠢᠬᠦ ᠠᠭᠤᠯᠠᠰ ᠤᠨ | ᠬᠢᠨᠭᠭᠠ ᠶᠢ ᠰᠢᠷᠳᠡᠭᠰᠡᠭᠡᠷ ᠦᠯᠢᠭᠡᠷ ᠵᠤᠭᠤᠭ ᠢᠶᠠᠨ ᠡᠬᠢᠯᠡᠳᠡᠭ᠃ | — ᠲᠡᠷᠡᠭᠡᠨ ᠬᠠᠷᠠᠭᠳᠠᠬᠤ ᠠᠭᠤᠯᠨ ᠶᠢ ︽ᠠᠯᠳᠠᠨ ᠤᠨᠠᠭ᠎ᠠ ᠶᠢᠨ ᠨᠤᠳᠤᠭ︾ ᠭᠡᠳᠡᠭ᠃ ᠠᠩᠬ᠎ᠠ | ᠤᠷᠢᠳᠤ ᠳᠠᠭᠠᠨ ᠠᠭᠯᠠᠭ ᠪᠢᠳᠡᠭᠦᠦ ᠠᠭᠤᠯᠨ ᠶᠢᠨ ᠡᠩᠭᠡᠷ ᠢᠶᠠᠷ ᠡᠪᠡᠰᠤ ᠮᠤᠳᠤ ᠵᠤᠬᠢᠴᠠᠭᠰᠠᠨ ᠦᠡᠭ ᠰᠢᠮᠡᠯᠢᠭ | ᠪᠡᠯᠴᠢᠭᠡᠷ ᠬᠠᠯᠢᠭᠤᠷᠠᠵᠤ᠂ ᠠᠰᠬ᠎ᠠ ᠬᠠᠳᠠ ᠶᠢᠨ ᠤᠷᠤᠢ ᠪᠠᠷ ᠠᠷᠢᠶᠠᠳᠠᠨ ᠵᠢᠭᠦᠷᠳᠡᠨ ᠡᠭᠡᠨᠡᠭᠰᠢᠵᠤ᠂ ᠠᠯᠳᠠᠨ | ᠭᠤᠷᠭᠤᠤᠯᠳᠠᠢ ᠶᠢᠨ ᠲᠤᠩᠭᠤᠳᠤᠭᠠᠨ ᠳᠤ ᠬᠠᠳᠠᠨ ᠴᠤᠤᠷᠢᠶ᠎ᠠ ᠤᠶᠠᠩᠭᠠᠷᠠᠨ᠂ ᠠᠮᠢᠳᠠᠨ ᠭᠤᠤᠯᠳᠠᠨ ᠤ ᠡᠭᠡᠰᠢᠭᠯᠡᠯ | ᠳᠤ ᠦᠡᠭᠭᠡ ᠶᠢᠨ ᠴᠡᠴᠡᠭ ᠪᠦᠵᠢᠭᠯᠡᠳᠡᠭ᠃ ᠪᠠᠶᠢᠭᠠᠯᠢ ᠶᠢᠨ ᠰᠠᠶᠢᠬᠠᠨ ᠳᠤ ᠪᠠᠶᠠᠨ ᠰᠦᠷᠦᠭ ᠦᠨᠢᠷ ᠦᠰᠴᠤ᠂ | ᠬᠤᠳᠤᠭᠤᠷ ᠲᠦᠭᠦᠷᠡᠩ ᠠᠳᠤᠭᠤᠨ ᠰᠦᠷᠦᠭ ᠬᠤᠷ ᠲᠡᠯ ᠬᠡᠶᠢᠰᠬᠡᠵᠤ᠂ ᠬᠤᠯᠠᠨ ᠰᠢᠷᠭ᠎ᠠ᠂ ᠤᠰᠤᠨ ᠵᠢᠷᠤᠭ᠎ᠠ | ᠮᠤᠷᠢᠳ ᠵᠢᠰᠤᠮ ᠢᠯᠭᠠᠷᠠᠨ ᠲᠠᠪᠬᠢᠯᠳᠤᠵᠤ᠂ ᠠᠭᠤᠯᠨ ᠶᠢᠨ ᠬᠦᠨᠳᠡᠢ ᠪᠠᠷ ᠤᠷᠭᠤᠭᠰᠠᠨ ᠤᠯᠢᠶᠠᠰᠤ᠂ ᠬᠠᠶᠢᠯᠠᠰᠤ᠂ | ᠤᠯᠠᠭᠠᠨ᠎ᠠ᠂ ᠲᠤᠯᠤᠨᠤ ᠮᠡᠳᠤ ᠶᠢᠨ ᠵᠢᠮᠢᠰᠳᠤ ᠤᠢ᠂ ᠪᠢᠳᠡᠭᠦᠦ ᠰᠢᠭᠤᠢ ᠨᠢ ᠠᠳᠤᠭᠤᠨ ᠰᠦᠷᠦᠭ ᠤᠨ ᠲᠤᠷᠭᠠᠨ | ᠪᠡᠯᠴᠢᠭᠡᠷ ᠪᠤᠯᠵᠤ᠂ ᠲᠤᠯᠠᠭᠠᠨ ᠨᠦᠮᠤᠷᠢ ᠳᠤᠨᠢ ᠬᠠᠬᠢᠷ ᠰᠢᠭᠤᠷᠭᠠᠨ ᠬᠠᠭᠰᠠᠷᠭᠠᠨ ᠵᠤᠳ ᠢ ᠦᠡᠭᠭᠡᠷᠡᠭᠦᠯᠵᠤ᠂ ᠵᠦᠭᠡᠯᠡᠨ | ᠪᠡᠯᠴᠢᠭᠡᠷ ᠲᠤᠨᠢ ᠲᠤᠰᠤᠨ ᠲᠠᠷᠭᠤ ᠲᠠᠢ ᠦᠷᠡᠵᠢᠳᠡᠭ᠃ ᠬᠠᠳᠠᠨ ᠤ ᠡᠬᠢ ᠠᠴᠠ ᠤᠨᠳᠤᠷᠤᠭᠰᠠᠨ ᠠᠷᠢᠭᠤᠨ ᠪᠤᠯᠠᠭ | ᠨᠢ ᠡᠪᠡᠰᠤ ᠴᠡᠴᠡᠭ ᠢ ᠤᠮᠳᠠᠯᠠᠨ ᠬᠠᠯᠠᠭᠤᠨ ᠵᠤᠨ ᠤ ᠤᠯᠠᠷᠢᠯ ᠳᠤ ᠬᠠᠮᠤᠭ ᠪᠦᠬᠦᠨ ᠢ ᠠᠮᠢᠯᠠᠭᠤᠯᠤᠨ ᠷᠠᠰᠢᠶᠠᠨ | ᠰᠢᠮ᠎ᠡ ᠬᠦᠷᠳᠡᠭᠡᠨ᠎ᠡ᠃ ᠨᠤᠳᠤᠭ ᠤᠰᠤᠨ ᠤ ᠢᠪᠡᠭᠡᠯ ᠳᠤ ᠠᠳᠤᠭᠤᠨ ᠰᠦᠷᠦᠭ ᠦᠷᠡᠵᠢᠨ ᠲᠦᠯᠵᠢᠵᠤ ᠠᠳᠠᠷ | ᠬᠦᠨᠳᠡᠢ ᠪᠠᠷ ᠠᠷᠪᠠ ᠬᠤᠷᠢ ᠪᠠᠷ ᠰᠦᠷᠤᠭ᠍ᠯᠡᠨ ᠡᠷᠬᠡ ᠲᠠᠪᠠ ᠪᠠᠷ ᠢᠶᠠᠨ ᠡᠭᠡᠨᠡᠭᠰᠢᠨ ᠬᠠᠷᠠᠭ᠎ᠠ ᠪᠠᠶᠠᠰᠬᠠᠳᠠᠭ᠃ | ᠨᠠᠰᠤᠳᠠᠨ ᠮᠢᠨᠢ ᠦᠯᠢᠭᠡᠷ ᠢᠶᠠᠨ ᠪᠠᠭ᠋ᠠᠨ ᠵᠤᠭᠰᠤᠵᠤ ᠳᠠᠮᠠᠬᠢᠯᠠᠬᠤ ᠵᠠᠭᠤᠷ᠎ᠠ ︽ᠮᠤᠩᠭᠤᠯ ᠬᠦᠮᠤᠨ | ᠶᠡᠷᠤᠨᠢ ᠭᠠᠯ ᠭᠤᠯᠤᠮᠳᠠ ᠪᠠᠨ ᠲᠠᠬᠢᠵᠤ ᠭᠠᠵᠠᠷ ᠤᠰᠤ ᠪᠠᠨ ᠬᠠᠶᠢᠷᠠᠯᠠᠨ ᠠᠭᠤᠯᠨ ᠰᠠᠷᠢᠳᠠᠭ ᠢᠶᠠᠨ ᠰᠢᠳᠤᠳᠡᠭ᠃ | ᠲᠦᠷᠤᠭ᠍ᠰᠡᠨ ᠨᠤᠳᠤᠭ ᠭᠡᠵᠤ ᠴᠢᠮᠬᠢ ᠰᠢᠷᠤᠢ ᠨᠢ ᠠᠯᠳᠠ᠂ ᠰᠢᠷᠭᠡᠭ ᠡᠪᠡᠰᠤ ᠨᠢ ᠴᠤ ᠡᠷᠳᠡᠨᠢ ᠶᠤᠮ ᠰᠢᠤ᠃ ᠬᠡᠵᠢᠶ᠎ᠡ | ᠴᠤ ᠭᠡᠰᠡᠨ ᠬᠠᠮᠠᠭᠠᠯᠠᠵᠤ ᠡᠪ ᠲᠤᠬᠢᠲᠠᠢ ᠡᠵᠡᠮᠳᠡᠨ ᠡᠳ᠋ᠯᠡᠵᠤ᠂ ᠤᠯᠵᠠ ᠠᠰᠢᠭ ᠦᠵᠡᠭᠰᠡᠨ ᠴᠤ ᠡᠨ᠋ᠨ ᠶᠤᠰᠤ ᠶᠢ | ᠪᠤᠤ ᠮᠠᠷᠳᠠ᠃ ᠡᠪᠡᠰᠤ ᠮᠤᠳᠤ ᠪᠠᠨ ᠬᠠᠶᠢᠷᠠᠯᠠᠨ ᠬᠢᠮᠠᠭᠠᠳᠠᠵᠤ ᠤᠰᠤ ᠭᠤᠤᠯ ᠢᠶᠠᠨ ᠬᠠᠮᠠᠭᠠᠯᠠᠨ ᠡᠵᠡᠮᠳᠡᠪᠡᠯ | ᠰᠦᠷᠦᠭ ᠮᠠᠯ ᠴᠢᠨᠢ ᠰᠦ ᠢᠪᠢᠯᠬᠦ ᠮᠡᠳᠤ ᠦᠷᠡᠵᠢᠨ ᠲᠦᠯᠵᠢᠳᠡᠭ︾ ᠭᠡᠵᠤ ᠤᠴᠢᠷ ᠲᠠᠢ ᠰᠤᠷᠭᠠᠯ ᠬᠠᠶᠢᠷᠠᠯᠠᠵᠤ | ᠦᠯᠢᠭᠡᠷ ᠢᠶᠠᠨ ᠴᠠᠰᠢ ᠵᠠᠯᠭᠠᠳᠠᠭ᠄ | — ᠬᠤᠵᠢᠮ ᠰᠡᠬᠦᠯ ᠳᠤᠨᠢ ᠬᠤᠶᠢᠬᠤᠷ ᠬᠤᠯᠵᠢᠨ ᠬᠠᠷᠢ ᠶᠢᠨ ᠲᠤᠨᠤᠭᠠᠴᠢᠳ ᠬᠦᠨᠳᠡᠢ ᠭᠤᠪᠢ ᠪᠠᠷ | ᠰᠦᠷᠤᠭ᠍ᠯᠡᠬᠦ ᠠᠳᠤᠭᠤᠨ ᠰᠦᠷᠦᠭ ᠲᠤ ᠪᠠᠶᠢᠡᠭᠭᠤ ᠬᠠᠷᠠᠭ᠎ᠠ ᠪᠡᠯᠴᠢᠭᠡᠨ ᠰᠢᠯᠤᠰᠤ ᠰᠠᠪᠢᠷᠠᠭᠤᠯᠵᠤ᠂ ᠬᠠᠷᠠᠩᠭᠤᠢ | ᠰᠦᠨᠢ ᠪᠠᠷ ᠬᠤᠯᠠᠭᠠᠶᠢᠯᠠᠨ ᠳᠡᠭᠡᠷᠡᠮᠳᠡᠵᠤ᠂ ᠲᠠᠭᠠᠷᠠᠯᠳᠤᠭᠰᠠᠨ ᠪᠦᠬᠦᠨ ᠢ ᠲᠤᠯᠤᠭᠠᠢ ᠲᠠᠷᠤᠨ ᠬᠦᠨᠤᠭᠡᠵᠤ ᠬᠤᠪᠢᠨ ᠤ | ᠰᠠᠩ ᠳᠠᠭᠠᠨ ᠲᠠᠳᠠᠳᠠᠭ ᠪᠤᠯᠵᠡᠢ᠃ ᠰᠦᠷᠦᠭ ᠠᠳᠤᠭᠤᠨ ᠠᠴᠠ ᠰᠦᠨ ᠴᠠᠭᠠᠨ ᠦᠬᠢᠨ ᠤᠨᠠᠭ᠎ᠠ ᠰᠢᠷᠬ᠎ᠠ ᠲᠠᠢ | ᠪᠡᠶ᠎ᠡ ᠪᠠᠨ ᠴᠢᠷᠤᠭ᠍ᠰᠡᠭᠡᠷ ᠪᠤᠳᠠ ᠰᠦᠬᠡᠭ ᠤᠨ ᠲᠤᠮᠳᠠᠭᠤᠷ ᠪᠤᠯᠳᠠᠨ ᠵᠢᠭᠤᠳᠠᠵᠤ ᠠᠮᠢ ᠮᠡᠨᠳᠤ ᠬᠤᠴᠤᠷᠪᠠ ᠭᠡᠨ᠎ᠡ᠃ | ᠬᠡᠵᠢᠶ᠎ᠡ ᠬᠤᠶᠢᠨ᠎ᠠ ᠨᠢ ᠬᠡᠭᠡᠷ᠎ᠡ ᠭᠠᠳᠠᠨ᠎ᠠ ᠮᠠᠯ ᠳᠤ ᠶᠠᠪᠤᠭ᠎ᠠ ᠬᠦᠮᠤᠰ ᠦᠨᠤᠴᠢᠨ ᠤᠨᠠᠭ᠎ᠠ ᠶᠢ ᠤᠯᠵᠤ ᠠᠪᠤᠭᠠᠳ | ᠬᠠᠯᠠᠭᠤᠨ ᠲᠤᠯᠠᠭᠠᠨ ᠭᠡᠷ ᠲᠡᠭᠡᠨ ᠠᠪᠴᠢᠷᠠᠵᠤ ᠰᠢᠨᠠᠭ᠎ᠠ ᠰᠦ ᠪᠠᠷ ᠤᠭᠵᠢᠨ ᠰᠢᠷᠬ᠎ᠠ ᠰᠤᠷᠪᠢ ᠶᠢ ᠨᠢ | ᠡᠳᠡᠭᠡᠷᠡᠭᠦᠯᠤᠭᠡᠳ ᠨᠤᠳᠤᠭ ᠤᠨ ᠵᠠᠬ᠎ᠠ ᠳᠠᠭᠠᠨ ᠡᠭᠡᠨᠡᠭᠰᠢᠭᠦᠯᠵᠡᠢ᠃ | ᠮᠠᠯᠴᠢᠨ ᠬᠦᠮᠤᠨ ᠤ ᠪᠤᠶᠠᠨᠳᠤ ᠰᠡᠳᠬᠢᠯ ᠳᠤ ᠮᠡᠨᠳᠤ ᠭᠠᠷᠤᠭᠰᠠ ᠰᠢᠷᠭ᠎ᠠ ᠤᠨᠠᠭ᠎ᠠ ᠮᠠᠯ ᠰᠦᠷᠦᠭ ᠲᠠᠢ | ᠨᠢ ᠢᠵᠢᠯᠳᠤᠨ ᠡᠩᠬᠡ ᠮᠡᠨᠳᠤ ᠡᠳᠤᠷ ᠬᠤᠨᠤᠭ ᠢ ᠲᠤᠭᠤᠯᠵᠤ ᠪᠢᠯᠨ᠃ ︽ᠲᠡᠭᠡᠭᠡᠳ︖︾ ᠭᠡᠵᠤ ᠶᠠᠭᠠᠷᠠᠨ | ᠠᠰᠠᠭᠤᠪᠠᠯ ᠨᠠᠰᠤᠳᠠᠨ ᠮᠢᠨᠢ ᠴᠢᠷᠠᠢ ᠲᠦᠭᠦᠷᠡᠩ ᠢᠨᠢᠶᠡᠮᠰᠤᠭ᠍ᠯᠡᠵᠤ ᠴᠠᠭᠠᠰᠢ ᠵᠠᠯᠭᠠᠵᠤ ᠶᠠᠷᠢᠨ᠎ᠠ᠄ | — ᠦᠨᠤᠴᠢᠨ ᠤᠨᠠᠭ᠎ᠠ ᠦᠰᠴᠤ ᠪᠤᠶᠢᠵᠢᠬᠤ ᠶᠢᠨ ᠳᠠᠭᠠᠤ ᠠᠭᠤᠳᠠᠮ ᠬᠠᠨᠭ᠍ᠭᠠᠢ ᠶᠢᠨ ᠡᠪᠤᠷ ᠢᠶᠠᠷ | ᠠᠳᠤᠭᠤᠨ ᠰᠦᠷᠦᠭ ᠨᠡᠮᠡᠭᠳᠡᠨ ᠬᠠᠨᠭ᠍ᠭᠢᠨᠠᠲᠠᠯ᠎ᠠ ᠦᠤᠷᠰᠡᠬᠦ ᠳᠠᠭᠤᠨ ᠳᠤᠨᠢ ᠬᠠᠮᠤᠭ ᠪᠤᠳᠠᠰ ᠪᠠᠶᠠᠰᠤᠨ ᠮᠦᠰᠢᠶᠡᠨ᠎ᠡ᠃ | ᠲᠡᠷᠨ ᠦᠶ᠎ᠡ ᠠᠴᠠ ᠯᠡ ᠬᠦᠮᠤᠰ ᠠᠳᠤᠭᠤᠨ ᠰᠦᠷᠦᠭ ᠢᠶᠠᠨ ᠬᠠᠷᠢᠭᠤᠯᠵᠤ ᠤᠰᠤ ᠭᠤᠤᠯ ᠢᠶᠠᠨ ᠲᠠᠭᠠᠨ | ᠨᠡᠭᠦᠳᠡᠯᠯᠡᠬᠦ ᠳᠡᠭᠡᠨ ᠦᠨᠢᠷ ᠦᠰᠤᠯᠳᠡ ᠶᠢ ᠪᠡᠯᠭᠡᠳᠡᠨ ︽ᠠᠯᠳᠠᠨ ᠤᠨᠠᠭ᠎ᠠ ᠶᠢᠨ ᠨᠤᠳᠤᠭ︾ ᠭᠡᠵᠤ ᠠᠭᠯᠠᠭ | ᠠᠭᠤᠯᠨ ᠶᠢ ᠨᠡᠷᠡᠯᠡᠪᠡ ᠭᠡᠨ᠎ᠡ᠃ | ᠨᠠᠰᠤᠳᠠᠨ ᠤ ᠶᠠᠷᠢᠭᠰᠠᠨ ᠦᠯᠢᠭᠡᠷ ᠢ ᠰᠤᠨᠤᠰᠬᠤ ᠪᠦᠷᠢ ᠤᠷᠮ᠎ᠠ ᠰᠡᠳᠬᠢᠯ ᠬᠦᠭᠵᠢᠨ ᠤᠯᠠᠨ ᠪᠤᠳᠤᠯ | ᠡᠷᠬᠢᠯᠳᠤᠨᠡ᠃ ᠮᠠᠯᠴᠢᠳ ᠤᠳᠤᠷ ᠨᠡᠭᠦᠳᠡᠯ ᠢᠶᠠᠷ ᠮᠠᠯᠵᠢᠬᠤ ᠳᠠᠭᠠᠨ ᠬᠠᠶ᠋ᠨ ᠦᠭᠡᠢ ᠬᠠᠷᠠᠭᠳᠠᠬᠤ ᠠᠳᠤᠭᠤᠨ ᠰᠦᠷᠦᠭ | ᠢᠶᠠᠨ ᠪᠠᠭ᠋ᠠᠷᠬᠠᠵᠤ ᠬᠠᠨ ᠬᠤᠷᠮᠤᠰᠳᠠ ᠶᠢᠨ ᠬᠦᠯᠦᠭ ᠭᠡᠵᠤ ᠬᠠᠯᠠᠭᠤᠨ ᠵᠤᠭᠤᠭ ᠲᠡᠯᠭᠡᠨ ︽ᠠᠯᠳᠠᠨ ᠤᠨᠠᠭ᠎ᠠ︾ | ᠶᠢᠨ ᠦᠯᠢᠭᠡᠷ ᠢ ᠠᠮᠳᠠᠷᠬᠠᠨ ᠬᠦᠤᠷᠨᠢᠯᠳᠤᠵᠤ᠂ ᠡᠪᠤᠭᠡᠳ ᠨᠠᠰᠤᠳᠠᠳ ᠮᠢᠨᠢ ᠠᠭᠤᠯᠨ ᠤᠰᠤ ᠪᠠᠨ ᠰᠢᠳᠦᠵᠤ | ︽ᠠᠯᠳᠠᠨ ᠤᠨᠠᠭ᠎ᠠ ᠡᠭᠦᠷᠢᠳᠡ ᠤᠷᠤᠰᠢᠨ ᠡᠭᠡᠨᠡᠭᠰᠢᠳᠤᠭᠡᠢ︾ ᠭᠡᠵᠤ ᠠᠯᠠᠭ᠎ᠠ ᠬᠠᠮᠳᠤᠳᠬᠠᠨ ᠵᠦᠡᠭᠨᠡᠳᠡᠭ᠃ | ᠵᠦᠭᠡᠯᠡᠨ ᠰᠠᠯᠬᠢ ᠰᠡᠷᠴᠢᠬᠢᠨᠡᠵᠤ ᠬᠡᠭᠡᠷ᠎ᠡ ᠲᠠᠯ᠎ᠠ ᠶᠢᠨ ᠲᠤᠰᠤᠯᠢᠭ ᠪᠡᠯᠴᠢᠭᠡᠷ ᠢ ᠰᠡᠪᠡᠯᠵᠡᠭᠦᠯᠤᠨ᠂ ᠨᠠᠮᠤᠷ | ᠤᠨ ᠡᠭᠦᠯᠨ ᠨᠡᠭᠦᠳᠡᠯᠯᠡᠬᠦ ᠳᠤ ᠠᠳᠤᠭᠤᠨ ᠰᠦᠷᠦᠭ ᠨᠤᠳᠤᠭ ᠵᠦᠭ ᠢᠶᠠᠨ ᠴᠤᠪᠤᠷᠠᠯᠳᠤᠨ ᠦᠤᠷᠰᠡᠨ ᠴᠤᠪᠬᠤᠴᠠᠬᠤ | ᠳᠠᠭᠤᠨ ᠨᠢ ᠬᠤᠯᠨ ᠶᠢᠨ ᠬᠤᠯᠨ ᠳᠤ ᠴᠤᠤᠷᠢᠶᠠᠯᠠᠨ ᠠᠯᠠᠭ ᠴᠡᠴᠡᠭ ᠤᠨ ᠮᠢᠷᠠᠯᠵᠠᠭᠠᠨ ᠳᠤ ᠦᠵᠡᠮᠵᠢ ᠬᠤᠤᠰᠯᠠᠨ᠎ᠠ᠃ | ᠦᠶᠤᠭ᠌ ᠰᠡᠳᠬᠢᠯᠳᠤ ᠮᠠᠯᠴᠢᠳ ᠮᠢᠨᠢ ᠠᠳᠤᠭᠤᠨ ᠰᠦᠷᠦᠭ ᠢᠶᠠᠨ ᠦᠰᠬᠡᠵᠤ ᠡᠬᠡ ᠤᠷᠤᠨ ᠤ | ᠪᠦᠳᠤᠭᠡᠨ ᠪᠠᠶᠢᠭᠤᠯᠤᠯᠳᠠ ᠳᠤ ᠦᠪᠡᠷᠰᠡᠳ ᠤᠨ ᠦᠨᠡᠨᠴᠢ ᠴᠠᠶᠢᠯᠭᠠᠨ ᠵᠢᠳᠭᠦᠯ ᠢᠶᠠᠨ ᠡᠷᠭᠦᠭᠰᠡᠭᠡᠷ ᠢᠷᠡᠭᠰᠡᠨ ᠢ | ᠲᠡᠤᠬᠡ ᠴᠠᠳᠢᠭ ᠲᠤ ᠲᠤᠳᠤᠷᠬᠠᠢ ᠲᠡᠮᠳᠡᠭᠯᠡᠨ᠎ᠡ᠃ | ᠡᠬᠡ ᠤᠷᠤᠨ ᠤ ᠴᠢᠯᠤᠭᠡᠯᠡᠯᠳᠠ ᠶᠢᠨ ᠦᠶ᠎ᠡ ᠳᠤ ᠴᠡᠷᠢᠭ ᠤᠨ ᠠᠭᠳᠠ ᠲᠠᠳᠠᠬᠤ ᠪᠠᠷ ᠴᠢᠮᠡᠭᠡ ᠵᠠᠷᠯᠢᠭ | ᠢᠷᠡᠭᠰᠡᠨ ᠳᠤ ᠨᠢᠩᠵᠢᠨ ᠰᠡᠳᠬᠢᠯᠲᠤ ᠮᠠᠯᠴᠢᠳ ᠮᠢᠨᠢ ᠬᠠᠮᠤᠭ ᠰᠠᠶᠢᠨ ᠠᠭᠳᠠ ᠮᠤᠷᠢ ᠪᠠᠨ ᠡᠮᠤᠨ᠎ᠡ ᠹᠷᠤᠨᠲ ᠲᠤ | ᠬᠦᠷᠭᠡᠭᠡᠳ ᠵᠠᠯᠢᠬᠠᠢ ᠲᠠᠶᠢᠰᠤᠨ ᠢ ᠤᠰᠠᠳᠬᠠᠬᠤ ᠳᠤ ᠠᠭᠤᠤ ᠭᠠᠪᠢᠶ᠎ᠠ ᠪᠠᠶᠢᠭᠤᠯᠤᠨ ︽ᠠᠯᠳᠠᠨ ᠤᠨᠠᠭ᠎ᠠ ᠶᠢᠨ | ᠨᠤᠳᠤᠭ︾ ᠤᠨ ᠠᠯᠳᠠᠷ ᠠᠷᠪᠠᠨ ᠵᠦᠭ ᠲᠤ ᠮᠠᠨᠳᠤᠵᠡᠢ᠃ ᠡᠬᠡ ᠨᠤᠳᠤᠭ ᠠᠴᠠ ᠪᠠᠨ ᠠᠭᠳᠠ ᠬᠦᠯᠤᠭ᠌ ᠲᠡᠭᠡᠨ | ᠮᠤᠷᠳᠠᠨ ᠠᠷᠠᠳ ᠤᠨ ᠴᠡᠷᠢᠭ ᠲᠤ ᠶᠠᠪᠤᠭᠰᠠᠨ ᠡᠷᠡᠯᠬᠡᠭ ᠮᠤᠩᠭᠤᠯ ᠦᠷᠡᠰ ᠤᠳ ᠲᠦᠮᠡᠨ ᠪᠡᠷᠬᠡ ᠮᠢᠩᠭᠠᠨ | ᠪᠠᠷᠳᠠᠭ᠎ᠠ ᠶᠢ ᠲᠤᠭᠤᠯᠵᠤ᠂ ᠠᠯᠤᠰ ᠬᠢᠵᠠᠭᠠᠷ ᠤᠨ ᠤᠷᠤᠨ ᠳᠤ ᠠᠮᠢ ᠴᠦᠯᠡᠨ ᠲᠡᠮᠡᠴᠡᠵᠤ᠂ ᠮᠤᠩᠭᠤᠯ ᠬᠦᠮᠤᠨ ᠤ | ᠪᠠᠭᠠᠳᠤᠷ ᠵᠤᠷᠢᠭ ᠢ ᠬᠢᠯᠠᠯᠵᠠᠭᠤᠯᠤᠭᠠᠳ᠂ ᠮᠤᠩᠭᠤᠯ ᠨᠤᠳᠤᠭ᠂ ᠮᠤᠩᠭᠤᠯ ᠮᠤᠷᠢᠨ ᠤ ᠬᠡᠶᠢᠮᠤᠷᠢ ᠰᠦᠷ ᠢ ᠮᠠᠨᠳᠤᠭᠤᠯᠵᠤ | ᠲᠡᠤᠬᠡᠨ ᠬᠠᠭᠤᠳᠠᠰᠤᠨ ᠳᠤ ᠢᠯᠠᠭᠤᠭᠰᠠᠨ ᠮᠦᠷ ᠢᠶᠠᠨ ᠲᠤᠷᠠᠶᠢᠯᠭᠠᠪᠠ᠃ | ᠤᠨ ᠵᠢᠯ ᠤᠷᠤᠰᠤᠨ ᠦᠡᠭᠭᠡᠷᠡᠬᠦ ᠳᠤ ᠤᠷᠢᠳᠤ ᠶᠢᠨ ᠲᠤᠮᠤᠭ ᠢ ᠨᠤᠳᠤᠭ ᠤᠨ ᠬᠦᠮᠤᠰ ᠮᠢᠨᠢ ᠤᠯᠠᠮᠵᠢᠯᠠᠨ | ᠶᠠᠷᠢᠵᠤ᠂ ᠦᠷ᠎ᠡ ᠬᠤᠶᠢᠴᠢᠰ ᠲᠠᠭᠠᠨ ᠦᠪ ᠰᠤᠶᠤᠯ ᠤᠨ ᠰᠤᠷᠭᠠᠯ ᠬᠠᠶᠢᠷᠠᠯᠠᠵᠤ᠂ ᠦᠨᠢᠷ ᠰᠠᠶᠢᠬᠠᠨ ᠮᠠᠷᠭᠠᠰᠢ ᠶᠢᠨ | ᠵᠦᠡᠭᠨᠡᠯ ᠲᠠᠯᠪᠢᠬᠤ ᠳᠠᠭᠠᠨ᠄ ︽ᠬᠤᠵᠢᠮ ᠲᠠᠨᠠᠷ ᠦᠭᠡᠯᠡᠢ ᠪᠤᠯᠪᠠᠯ ᠦᠡᠭᠭᠡᠷᠡᠭᠰᠡᠨ ᠪᠠ ᠡᠳᠤᠭᠡ ᠶᠢᠨ ᠬᠡᠷᠡᠭ ᠤᠴᠢᠷ | ᠤᠨ ᠦᠨᠳᠤᠰᠤ ᠰᠢᠯᠳᠠᠭᠠᠨ ᠢ ᠦᠪᠴᠢ ᠤᠶᠢᠯᠠᠭᠠᠵᠤ ᠤᠬᠠᠭᠠᠵᠢᠬᠤ ᠶᠤᠮ᠃ ᠤᠨᠠᠭᠰᠠᠨ ᠰᠢᠷᠤᠢ ᠤᠤᠭᠤᠭᠰᠠᠨ | ᠤᠰᠤ ᠪᠠᠨ ᠬᠠᠮᠠᠭᠠᠯᠠᠵᠤ ᠶᠠᠪᠤᠬᠤ ᠪᠠᠨ ᠪᠤᠤ ᠮᠠᠷᠳᠠ᠃ ᠦᠷᠭᠡᠨ ᠬᠦᠨᠵᠡᠭᠡᠢ ᠮᠡᠳᠡᠯᠭᠡ ᠪᠤᠯᠪᠠᠰᠤᠷᠠᠯ ᠢ ᠡᠵᠡᠮᠰᠢᠨ | ᠦᠢᠯᠡᠰ ᠤᠨ ᠬᠠᠷᠭᠤᠢ ᠲᠤᠷᠠᠶᠢᠯᠭᠠᠵᠤ ᠶᠠᠪᠤ︾ ᠭᠡᠵᠤ ᠵᠠᠯᠠᠭᠤ ᠪᠠᠭᠠᠴᠤᠤᠯ ᠢ ᠵᠢᠭᠠᠨ ᠰᠤᠷᠭᠠᠳᠠᠭ ᠡᠴᠨᠷᠢᠳᠢ ᠰᠢᠳᠢ | ᠲᠠᠢ ᠠᠯᠳᠠᠨ ᠤᠨᠠᠭ᠎ᠠ ᠶᠢᠨ ᠰᠠᠶᠢᠬᠠᠨ ᠲᠤᠮᠤᠭ ᠠᠶᠢᠯ ᠤᠨ ᠬᠦᠮᠤᠰ ᠲᠤ ᠡᠷᠬᠢᠴᠡᠭᠦᠯᠤᠭ᠍ᠳᠡᠨ ᠶᠠᠷᠢᠭᠳᠠᠭᠰᠠᠭᠠᠷ | ᠢᠷᠡᠪᠡ᠃ | ᠴᠠᠶᠢᠯᠭᠠᠨ ᠰᠡᠳᠬᠢᠯᠲᠤ ᠮᠠᠯᠴᠢᠳᠮᠠᠨᠢ ᠴᠠᠭ ᠤᠨ ᠰᠠᠶᠢᠬᠠᠨ ᠳᠤ ᠪᠠᠶᠠᠰᠴᠤ᠂ ᠡᠷᠬᠡ ᠵᠢᠷᠭᠠᠯ ᠲᠠᠢ | ᠡᠩᠬᠡ ᠶᠢᠨ ᠠᠮᠢᠳᠤᠷᠠᠯ ᠢᠶᠠᠨ ᠴᠤᠭᠴᠠᠯᠠᠬᠤ ᠳᠠᠭᠠᠨ ︽ᠠᠯᠳᠠᠨ ᠤᠨᠠᠭ᠎ᠠ ᠶᠢᠨ ᠲᠤᠮᠤᠭ︾ ᠢ ᠠᠮᠢᠯᠠᠨ | ᠰᠡᠷᠭᠦᠭᠡᠵᠤ᠂ ᠠᠶᠢᠷᠠᠭ ᠲᠠᠷᠠᠭ ᠪᠢᠯᠬᠠᠭᠰᠠᠨ ᠤᠯᠠᠷᠢᠯ ᠤᠨ ᠪᠠᠶᠠᠨ ᠢ ᠰᠤᠩᠭᠤᠨ ᠠᠭᠤᠯᠨ ᠬᠠᠶᠢᠷᠬᠠᠨ ᠳᠠᠭᠠᠨ | ᠲᠠᠬᠢᠯᠭ᠎ᠠ ᠲᠠᠯᠪᠢᠵᠤ ᠦᠯᠵᠡᠢ ᠬᠡᠶᠢᠮᠤᠷᠢ ᠬᠤᠷᠤᠶᠢᠯᠠᠨ ︽ᠮᠠᠯ ᠰᠦᠷᠦᠭ ᠮᠢᠨᠢ ᠦᠷᠡᠵᠢᠨ ᠲᠦᠯᠵᠢᠭ᠂ ᠮᠢᠩᠭᠠᠨ | ᠠᠭᠳᠠ ᠶᠢᠨ ᠰᠦᠷᠦᠭ ᠲᠠᠪᠬᠢᠭ︾ ᠭᠡᠵᠤ ᠬᠤᠳᠠᠯᠨ ᠤᠯᠠᠨ ᠢᠶᠠᠷ ᠢᠶᠠᠨ ᠨᠡᠷᠭᠢᠯᠳᠤᠨ ᠬᠤᠵᠢᠮ ᠢᠷᠡᠭᠡᠳᠤᠢ ᠪᠠᠨ | ᠪᠡᠯᠭᠡᠳᠡᠳᠡᠭ᠃ | ᠠᠯᠳᠠᠨ ᠤᠨᠠᠭ᠎ᠠ ᠶᠢᠨ ᠲᠤᠮᠤᠭ ᠬᠦᠮᠤᠰ ᠢ ᠰᠡᠭᠡᠭᠡᠷᠡᠭᠦᠯᠵᠤ᠂ ᠢᠳᠡᠭᠡᠯ ᠳᠤᠨᠢ ᠬᠦᠴᠤᠨ ᠨᠡᠮᠡᠨ ᠦᠢᠯᠡᠰ | ᠲᠤᠨᠢ ᠵᠢᠭᠦᠷ ᠪᠦᠷᠢᠳᠤᠭᠦᠯᠵᠤ᠂ ᠢᠷᠡᠭᠡᠳᠤᠢ ᠳᠤᠨᠢ ᠤᠬᠠᠭᠠᠨ ᠢᠪᠡᠭᠡᠨ᠎ᠡ᠃ ᠠᠵᠢᠯᠴᠢ ᠰᠤᠷᠳᠠᠯ ᠲᠠᠢ ᠮᠤᠩᠭᠤᠯ | ᠲᠤᠭᠠᠳᠠᠳ ᠮᠢᠨᠢ ᠠᠭᠯᠠᠭ ᠬᠢᠨᠭ᠍ᠭᠠᠨ ᠲᠦᠰᠢᠯᠭᠡ ᠲᠠᠢ ᠠᠷᠤ ᠪᠤᠮᠪᠠ ᠶᠢᠨ ᠤᠷᠤᠨ ᠮᠡᠳᠤ ᠠᠷᠢᠭᠤᠨ ᠬᠦᠳᠡᠭᠡ | ᠨᠤᠳᠤᠭ ᠢᠶᠠᠨ ᠨᠤᠮᠢᠨ ᠦᠡᠭᠭᠡ ᠪᠠᠷ ᠴᠢᠮᠡᠭᠯᠡᠵᠤ᠂ ᠡᠪᠡᠰᠤ ᠮᠤᠳᠤ ᠪᠠᠨ ᠦᠭᠦᠬᠡᠷᠳᠤᠨ ᠠᠮᠢᠵᠢᠷᠠᠭᠤᠯᠵᠤ᠂ | ᠬᠦᠨᠳᠡᠢ ᠭᠤᠪᠢ ᠪᠠᠨ ᠬᠦᠭᠡᠮᠳᠤᠭ᠌ ᠦᠵᠡᠮᠵᠢ ᠪᠠᠷ ᠰᠢᠨᠡᠳᠬᠡᠵᠡᠢ᠃ ᠨᠤᠳᠤᠭ ᠤᠨ ᠠᠭᠤᠯᠠᠰ ᠮᠢᠨᠢ ᠴᠤᠭ | ᠰᠦᠯᠳᠡ ᠪᠠᠨ ᠲᠠᠬᠢᠨ ᠬᠢᠯᠠᠯᠵᠠᠭᠤᠯᠵᠤ᠂ ᠦᠨᠢᠷ ᠬᠦᠭᠵᠢᠯ ᠤᠨ ᠢᠪᠡᠭᠡᠯ ᠤᠨᠳᠤᠷᠴᠤ᠂ ᠰᠦᠷᠦᠭ ᠢᠶᠠᠨ ᠬᠠᠷᠠᠭᠠᠳ | ᠴᠢᠯᠠᠭᠤᠳ ᠨᠢ ᠮᠦᠰᠢᠶᠡᠵᠤ᠂ ᠵᠢᠰᠤ ᠪᠠᠨ ᠲᠤᠯᠢᠳᠠᠭᠠᠳ ᠰᠢᠭᠤᠢ ᠨᠢ ᠪᠦᠵᠢᠭᠯᠡᠵᠤ᠂ ᠠᠭᠤᠯᠨ ᠪᠠᠨ ᠪᠠᠭ᠋ᠠᠳᠤᠭᠠᠳ | ᠰᠢᠪᠠᠭᠤᠳ ᠨᠢ ᠡᠭᠡᠰᠢᠭᠯᠡᠯ᠎ᠡ᠃ ᠵᠡᠷᠭᠡᠯᠭᠡᠨ ᠲᠠᠳᠠᠬᠤ ᠠᠭᠤᠯᠨ ᠶᠢᠨ ᠪᠡᠯ ᠢᠶᠠᠷ ᠨᠤᠮᠢᠨ ᠲᠠᠪᠠᠯᠭᠠᠨ ᠦᠶᠡᠯᠵᠡᠵᠤ᠂ | ᠵᠢᠷᠪᠡᠯᠵᠡᠨ ᠲᠠᠪᠬᠢᠬᠤ ᠠᠳᠤᠭᠤᠨ ᠤ ᠪᠠᠷ᠎ᠠ ᠪᠠᠷ ᠡᠪᠡᠰᠤ ᠮᠤᠳᠤ ᠮᠢᠷᠠᠯᠵᠠᠵᠤ᠂ ᠲᠠᠯ᠎ᠠ ᠶᠢᠨ ᠪᠡᠯᠴᠢᠭᠡᠷ ᠲᠤ | ᠠᠳᠤᠭᠤᠨ ᠰᠦᠷᠦᠭ ᠢᠳᠡᠰᠢᠯᠡᠨ ᠨᠤᠭᠤᠷᠠᠰᠢ ᠦᠭᠡᠢ ᠠᠮᠢᠳᠤᠷᠠᠯ ᠤᠨ ᠤᠷᠢᠶ᠎ᠠ ᠬᠠᠨᠭ᠍ᠬᠢᠨᠠᠵᠤ᠂ ᠠᠭᠤᠯᠨ ᠶᠢᠨ | ᠰᠠᠬᠢᠭᠤᠰᠤ ᠪᠠᠶᠠᠰᠤᠨ ᠤᠡᠭᠭᠤᠨ ᠰᠦᠷ ᠨᠢ ᠰᠡᠷᠭᠦᠨ᠎ᠡ᠃ ᠠᠯᠳᠠᠨ ᠤᠨᠠᠭ᠎ᠠ ᠶᠢᠨ ᠲᠤᠮᠤᠭ ᠦᠶ᠎ᠡ ᠶᠢᠨ ᠦᠶ᠎ᠡ ᠳᠤ | ᠤᠯᠠᠮᠵᠢᠯᠠᠭᠳᠠᠵᠤ᠂ ᠠᠳᠤᠭᠤᠨ ᠰᠦᠷᠦᠭ ᠤᠨ ᠦᠤᠷᠰᠡᠭᠡᠨ ᠠᠯᠤᠰ ᠤᠨ ᠠᠯᠤᠰ ᠲᠤ ᠲᠠᠭᠤᠷᠢᠰᠴᠤ᠂ ᠠᠭᠳᠠ ᠶᠢᠨ | ᠨᠢᠷᠤᠭᠤᠨ ᠳᠤ ᠢᠰᠭᠡᠷᠴᠤ ᠴᠤᠭᠬᠢᠭᠤᠯᠬᠤ ᠠᠳᠤᠭᠤᠴᠢᠨ ᠠᠭᠤᠯᠨ ᠪᠠᠨ ᠲᠠᠭᠠᠭᠰᠠᠨ ᠪᠡᠯᠴᠢᠭᠡᠷ ᠲᠦᠭᠦᠷᠡᠩ | ᠠᠭᠳᠠ ᠶᠢᠨ ᠲᠦᠪᠡᠷᠭᠡᠨ ᠢ ᠴᠢᠩᠨᠠᠵᠤ᠂ ᠠᠯᠳᠠᠨ ᠤᠨᠠᠭ᠎ᠠ ᠮᠢᠨᠢ ︽ᠭᠤᠷᠤᠢ᠂ ᠭᠤᠷᠤᠢ︾ ᠭᠡᠵᠤ ᠳᠠᠭᠤᠯᠠᠬᠤ ᠨᠢ | ᠤᠶᠠᠩᠭᠠᠷᠠᠨ ᠴᠤᠤᠷᠢᠶᠠᠳᠤᠨ᠎ᠠ᠃ | ᠠᠯᠳᠠᠨ ᠤᠨᠠᠭ᠎ᠠ ᠮᠢᠨᠢ ᠨᠢᠰᠤᠨ ᠲᠡᠭᠦᠯᠢᠭᠴᠢ︕ ᠠᠶᠤᠩᠭ᠎ᠠ ᠴᠠᠬᠢᠯᠭᠠᠨ ᠰᠢᠭ᠋ ᠠᠳᠤᠭᠤᠳ ᠤᠨ ᠮᠢᠨᠢ | ᠲᠠᠪᠬᠢᠭ᠎ᠠ ᠪᠤᠯ ᠡᠬᠡ ᠨᠤᠳᠤᠭ ᠤᠨ ᠮᠢᠨᠢ ᠰᠦᠯᠳᠡ ᠵᠢᠪᠬᠤᠭ᠎ᠠ᠂ ᠦᠭᠡᠳᠡᠯᠡᠯ ᠲᠡᠭᠵᠢᠷᠡᠯ ᠤᠨ ᠪᠡᠯᠭᠡᠲᠤ ᠰᠤᠪᠢᠡᠭ᠃ | ᠠᠯᠳᠠᠨ ᠤᠨᠠᠭ᠎ᠠ ᠶᠢᠨ ᠨᠤᠳᠤᠭ ᠤᠶᠠᠩᠭ᠎ᠠ ᠳᠠᠭᠤᠤ ᠶᠢᠨ ᠡᠭᠡᠰᠢᠭ ᠲᠠᠢ᠂ ᠠᠷᠢᠭᠤᠨ ᠴᠠᠶᠢᠯᠭᠠᠨ | ᠮᠠᠯᠴᠢᠳ ᠤᠨ ᠠᠰᠢᠲᠠ ᠪᠠᠭ᠋ᠠᠳᠤᠬᠤ ᠬᠠᠯᠠᠭᠤᠨ ᠦᠯᠤᠭᠡᠢ᠃ | |