ᠬᠦᠬᠡᠬᠤᠲᠠ ᠵᠢᠨ ᠶᠠᠫᠤᠨ ᠢ ᠡᠰᠡᠷᠭᠦᠴᠡᠭᠰᠡᠨ ᠲᠡᠦᠭᠡ ︵ᠨᠢᠭᠡ︶ ᠬᠦᠬᠡᠬᠤᠲᠠ ᠡᠵᠡᠯᠡᠭᠳᠡᠭᠰᠡᠨ ᠨᠢ
ᠨᠡᠶᠢᠲᠡᠯᠡᠭᠰᠡᠨ ᠴᠠᠭ᠄
2020-05-25
     1937 ᠤᠨ ᠤ 7 ᠳ᠋ᠤᠭᠠᠷ ᠰᠠᠷ᠎ᠠ ᠵᠢᠨ 7 ᠦ ᠡᠳᠦᠷ᠂ ᠶᠠᠫᠤᠨ ᠡᠵᠡᠷᠭᠡᠭ ᠲᠦᠷᠢᠮᠡᠬᠡᠶᠢᠳᠡᠨ ᠬᠤᠤᠪᠢᠯᠳᠤᠵᠤ ᠯᠦ ᠭᠸᠦ ᠴᠢᠶᠣᠣ ᠬᠦᠭᠦᠷᠭᠡ ᠵᠢᠨ ᠬᠡᠷᠡᠭ ᠬᠤᠪᠢᠰᠤᠯ ᠢ ᠡᠭᠦᠰᠭᠡᠨ᠂ ᠮᠠᠨ ᠤ ᠤᠯᠤᠰ ᠲᠤ ᠪᠦᠬᠦ ᠲᠠᠯ᠎ᠠ ᠵᠢᠨ ᠲᠦᠷᠢᠮᠡᠭᠡᠶᠢᠯᠡᠯ ᠶᠠᠪᠤᠭᠤᠯᠤᠭᠰᠠᠨ ᠶᠤᠮ᠃ ᠡᠭᠦᠨ ᠡᠴᠡ ᠡᠬᠢᠯᠡᠵᠦ᠂ ᠲᠤᠮᠳᠠᠳᠤ ᠤᠯᠤᠰ ᠤᠨ ᠡᠯ᠎ᠡ ᠦᠨᠳᠦᠰᠦᠳᠡᠨ ᠦ ᠠᠷᠠᠳ ᠲᠦᠮᠡᠨ ᠦ ᠶᠠᠫᠤᠨ ᠢ ᠡᠰᠡᠷᠭᠦᠴᠡᠬᠦ ᠦᠨᠳᠦᠰᠦᠳᠡᠨ ᠦ ᠴᠢᠯᠤᠭᠡᠯᠡᠯᠲᠡ ᠵᠢᠨ ᠲᠠᠶᠢᠨ ᠴᠤ ᠪᠦᠬᠦ ᠲᠠᠯ᠎ᠠ ᠪᠡᠷ ᠡᠬᠢᠯᠡᠵᠦ᠂ ᠲᠤᠮᠳᠠᠳᠤ ᠤᠯᠤᠰ ᠤᠨ ᠲᠡᠥᠭᠡ ᠶᠠᠫᠤᠨ ᠢ ᠡᠰᠡᠷᠭᠦᠴᠡᠬᠦ ᠲᠠᠶᠢᠨ ᠤ ᠴᠠᠭ ᠦᠶ᠎ᠡ ᠳᠦ ᠤᠷᠤᠵᠠᠢ᠃      ᠬᠦᠬᠡᠬᠤᠲᠠ ᠪᠣᠯ ᠮᠠᠨ ᠤ ᠤᠯᠤᠰ ᠤᠨ ᠤᠮᠠᠷᠠᠳᠤ ᠤᠷᠤᠨ ᠤ ᠴᠢᠬᠤᠯᠠ ᠭᠠᠵᠠᠷ᠂ ᠤᠷᠳᠤ ᠬᠤᠭᠤᠴᠠᠭᠠᠨ ᠤ ᠲᠡᠦᠭᠡᠨ ᠬᠦᠭᠵᠢᠯᠲᠡ ᠵᠢᠨ ᠶᠠᠪᠤᠴᠠ ᠳᠤ ᠦᠪᠦᠷ ᠮᠤᠩᠭᠤᠯ ᠤᠷᠤᠨ ᠤ ᠤᠯᠤᠰ ᠲᠥᠷᠥ᠂ ᠠᠵᠤ ᠠᠬᠤᠢ᠂ ᠰᠤᠶᠤᠯ ᠤᠨ ᠲᠥᠪ ᠪᠣᠯᠣᠭᠰᠠᠨ ᠪᠦᠭᠡᠳ ᠲᠡᠦᠭᠡᠨ ᠡᠴᠡ ᠪᠠᠨ ᠴᠡᠷᠢᠭ ᠦᠨ ᠡᠷᠳᠡᠮᠲᠡᠳ ᠦᠨ ᠵᠠᠪᠠᠯ ᠪᠤᠯᠢᠶᠠᠯᠳᠤᠬᠤ ᠭᠠᠵᠠᠷ ᠪᠠᠶᠢᠵᠤ᠂ ᠮᠠᠰᠢ ᠴᠢᠬᠤᠯᠠ ᠴᠡᠷᠢᠭ ᠲᠠᠶᠢᠨ ᠤ ᠪᠠᠶᠢᠯᠳᠤᠬᠤ ᠪᠤᠳᠤᠯᠭ᠎ᠠ ᠵᠢᠨ ᠪᠠᠶᠢᠷᠢ ᠰᠠᠭᠤᠷᠢ ᠲᠠᠢ᠃ ᠶᠠᠫᠤᠨ ᠡᠵᠡᠷᠭᠡᠭ ᠲᠦᠷᠢᠮᠡᠬᠡᠶᠢᠲᠡᠨ ︽ᠮᠠᠨᠵᠤ ᠮᠤᠩᠭᠤᠯ ᠤᠨ ᠲᠦᠷᠥ ᠵᠢᠨ ᠪᠣᠳᠣᠯᠭ᠎ᠠ︾ ᠪᠠᠨ ᠶᠠᠪᠤᠭᠤᠯᠬᠤ ᠶᠠᠪᠤᠴᠠ ᠳᠤ᠂ ᠣᠨᠴᠠᠭᠠᠶᠢᠯᠠᠨ ᠰᠦᠢ ᠶᠤᠸᠠᠨ ᠴᠠᠬᠠᠷ ᠵᠶᠠᠷ ᠲᠥᠪ ᠪᠣᠯᠭᠠᠭᠰᠠᠨ ︽ᠮᠤᠩᠭᠤᠯ ᠬᠠᠭᠠᠨᠳᠤ ᠤᠯᠤᠰ︾ ᠢ ᠪᠠᠶᠢᠭᠤᠯᠬᠤ ᠪᠡᠷ ᠭᠤᠷᠢᠳᠠᠵᠤ ᠪᠠᠶᠢᠭᠰᠠᠨ ᠥᠶ᠎ᠡ ᠳᠦ᠂ ᠬᠥᠬᠡᠬᠤᠲᠠ ᠵᠢ ᠲᠦᠷᠢᠮᠡᠬᠡᠶᠢᠯᠡᠨ ᠡᠵᠡᠯᠡᠬᠦ ᠵᠢ ᠮᠠᠰᠢ ᠴᠢᠬᠤᠯᠠᠴᠢᠯᠠᠨ ᠦᠵᠡᠵᠦ᠂ ᠬᠥᠬᠡᠬᠤᠲᠠ ᠪᠡᠷ ᠰᠠᠭᠤᠷᠢᠨ ᠭᠠᠵᠠᠷ ᠪᠣᠯᠭᠠᠵᠤ ᠲᠦᠷᠢᠮᠡᠬᠡᠶᠢᠯᠡᠯ ᠦᠨ ᠬᠦᠷᠢᠶ᠎ᠡ ᠬᠡᠪᠴᠢᠶ᠎ᠡ ᠪᠠᠨ ᠥᠷᠭᠡᠳᠭᠡᠬᠦ ᠪᠡᠷ ᠰᠠᠨᠠᠭᠠᠷᠬᠠᠵᠤ ᠪᠠᠶᠢᠵᠠᠢ᠃ ᠶᠠᠭ ᠡᠶᠢᠮᠦ ᠡᠴᠡ ︽ᠲᠤᠯᠤᠭᠠᠨ ᠰᠠᠷ᠎ᠠ ᠵᠢᠨ ᠲᠤᠯᠤᠭᠠᠨ ᠤ ᠬᠡᠷᠡᠭ ᠬᠤᠪᠢᠰᠤᠯ︾ ᠤᠨ ᠲᠠᠷᠠᠭ᠎ᠠ ᠬᠥᠬᠡᠬᠤᠲᠠ ᠨᠢ ᠶᠠᠫᠤᠨ ᠡᠵᠡᠷᠭᠡᠭ ᠲᠦᠷᠢᠮᠡᠬᠡᠶᠢᠲᠡᠨ ᠦ ᠥᠪᠥᠷ ᠮᠤᠩᠭᠤᠯ ᠤᠨ ᠪᠠᠷᠠᠭᠤᠨ ᠣᠷᠣᠨ ᠳᠤ ᠴᠡᠷᠢᠭ ᠲᠠᠶᠢᠨ ᠤ ᠲᠦᠷᠢᠮᠡᠬᠡᠶᠢᠯᠡᠯ ᠶᠠᠪᠤᠭᠤᠯᠬᠤ ᠭᠤᠣᠯ ᠬᠠᠷᠠᠯᠲᠠ ᠪᠣᠯᠣᠭᠰᠠᠨ ᠪᠠᠶᠢᠪᠠ᠃      ︽ᠲᠤᠯᠤᠭᠠᠨ ᠰᠠᠷ᠎ᠠ ᠵᠢᠨ ᠲᠤᠯᠤᠭᠠᠨ ᠤ ᠬᠡᠷᠡᠭ ᠬᠤᠪᠢᠰᠤᠯ︾ ᠤᠨ ᠲᠠᠷᠠᠭ᠎ᠠ᠂ ᠴᠠᠬᠠᠷ ᠰᠦᠢ ᠶᠤᠸᠠᠨ ᠣᠷᠣᠨ ᠨᠢ ᠶᠠᠫᠤᠨ ᠢ ᠡᠰᠡᠷᠭᠦᠴᠡᠬᠦ ᠡᠮᠦᠨ᠎ᠡ ᠹᠷᠤᠨᠲ ᠪᠣᠯᠵᠤ ᠠᠳᠡᠬᠢ ᠡᠯ᠎ᠡ ᠥᠨᠳᠦᠰᠦᠳᠡᠨ ᠡᠯ᠎ᠡ ᠡᠳᠡᠭᠡᠳ ᠡᠯ᠎ᠡ ᠲᠠᠪᠬᠤᠷᠭ᠎ᠠ ᠵᠢᠨ ᠡᠬᠡ ᠤᠷᠤᠨᠴᠢ ᠠᠷᠠᠳ ᠲᠦᠮᠡᠨ ᠴᠦᠮ ᠪᠠᠶᠢᠯᠳᠤᠬᠤ ᠪᠡᠷ ᠪᠡᠯᠡᠳᠭᠡᠵᠡᠭᠡᠵᠦ ᠪᠠᠶᠢᠪᠠ᠃ ᠬᠦᠬᠡᠬᠤᠲᠠ ᠨᠢ ᠮᠦᠨ ᠬᠦ ᠰᠦᠢ ᠶᠤᠸᠠᠨ ᠴᠠᠬᠠᠷ ᠣᠷᠣᠨ ᠤ ᠶᠠᠫᠤᠨ ᠢ ᠡᠰᠡᠷᠭᠦᠴᠡᠵᠦ ᠮᠦᠬᠦᠯ ᠡᠴᠡ ᠠᠪᠤᠷᠠᠬᠤ ᠲᠥᠪ ᠪᠠᠶᠢᠵᠤ᠂ ᠠᠳᠡᠬᠢ ᠶᠠᠫᠤᠨ ᠢ ᠡᠰᠡᠷᠭᠦᠴᠡᠵᠦ ᠮᠦᠬᠦᠯ ᠡᠴᠡ ᠠᠪᠤᠷᠠᠬᠤ ᠡᠯ᠎ᠡ ᠵᠦᠢᠯ ᠦᠨ ᠪᠦᠯᠬᠦᠮ ᠨᠢᠭᠡᠴᠡ ᠶᠠᠫᠤᠨ ᠢ ᠡᠰᠡᠷᠭᠦᠴᠡᠬᠦ ᠬᠦᠴᠦᠨ ᠢ ᠨᠢᠭᠡᠳᠭᠡᠵᠦ᠂ ᠶᠠᠫᠤᠨ ᠢ ᠡᠰᠡᠷᠭᠦᠴᠡᠵᠦ ᠮᠦᠬᠦᠯ ᠡᠴᠡ ᠠᠪᠤᠷᠠᠬᠤ ᠰᠢᠨ᠎ᠡ ᠥᠷᠨᠢᠯᠲᠡ ᠵᠢ ᠪᠣᠢ ᠪᠤᠯᠭᠠᠬᠤ ᠵᠠᠮ ᠢ ᠬᠠᠶᠢᠵᠤ ᠪᠠᠶᠢᠯ᠎ᠠ᠃      ︽ᠲᠤᠯᠤᠭᠠᠨ ᠰᠠᠷ᠎ᠠ ᠵᠢᠨ ᠲᠤᠯᠤᠭᠠᠨ ᠤ ᠬᠡᠷᠡᠭ ᠬᠤᠪᠢᠰᠤᠯ︾ ᠤᠨ ᠲᠠᠷᠠᠭ᠎ᠠ᠂ ᠭᠤᠮᠢᠨᠳᠠᠩ ᠤᠨ ᠰᠦᠢ ᠶᠤᠸᠠᠨ ᠴᠠᠬᠠᠷ ᠤᠷᠤᠨ ᠳ᠋ᠡᠬᠢ ᠴᠡᠷᠢᠭ ᠦᠨ ᠬᠦᠴᠦᠨ ᠨᠡᠯᠢᠶᠡᠳ ᠶᠡᠭᠡ ᠪᠠᠶᠢᠵᠤ᠂ ᠮᠠ ᠵᠠᠨ ᠱᠠᠨ ᠵᠶᠠᠷ ᠶᠡᠷᠦᠩᠬᠡᠢ ᠰᠧᠯᠢᠩ ᠪᠤᠯᠭᠠᠭᠰᠠᠨ ᠵᠡᠭᠦᠨ ᠬᠤᠶᠢᠳᠤ ᠵᠢᠨ ᠭᠠᠪᠰᠢᠭᠠᠶᠢᠯᠠᠬᠤ ᠴᠡᠷᠢᠭ ᠡᠴᠠ ᠭᠠᠳᠠᠨ᠎ᠠ᠂ ᠹᠦ᠋ ᠽᠦᠸᠧ ᠢ ᠪᠡᠷ ᠶᠡᠷᠦᠩᠬᠡᠢ ᠰᠧᠯᠢᠩ ᠪᠣᠯᠭᠠᠭᠰᠠᠨ ᠳᠣᠯᠤᠳᠤᠭᠠᠷ ᠨᠢᠭᠡᠳᠬᠡᠯ ᠠᠷᠮᠢ᠂  ᠲᠠᠩ ᠡᠸ᠋ᠨ ᠪᠦᠸᠧ ᠪᠡᠷ ᠶᠡᠷᠦᠩᠬᠡᠢ ᠰᠧᠯᠢᠩ ᠪᠣᠯᠭᠠᠭᠰᠠᠨ ᠠᠷᠪᠠᠨ ᠭᠤᠷᠪᠠᠳᠤᠭᠠᠷ ᠨᠢᠭᠡᠳᠭᠡᠯ ᠠᠷᠮᠢ ᠪᠠ 20000 ᠰᠢᠬᠠᠮ ᠤᠷᠤᠨ ᠨᠤᠲᠤᠭ ᠤᠨ ᠴᠡᠷᠢᠭ ᠪᠠᠭ᠎ᠠ ᠳ᠋ᠠᠭᠠᠨ ᠨᠡᠶᠢᠲᠡ 10 ᠲᠦᠮᠡ ᠳᠦ ᠬᠦᠷᠴᠦ ᠪᠠᠶᠢᠪᠠ᠃ 8 ᠳ᠋ᠤᠭᠠᠷ ᠰᠠᠷ᠎ᠠ ᠵᠢᠨ ᠡᠬᠢᠨ ᠵᠶᠡᠷ᠂ ᠹᠦ᠋ ᠽᠦᠸᠧ ᠢ ᠵᠢᠨ ᠴᠡᠷᠢᠭ ᠠᠩᠭᠢ ᠴᠠᠬᠠᠷ ᠤᠨ ᠬᠤᠶᠢᠲᠤ ᠬᠡᠰᠡᠭ ᠦᠨ ᠶᠠᠫᠤᠨ ‍ᠤ ᠴᠡᠷᠢᠭ ᠲᠦ ᠳᠠᠭᠠᠷᠢᠯᠲᠠ ᠶᠠᠪᠤᠭᠤᠯᠵᠤ᠂ ᠤᠳᠠᠯ ᠦᠭᠡᠢ ᠱᠠᠩᠳᠤ᠂ ᠬᠤᠸᠠᠳᠧ ᠢ ᠡᠭᠡᠭᠦᠯᠦᠨ ᠠᠪᠴᠠᠢ᠃ ᠭᠡᠪᠡᠴᠦ ᠶᠠᠫᠤᠨ ᠡᠵᠡᠷᠭᠡᠭ ᠲᠦᠷᠢᠮᠡᠬᠡᠶᠢᠲᠡᠨ ᠲᠤᠮᠳᠠᠳᠤ  ᠵᠢ ᠲᠦᠷᠢᠮᠡᠬᠡᠶᠢᠯᠡᠬᠦ ᠶᠠᠫᠤᠨ ᠴᠡᠷᠢᠭ ᠦᠨ ᠤᠮᠠᠷᠠᠳᠤ ᠵᠢᠨ ᠴᠡᠷᠢᠭ ᠠᠩᠭᠢ ᠵᠢ ᠪᠠᠶᠢᠭᠤᠯᠵᠤ ᠴᠢᠭᠤᠯᠤᠯᠳᠤ ᠬᠠᠭᠠᠯᠭ᠎ᠠ ᠵᠢ ᠰᠢᠬᠠᠮᠳᠠᠭᠤᠯᠤᠭᠰᠠᠨ ᠡᠴᠠ 1937 ᠣᠨ ᠤ 8 ᠳ᠋ᠤᠭᠠᠷ ᠰᠠᠷ᠎ᠠ ᠵᠢᠨ 27 ᠦ ᠡᠳᠦᠷ ᠴᠢᠭᠤᠯᠤᠯᠲᠤ ᠬᠠᠭᠠᠯᠭ᠎ᠠ ᠶᠠᠫᠤᠨ ᠡᠵᠡᠷᠭᠡᠭ ᠲᠦᠷᠢᠮᠡᠬᠡᠶᠢᠲᠡᠨ ᠳᠦ ᠡᠵᠡᠯᠡᠭᠳᠡᠪᠡ᠃ ᠶᠠᠭ ᠡᠨᠡᠬᠦ ᠪᠠᠴᠢᠮ ᠪᠠᠶᠢᠳᠠᠯ ᠳᠤ᠂ ᠶᠠᠨ ᠰᠢ ᠱᠠᠨ ᠱᠠᠨ ᠱᠢ ᠰᠦᠢ ᠶᠤᠸᠠᠨ ᠤ ᠭᠤᠣᠯ ᠴᠡᠷᠢᠭ ᠦᠨ ᠬᠦᠴᠦᠨ ᠵᠶᠡᠷ ᠵᠶᠡᠨ  ᠶᠠᠫᠤᠨ ᠴᠡᠷᠢᠭ ᠲᠠᠢ ᠳ᠋ᠠᠲ᠋ᠦ᠋ᠩ ᠳᠤ ᠪᠠᠶᠢᠯᠳᠤᠬᠤ ᠭᠡᠵᠦ ᠪᠠᠶᠢᠭᠰᠠᠨ ᠲᠥᠯᠥᠪᠯᠡᠭᠡ ᠪᠠᠨ ᠬᠠᠶᠠᠵᠤ᠂  ᠳᠣᠯᠣᠳᠣᠭᠠᠷ ᠨᠢᠭᠡᠳᠭᠡᠯ ᠠᠷᠮᠢ ᠵᠢᠨ ᠴᠡᠷᠢᠭ ᠢ ᠰᠢᠯᠵᠢᠬᠦᠯᠦᠨ ᠰᠦᠢ ᠶᠤᠸᠠᠨ ᠢ ᠤᠷᠬᠢᠵᠤ᠂ ᠱᠠᠨ ᠱᠢ ᠵᠢ ᠬᠠᠮᠠᠭᠠᠯᠠᠬᠤ ᠪᠡᠷ ᠰᠢᠢᠳᠴᠡᠢ᠃ ᠠᠷᠪᠠᠨ ᠭᠤᠷᠪᠠᠳᠤᠭᠠᠷ ᠨᠢᠭᠡᠳᠭᠡᠯ ᠠᠷᠮᠢ ᠵᠢᠨ ᠴᠡᠷᠢᠭ ᠠᠩᠭᠢ ᠴᠤ ᠠᠯᠢ ᠡᠷᠲᠡ ᠨᠠᠨ ᠺᠸᠦ ᠤᠷᠤᠭᠤ ᠰᠢᠯᠵᠢᠭᠰᠡᠨ ᠡᠴᠡ ᠴᠠᠬᠠᠷ ᠰᠦᠢ ᠶᠤᠸᠠᠨ ᠤ ᠴᠡᠷᠢᠭ ᠦᠨ ᠬᠦᠴᠦ ᠶᠡᠭᠡ ᠪᠡᠷ ᠬᠠᠰᠤᠭᠳᠠᠵᠤ᠂ ᠡᠨᠡ ᠨᠢ ᠶᠠᠫᠤᠨ ᠲᠦᠷᠢᠮᠡᠬᠡᠢ ᠴᠡᠷᠢᠭ ᠦᠨ ᠰᠦᠢ ᠶᠤᠸᠠᠨ ᠢ ᠲᠠᠭᠠᠷᠢᠬᠤ ᠳᠦ ᠵᠠᠪᠰᠢᠶᠠᠨ ᠤᠯᠭᠤᠭᠰᠠᠨ ᠶᠠᠪᠤᠳᠠᠯ  ᠪᠤᠯᠪᠠ᠃      ᠲᠤᠬᠠᠢ ᠵᠢᠨ ᠦᠶ᠎ᠡ ᠳᠦ ᠴᠠᠬᠠᠷ ᠤᠨ ᠶᠡᠬᠡᠩᠭᠢ ᠬᠡᠰᠡᠭ ᠨᠢᠭᠡᠨᠲᠡ ᠡᠵᠡᠯᠡᠭᠳᠡᠵᠦ᠂ ᠵᠡᠭᠦᠨ ᠬᠤᠶᠢᠳᠤ ᠵᠢᠨ ᠭᠠᠪᠰᠢᠭᠠᠶᠢᠯᠠᠬᠤ ᠴᠡᠷᠢᠭ ᠴᠤ ᠲᠠᠶᠢᠨ ᠳᠤ ᠢᠯᠠᠭᠳᠠᠭᠠᠳ ᠰᠦᠢ ᠶᠤᠸᠠᠨ ᠳᠤ ᠤᠬᠤᠷᠢᠵᠤ ᠬᠦᠷᠦᠭᠰᠡᠨ ᠪᠠᠶᠢᠪᠠ᠃ ᠰᠦᠢ ᠶᠤᠸᠠᠨ ᠳᠦ ᠰᠠᠭᠤᠭ᠎ᠠ ᠴᠡᠷᠢᠭ ᠠᠩᠭᠢ ᠳᠤ ᠰᠦᠢ ᠶᠤᠸᠠᠨ ᠮᠤᠵᠢ ᠵᠢᠨ ᠤᠯᠤᠰ ᠠᠷᠠᠳ ᠤᠨ ᠴᠡᠷᠢᠭ᠂ ᠮᠤᠩᠭᠤᠯ ᠬᠤᠰᠢᠭᠤᠳ ᠤᠨ ᠲᠤᠰᠠᠭᠠᠷ ᠪᠠᠷᠢᠭᠠᠳᠠ ᠵᠢᠨ ᠴᠡᠷᠢᠭ ᠵᠢᠴᠢ ᠤᠯᠠᠭᠠᠨᠴᠠᠪ ᠠᠶᠢᠮᠠᠭ᠂ ᠴᠠᠬᠠᠷ ᠪᠠᠷᠠᠭᠤᠨ ᠭᠠᠷᠤᠨ ᠳᠥᠷᠪᠡᠨ ᠬᠤᠰᠢᠭᠤ᠂ ᠲᠦᠮᠡᠳ ᠬᠤᠰᠢᠭᠤ ᠵᠢᠨ ᠮᠤᠩᠭᠤᠯ ᠴᠠᠭᠳᠠᠨ ᠰᠡᠷᠭᠡᠶᠢᠯᠡᠬᠦ ᠮᠤᠷᠢᠳᠤ ᠠᠩᠭᠢ ᠪᠠᠭᠲᠠᠵᠤ ᠪᠠᠶᠢᠪᠠ᠃ ᠭᠡᠪᠡᠴᠦ ᠡᠳᠡᠭᠡᠷ ᠴᠡᠷᠢᠭ ᠠᠩᠭᠢ ᠳ᠋ᠦ ᠨᠢᠭᠡᠳᠦᠯᠲᠡᠢ ᠵᠢᠯᠤᠭᠤᠳᠤᠯᠭ᠎ᠠ ᠲᠤᠳᠠᠭᠳᠠᠵᠤ ᠶᠠᠫᠤᠨ ᠢ ᠡᠰᠡᠷᠭᠦᠴᠡᠬᠦ ᠨᠢᠭᠡᠳᠦᠯᠲᠡᠢ ᠬᠦᠴᠦᠨ ᠪᠣᠯᠵᠤ ᠪᠦᠷᠢᠯᠳᠦᠬᠦ ᠳᠦ ᠪᠡᠷᠬᠡ ᠪᠠᠶᠢᠯ᠎ᠠ᠃      ᠶᠠᠫᠤᠨ ᠳᠡᠭᠡᠷᠡᠮ ᠴᠢᠭᠤᠯᠤᠯᠳᠤ ᠬᠠᠭᠠᠯᠭ᠎ᠠ ᠵᠢ ᠡᠵᠡᠯᠡᠭᠡᠳ ᠳᠡᠮᠡᠢ ᠤᠳᠠᠭᠰᠠᠨ ᠦᠭᠡᠢ᠂ 9 ᠳ᠋ᠤᠭᠡᠷ ᠰᠠᠷ᠎ᠠ ᠵᠢᠨ 13 ᠦ ᠡᠳᠦᠷ ᠳ᠋ᠠᠲ᠋ᠦ᠋ᠩ ᠢ ᠡᠵᠡᠯᠡᠵᠦ᠂ 22 ᠤᠨ ᠡᠳᠦᠷ ᠪᠣᠯᠬᠤ ᠳᠤ ᠤᠷᠢᠳ ᠬᠤᠵᠢᠳ ᠹᠧᠩ ᠵᠧᠨ ᠪᠠᠯᠭᠠᠰᠤ᠂ ᠵᠢᠨᠢᠩ ᠢ ᠡᠵᠡᠯᠡᠭᠡᠳ᠂ ᠬᠦᠬᠡᠬᠤᠲᠠ ᠡᠵᠡᠯᠡᠭᠳᠡᠬᠦ ᠠᠶᠤᠯ ᠨᠢᠳᠦᠨ ᠡᠮᠦᠨ᠎ᠡ ᠲᠤᠯᠭᠠᠷᠠᠵᠤ ᠢᠷᠡᠵᠡᠢ᠃      ᠡᠮᠦᠨ᠎ᠡ ᠹᠷᠤᠨᠲ ᠲᠡᠬᠢ ᠲᠠᠶᠢᠨ ᠳᠤ ᠢᠯᠠᠭᠳᠠᠭᠰᠠᠨ ᠡᠴᠠ ᠮᠠ ᠵᠠᠨ ᠱᠠᠨ ᠤ ᠵᠡᠭᠦᠨ ᠬᠤᠶᠢᠳᠤ ᠵᠢᠨ ᠭᠠᠪᠰᠢᠭᠠᠶᠢᠯᠠᠬᠤ ᠴᠡᠷᠢᠭ᠂ ᠹᠧᠩ ᠵᠧᠨ ᠪᠠᠯᠭᠠᠰᠤ᠂ ᠵᠢᠨᠢᠩ ᠢ ᠰᠠᠬᠢᠵᠤ ᠪᠠᠶᠢᠭᠰᠠᠨ ᠤᠯᠤᠰ ᠠᠷᠠᠳ ᠤᠨ ᠴᠡᠷᠢᠭ ᠦᠨ ᠨᠢᠭᠡᠳᠦᠭᠡᠷ᠂ ᠬᠤᠶᠠᠳᠤᠭᠠᠷ ᠬᠤᠷᠢᠶ᠎ᠠ ᠵᠢᠨ ᠬᠢᠨ᠂ ᠰᠢᠩ ᠡᠾᠧ ᠰᠢᠶᠠᠨ ᠤ ᠲᠠᠷᠤᠭ᠎ᠠ ᠮᠧᠩ ᠸᠧᠨ ᠵᠦᠩ ᠦᠨ ᠲᠠᠭᠠᠭᠤᠯᠤᠭᠰᠠᠨ ᠬᠦᠳᠡᠭᠡ ᠲᠤᠰᠬᠤᠨ ᠤ ᠵᠢᠯᠤᠭᠤᠳᠤᠭᠴᠢ᠂ ᠥᠪᠡᠷ ᠢ ᠪᠠᠨ ᠬᠠᠮᠠᠭᠠᠯᠠᠬᠤ ᠠᠩᠭᠢ ᠵᠢᠨ ᠨᠡᠶᠢᠲᠡ 400 ᠭᠠᠷᠤᠢ ᠬᠦᠮᠦᠨ ᠪᠦᠭᠦᠳᠡᠭᠡᠷ ᠵᠶᠡᠨ ᠬᠦᠬᠡᠬᠤᠲᠠ ᠳᠤ ᠤᠬᠤᠷᠢᠪᠠ᠃ ᠶᠤᠸᠠᠨ ᠴᠢᠩ ᠽᠧᠩ ᠬᠠᠭᠠᠰ ᠢᠯᠡᠬᠦᠦ ᠤᠯᠤᠰ ᠠᠷᠠᠳ ᠤᠨ ᠴᠡᠷᠢᠭ ᠵᠶᠡᠨ ᠠᠪᠴᠤ ᠶᠠᠪᠤᠭᠰᠠᠨ ᠤ ᠲᠠᠷᠠᠭ᠎ᠠ᠂ ᠯᠢ ᠳ᠋ᠠ ᠴᠤᠤ ᠪᠤᠭᠤᠳᠤ ᠳᠤ ᠦᠯᠡᠳᠡᠭᠰᠡᠨ ᠴᠡᠷᠢᠭ ᠠᠩᠭᠢ ᠪᠠ ᠲᠠᠭᠠᠬᠤ ᠪᠡᠷ ᠢᠷᠡᠭᠰᠡᠨ ᠪᠤᠰᠤᠳ ᠴᠡᠷᠢᠭ ᠢ ᠵᠤᠬᠢᠶᠠᠨ ᠪᠠᠶᠢᠭᠤᠯᠵᠤ᠂ ᠰᠦᠢ ᠶᠤᠸᠠᠨ ᠮᠤᠵᠢ ᠵᠢᠨ ᠤᠯᠤᠰ ᠠᠷᠠᠳ ᠤᠨ ᠴᠡᠷᠢᠭ ᠦᠨ ᠵᠠᠬᠢᠷᠭ᠎ᠠ ᠵᠢ ᠪᠠᠶᠢᠭᠤᠯᠵᠤ᠂ ᠥᠪᠡᠷᠳᠡᠭᠡᠨ ᠰᠧᠯᠢᠩ‌‍ᠤᠨ ᠲᠤᠰᠢᠶᠠᠯ ᠢ ᠬᠠᠷᠢᠭᠤᠴᠠᠪᠠ᠃ ᠪᠤᠭᠤᠳᠤ ᠳᠤ ᠪᠠᠰᠠ ᠰᠦᠢ ᠶᠤᠸᠠᠨ ᠮᠤᠵᠢ ᠵᠢᠨ ᠴᠡᠷᠢᠭ  ᠵᠠᠰᠠᠭ ᠤᠨ ᠵᠦᠪᠯᠡᠯ ᠢ ᠪᠠᠶᠢᠭᠤᠯᠵᠤ᠂ ᠮᠠ ᠵᠠᠨ ᠱᠠᠨ ᠢ ᠵᠥᠪᠯᠡᠯ ᠦᠨ ᠲᠠᠷᠤᠭ᠎ᠠ ᠪᠡᠷ ᠰᠤᠩᠭᠤᠵᠤ᠂ ᠲᠤᠯᠤᠳᠤᠭᠠᠷ ᠨᠢᠭᠡᠳᠭᠡᠯ ᠠᠷᠮᠢ ᠵᠢᠨ ᠶᠡᠷᠦᠩᠬᠡᠢ ᠵᠠᠬᠢᠷᠭ᠎ᠠ ᠪᠠ ᠰᠦᠢ ᠶᠤᠸᠠᠨ ᠮᠤᠵᠢ ᠵᠢᠨ ᠵᠠᠰᠠᠭ ᠤᠨ ᠤᠷᠳᠤᠨ ᠤ ᠴᠢᠳᠠᠪᠬᠢ ᠵᠢ ᠤᠷᠤᠯᠠᠨ ᠬᠦᠢᠴᠡᠳᠭᠡᠬᠦ ᠪᠡᠷ ᠲᠤᠭᠲᠠᠪᠠ᠃ 9 ᠳ᠋ᠤᠭᠡᠷ ᠰᠠᠷ᠎ᠠ ᠵᠢᠨ 25 ᠦ ᠡᠳᠦᠷ᠂ ᠨᠠᠢᠮᠠᠳᠤᠭᠠᠷ ᠵᠠᠮ ᠤᠨ ᠴᠡᠷᠢᠭ ᠫᠢᠩ ᠰᠢᠩ ᠪᠤᠭᠤᠮᠳᠠ ᠳᠤ ᠶᠠᠫᠤᠨ ᠤ ᠲᠦᠷᠢᠮᠡᠬᠡᠢ ᠴᠡᠷᠢᠭ ᠢ ᠶᠡᠬᠡᠪᠡᠷ ᠢᠯᠠᠭᠰᠠᠨ ᠤ ᠲᠠᠷᠠᠭ᠎ᠠ᠂ ᠰᠦᠢ ᠶᠤᠸᠠᠨ ᠮᠤᠵᠢ ᠵᠢᠨ ᠴᠡᠷᠢᠭ ᠵᠠᠰᠠᠭ ᠤᠨ ᠵᠥᠪᠯᠡᠯ᠂ ᠤᠯᠤᠰ ᠠᠷᠠᠳ ᠤᠨ ᠴᠡᠷᠢᠭ ᠦᠨ ᠵᠠᠬᠢᠷᠭ᠎ᠠ ᠪᠠ ᠮᠤᠩᠭᠤᠯ ᠬᠤᠰᠢᠭᠤᠳ ᠤᠨ ᠲᠤᠰᠠᠭᠠᠷ ᠪᠠᠷᠢᠭᠠᠳᠠ ᠵᠢᠨ ᠬᠢᠨ 27 ᠦ ᠡᠳᠦᠷ ᠪᠤᠭᠤᠳᠤ ᠡᠴᠠ ᠬᠦᠬᠡᠬᠤᠲᠠ ᠳᠤ ᠪᠤᠴᠠᠵᠤ᠂ ᠤᠯᠤᠰ ᠲᠥᠷᠥ ᠵᠢᠨ ᠪᠠᠶᠢᠳᠠᠯ ᠢ ᠬᠤᠷᠢᠶᠠᠵᠤ᠂ ᠬᠦᠴᠦᠨ ᠵᠶᠡᠨ ᠵᠤᠬᠢᠶᠠᠨ ᠪᠠᠶᠢᠭᠤᠯᠤᠨ᠂ ᠶᠠᠫᠤᠨ ‍ᠤ ᠲᠦᠷᠢᠮᠡᠬᠡᠢ ᠴᠡᠷᠢᠭ ᠲᠠᠢ ᠪᠠᠶᠢᠯᠳᠤᠬᠤ ᠪᠡᠷ ᠪᠡᠯᠡᠳᠭᠡᠵᠡᠢ᠃      ᠲᠤᠬᠠᠢ ᠵᠢᠨ ᠦᠶ᠎ᠡ ᠳᠦ ᠰᠦᠢ ᠶᠤᠸᠠᠨ ᠤ ᠴᠡᠷᠢᠭ ᠦᠨ ᠬᠦᠴᠦᠨ ᠪᠠᠭᠤᠷᠠᠢ ᠪᠠᠶᠢᠭᠰᠠᠨ ᠴᠤ ᠵᠦᠸᠧ ᠽᠢ ᠱᠠᠨ ᠠᠭᠤᠯᠠ ᠵᠢᠨ ᠣᠶᠢᠷᠠᠯᠴᠠᠭ᠎ᠠ ᠰᠡᠷᠭᠡᠶᠢᠯᠡᠯᠲᠡ ᠪᠠᠶᠢᠷᠢᠯᠠᠭᠤᠯᠤᠭᠰᠠᠨ ᠤ ᠬᠠᠮᠳᠤ ᠦᠴᠤᠸᠠᠨ ᠳᠤ ᠰᠠᠭᠤᠨ ᠰᠠᠬᠢᠵᠤ᠂ ᠲᠠᠶᠢᠰᠤᠨ ᠤ ᠴᠡᠷᠢᠭ ᠲᠠᠯᠠᠨ ᠬᠠᠷ᠎ᠠ ᠠᠭᠤᠯᠠ ᠵᠢᠨ ᠠᠷᠤ ᠲᠠᠯ᠎ᠠ ᠡᠴᠠ ᠬᠦᠬᠡᠬᠤᠲᠠ ᠵᠢ ᠲᠠᠭᠠᠷᠢᠬᠤ ᠡᠴᠡ ᠰᠡᠷᠭᠡᠶᠢᠯᠡᠪᠡ᠃ ᠡᠭᠦᠨ ᠦ ᠬᠠᠮᠳᠤ ᠨᠢᠭᠡ ᠮᠤᠷᠢᠳᠤ ᠴᠡᠷᠢᠭ ᠦᠨ ᠪᠠᠷᠢᠭᠠᠳᠠ ᠪᠠ ᠶᠠᠪᠠᠭᠠᠨ ᠴᠡᠷᠢᠭ ᠦᠨ ᠬᠤᠶᠠᠷ ᠬᠤᠷᠢᠶ᠎ᠠ᠂ ᠮᠤᠩᠭᠤᠯ ᠬᠤᠰᠢᠭᠤᠳ ᠤᠨ ᠲᠤᠰᠠᠭᠠᠷ ᠪᠠᠷᠢᠭᠠᠳᠠ ᠵᠢᠨ ᠬᠤᠶᠠᠷ ᠬᠤᠷᠢᠶ᠎ᠠ ᠬᠦᠬᠡᠬᠤᠳᠠ ᠵᠢ ᠰᠠᠬᠢᠨ ᠰᠡᠷᠭᠡᠶᠢᠯᠡᠪᠡ᠃ ᠡᠭᠦᠨ ᠡᠴᠡ ᠭᠠᠳᠠᠨ᠎ᠠ᠂ ᠮᠠᠨ ᠬᠠᠨ ᠱᠠᠨ ᠠᠭᠤᠯᠠ ᠵᠢᠨ ᠡᠯ᠎ᠡ ᠠᠮᠠᠰᠠᠷ ᠲᠤ ᠴᠡᠷᠢᠭ ᠲᠤᠬᠢᠷᠠᠭᠤᠯᠵᠤ ᠂ ᠲᠠᠶᠢᠰᠤᠨ ᠤ ᠠᠵᠢᠯᠯᠠᠭ᠎ᠠ ᠵᠢ ᠴᠠᠭᠳᠠᠭᠤᠯᠤᠭᠰᠠᠨ ᠪᠦᠭᠡᠳ ᠬᠦᠬᠡᠬᠤᠳᠠ ᠵᠢᠨ ᠡᠮᠦᠨ᠎ᠡ ᠪᠠᠶᠢᠳᠠᠭ ᠶᠡᠭᠡ ᠲᠥᠷᠭᠡᠨ ᠭᠤᠣᠯ ᠤᠨ ᠬᠤᠶᠢᠳᠤ ᠡᠷᠭᠢ᠂ ᠬᠦᠬᠡᠬᠤᠲᠠ ᠵᠢᠨ ᠡᠮᠦᠨᠡᠬᠢ ᠬᠤᠲᠠ ᠲᠤᠭᠤᠷᠢᠭᠰᠠᠨ ᠵᠠᠮ ᠲᠡᠭᠡᠷ᠎ᠡ ᠲᠤᠰ ᠲᠤᠰ ᠰᠡᠷᠭᠡᠶᠢᠯᠡᠯᠲᠡ ᠵᠢᠨ ᠱᠤᠭᠤᠮ ᠪᠠᠶᠢᠭᠤᠯᠤᠭᠰᠠᠨ ᠪᠠᠶᠢᠪᠠ᠃ ᠲᠡᠭᠡᠷᠡᠬᠢ ᠶᠠᠫᠤᠨ ᠢ ᠡᠰᠡᠷᠭᠦᠴᠡᠬᠦ ᠠᠵᠢᠯᠯᠠᠭ᠎ᠠ ᠲᠤᠮᠳᠠ ᠮᠤᠩᠭᠤᠯ ᠬᠤᠰᠢᠭᠤᠳ ᠤᠨ ᠲᠤᠰᠠᠭᠠᠷ ᠪᠠᠷᠢᠭᠠᠳᠠ ᠵᠢ ᠦᠨᠳᠦᠰᠦᠨ ᠳ᠋ᠡᠭᠡᠨ ᠡᠪ ᠬᠠᠮᠳᠤ ᠨᠠᠮ ᠡᠵᠡᠮᠳᠡᠵᠦ ᠪᠠᠶᠢᠭᠰᠠᠨ ᠢ ᠭᠠᠷᠭᠠᠪᠠᠯ᠂ ᠤᠯᠤᠰ ᠠᠷᠠᠳ ᠤᠨ ᠴᠡᠷᠢᠭ ᠲᠤᠳᠤᠷ᠎ᠠ ᠪᠠᠰᠠ ᠨᠢᠭᠡ ᠪᠦᠯᠦᠭ ᠡᠪ ᠬᠠᠮᠳᠤ ᠨᠠᠮ ᠤᠨ ᠬᠦᠮᠦᠰ ᠴᠢᠬᠤᠯᠠ ᠦᠢᠯᠡᠳᠦᠯ ᠦᠵᠡᠭᠦᠯᠵᠦ᠂ ᠭᠤᠮᠢᠨᠳᠠᠩ ᠡᠪ ᠬᠠᠮᠳᠤ ᠨᠠᠮ ᠬᠠᠮᠳᠤᠷᠠᠯᠴᠠᠨ᠂ ᠴᠡᠷᠢᠭ ᠠᠷᠠᠳ ᠢ ᠲᠠᠶᠢᠴᠢᠯᠠᠵᠤ᠂ ᠶᠠᠫᠤᠨ ᠲᠡᠭᠡᠷᠡᠮ ᠢ ᠡᠰᠡᠷᠭᠦᠴᠡᠬᠦ  ᠪᠡᠷ ᠴᠢᠳᠠᠯ ᠤᠨ ᠵᠶᠠᠨ ᠬᠢᠷᠢ ᠪᠡᠷ ᠰᠡᠷᠭᠡᠶᠢᠯᠡᠯᠲᠡ ᠪᠠᠶᠢᠭᠤᠯᠤᠭᠰᠠᠨ ᠪᠠᠶᠢᠪᠠ᠃      ᠶᠠᠫᠤᠨ ‍ᠤ ᠲᠦᠷᠢᠮᠡᠬᠡᠢ ᠴᠡᠷᠢᠭ 9 ᠳ᠋ᠤᠭᠡᠷ ᠰᠠᠷ᠎ᠠ ᠵᠢᠨ 19 ᠦ ᠡᠳᠦᠷ ᠵᠢᠨᠢᠩ ᠢ ᠡᠵᠡᠯᠡᠭᠰᠡᠨ ᠦ ᠲᠠᠷᠠᠭ᠎ᠠ᠂ ᠰᠦᠢ ᠶᠤᠸᠠᠨ ᠢ ᠲᠠᠭᠠᠷᠢᠬᠤ ᠪᠡᠷ ᠪᠠᠶᠢᠭᠰᠠᠨ ᠶᠠᠫᠤᠨ ᠴᠡᠷᠢᠭ ᠦᠨ ᠤᠯᠠᠩᠭᠢ ᠨᠢ ᠱᠠᠨ ᠰᠢ ᠳᠦ ᠲᠠᠶᠢᠨ ᠳᠤ ᠣᠷᠣᠯᠴᠠᠬᠤ ᠪᠡᠷ ᠶᠠᠪᠤᠭᠰᠠᠨ ᠡᠴᠠ ᠦᠯᠡᠳᠡᠭᠰᠡᠨ ᠴᠦᠭᠡᠬᠡᠨ ᠴᠡᠷᠢᠭ ᠨᠢ ᠲᠡᠷᠡ ᠲᠠᠷᠤᠢ ᠪᠠᠷᠠᠭᠤᠨᠰᠢ ᠲᠦᠷᠢᠮᠡᠬᠡᠶᠢᠯᠡᠭᠰᠡᠨ ᠦᠭᠡᠢ᠃ 10 ᠳ᠋ᠤᠭᠠᠷ ᠰᠠᠷ᠎ᠠ ᠵᠢᠨ 11 ᠦ ᠡᠳᠦᠷ ᠪᠣᠯᠣᠭᠠᠳ ᠶᠠᠫᠤᠨ ᠤ ᠴᠡᠷᠢᠭ ᠭᠤᠷᠪᠠᠨ ᠵᠠᠮ ᠬᠤᠪᠢᠶᠠᠵᠤ ᠵᠢᠨᠢᠩ ᠡᠴᠡ ᠪᠠᠷᠠᠭᠤᠨᠰᠢ ᠲᠦᠷᠢᠮᠡᠬᠡᠶᠢᠯᠡᠵᠡᠢ᠃ ᠡᠭᠦᠨ ᠳᠦ ᠳ᠋ᠧ ᠸᠠᠩ ᠤᠨ ᠲᠠᠭᠠᠭᠤᠯᠤᠭᠰᠠᠨ ᠬᠠᠭᠤᠷᠮᠠᠭ ᠮᠤᠩᠭᠤᠯ ᠦᠨ ᠴᠡᠷᠢᠭ ᠦᠨ ᠲᠥᠷᠪᠡᠨ ᠳ᠋ᠢᠸᠢᠽᠢ ᠲᠠᠯᠠᠨ ᠬᠠᠷ᠎ᠠ ᠠᠭᠤᠯᠠ ᠵᠢᠨ ᠠᠷᠤ ᠪᠡᠯ ᠢ ᠲᠠᠭᠠᠵᠤ ᠦᠴᠤᠸᠠᠨ ᠢ ᠦᠩᠭᠡᠷᠡᠭᠡᠳ ᠤᠷᠢᠳᠠᠪᠡᠷ ᠪᠠᠳᠤᠬᠠᠭᠠᠯᠭ᠎ᠠ ᠵᠢ ᠡᠵᠡᠯᠡᠵᠡᠢ᠃ ᠯᠢ ᠱᠸᠦ ᠰᠢᠨ ᠵᠡᠭᠦᠨ ᠬᠤᠶᠢᠳᠤ ᠵᠢᠨ ᠬᠢᠲᠠᠳ ᠬᠦᠮᠦᠨ ᠵᠶᠡᠷ ᠭᠤᠣᠯ ᠪᠣᠯᠭᠠᠭᠰᠠᠨ ᠬᠠᠭᠤᠷᠮᠠᠭ ᠮᠤᠩᠭᠤᠯ ᠦᠨ ᠴᠡᠷᠢᠭ ᠦᠨ ᠪᠤᠰᠤᠳ 4 ᠳ᠋ᠢᠸᠢᠽᠢ ᠵᠢ ᠵᠢᠯᠤᠭᠤᠳᠤᠨ ᠫᠢᠩ ᠰᠦᠢ ᠲᠡᠮᠦᠷ ᠵᠠᠮ ᠢ ᠲᠠᠭᠠᠵᠤ ᠬᠦᠬᠡᠬᠤᠲᠠ ᠵᠦᠭ ᠴᠡᠷᠢᠭᠯᠡᠪᠡ᠃ ᠨᠦᠬᠦᠭᠡ ᠨᠢᠭᠡ ᠵᠠᠮ ᠤᠨ ᠴᠡᠷᠢᠭ ᠪᠣᠯᠬᠤ ᠶᠠᠫᠤᠨ ᠤ ᠴᠠᠬᠠᠷ ᠲᠡᠬᠢ ᠴᠡᠷᠢᠭ ᠠᠩᠭᠢ ᠵᠢᠨ ᠬᠢᠨ ᠮᠠᠰᠢᠨ ᠲᠡᠷᠭᠡᠨ ᠳᠦ ᠰᠠᠭᠤᠵᠤ ᠯᠢᠶᠠᠩ ᠴᠧᠩ ᠢ ᠲᠤᠭᠤᠷᠢᠵᠤ ᠮᠠᠨ ᠬᠠᠨ ᠱᠠᠨ ᠠᠭᠤᠯᠠ ᠵᠢ ᠳᠠᠪᠠᠭᠠᠳ ᠬᠦᠬᠡᠬᠤᠳᠠ ᠵᠦᠭ ᠤᠶᠢᠷᠠᠳᠤᠵᠠᠢ᠃11 ᠤ ᠦᠳᠡ ᠵᠢᠨ ᠬᠤᠶᠢᠨ᠎ᠠ ᠤᠯᠤᠰ ᠠᠷᠠᠳ ᠤᠨ ᠴᠡᠷᠢᠭ ᠦᠨ ᠮᠤᠷᠢᠳᠤ ᠴᠡᠷᠢᠭ ᠮᠠᠨ ᠬᠠᠨ ᠱᠠᠨ ᠠᠭᠤᠯᠠ ᠵᠢᠨ ᠪᠠᠷᠠᠭᠤᠨ ᠭᠤᠤ ᠵᠢᠨ ᠠᠮᠠᠰᠠᠷ ᠲᠤ ᠶᠠᠫᠤᠨ ᠴᠡᠷᠢᠭ ᠲᠠᠢ ᠡᠰᠡᠷᠭᠦᠴᠡᠯᠳᠦᠪᠡ᠃ ᠶᠡᠭᠡ ᠲᠦᠷᠭᠡᠨ ᠭᠤᠣᠯ ᠤᠨ ᠡᠮᠦᠨ᠎ᠡ ᠡᠷᠭᠢ ᠳ᠋ᠡᠬᠢ ᠶᠠᠫᠤᠨ ᠴᠡᠷᠢᠭ ᠭᠤᠣᠯ ᠤᠨ ᠬᠤᠶᠢᠳᠤ ᠡᠷᠭᠢ ᠳ᠋ᠡᠬᠢ ᠤᠯᠤᠰ ᠠᠷᠠᠳ ᠤᠨ ᠴᠡᠷᠢᠭ ᠪᠠ ᠮᠤᠩᠭᠤᠯ ᠬᠤᠰᠢᠭᠤᠳ ᠤᠨ ᠲᠤᠰᠠᠭᠠᠷ ᠪᠠᠷᠢᠭᠠᠳᠠ ᠵᠢᠨ ᠴᠡᠷᠢᠭ ᠬᠠᠷᠢᠯᠴᠠᠨ ᠭᠠᠯᠯᠠᠵᠤ᠂ ᠬᠡᠳᠦᠨ ᠴᠠᠭ ᠪᠠᠶᠢᠯᠳᠤᠭᠠᠳ ᠵᠤᠭᠰᠤᠵᠠᠢ᠃ ᠲᠤᠰ ᠤᠷᠤᠢ ᠳᠤ ᠨᠢ ᠮᠤᠷᠢᠳᠤ ᠴᠡᠷᠢᠭ ᠦᠨ ᠪᠠᠷᠢᠭᠠᠳᠠ ᠬᠤᠶᠠᠷ ᠵᠠᠮ ᠬᠤᠪᠢᠶᠠᠵᠤ  ᠭᠤᠣᠯ ᠭᠡᠳᠦᠯᠦᠨ ᠶᠠᠫᠤᠨ ᠴᠡᠷᠢᠭ ᠢ ᠭᠡᠨᠡᠳᠡᠭᠦᠯᠦᠨ ᠳᠠᠭᠠᠷᠢᠭᠠᠳ ᠲᠠᠬᠢᠵᠤ ᠠᠶᠤᠮᠰᠢᠭ ᠦᠭᠡᠢ ᠲᠠᠭᠠᠷᠢᠯᠲᠠ ᠶᠠᠪᠤᠭᠤᠯᠵᠤ ᠴᠢᠳᠠᠬᠤ ᠦᠭᠡᠢ ᠪᠤᠯᠭᠠᠵᠠᠢ᠃13 ᠤ ᠡᠳᠦᠷ ᠬᠤᠶᠠᠷ ᠲᠠᠯ᠎ᠠ ᠪᠡᠷ ᠵᠶᠡᠨ ᠥᠷᠭᠦᠯᠵᠢᠯᠡᠨ ᠪᠠᠶᠢᠯᠳᠤᠵᠤ᠂ ᠮᠠ ᠵᠠᠨ ᠱᠠᠨ᠂ ᠯᠢ ᠳ᠋ᠠ ᠴᠤᠤ ᠶᠡᠭᠡ ᠲᠦᠷᠭᠡᠨ ᠭᠤᠣᠯ ᠤᠨ ᠪᠠᠶᠢᠯᠳᠤᠭᠠᠨ ᠤ ᠡᠮᠦᠨ᠎ᠡ ᠹᠷᠤᠨᠲ ᠲᠦ ᠬᠦᠷᠴᠦ᠂ ᠪᠡᠶ᠎ᠡ ᠪᠡᠷ ᠵᠶᠡᠨ ᠬᠢᠨᠠᠯᠲᠠ ᠲᠠᠯᠪᠢᠵᠠᠢ᠃ ᠡᠯ᠎ᠡ ᠦᠨᠳᠦᠰᠦᠳᠡᠨ ᠡᠯ᠎ᠡ ᠡᠳᠡᠭᠡᠳ ᠦᠨ ᠬᠢᠨ ᠪᠦᠯᠬᠦᠮᠳᠡᠨ ᠨᠢᠭᠲᠠᠷᠠᠵᠤ ᠡᠮᠦᠨ᠎ᠡ ᠹᠷᠤᠨᠲ ᠲᠦ ᠲᠤᠰᠠᠯᠠᠨ᠂ ᠵᠡᠷ ᠵᠡᠪᠰᠡᠭ᠂ ᠰᠤᠮᠤ ᠲᠠᠷᠢ᠂ ᠠᠮᠦ ᠬᠦᠨᠡᠰᠦ ᠵᠢ ᠲᠠᠰᠤᠷᠠᠭ᠎ᠠ ᠦᠭᠡᠢ ᠬᠦᠷᠭᠡᠵᠦ ᠪᠠᠶᠢᠪᠠ᠃ ᠬᠤᠲᠠ ᠵᠢᠨ ᠠᠷᠠᠳ ᠤᠨ ᠳᠠᠮᠨᠠᠭᠤᠷ ᠤᠨ ᠠᠩᠭᠢ ᠰᠢᠷᠬᠠᠳᠤᠭᠰᠠᠨ ᠴᠡᠷᠢᠭ ᠪᠠᠶᠢᠯᠳᠤᠭᠴᠢ ᠵᠢ ᠡᠮᠨᠡᠯᠭᠡ ᠳᠦ ᠬᠦᠷᠭᠡᠨ ᠡᠮᠴᠢᠯᠡᠭᠦᠯᠵᠦ᠂ ᠶᠠᠫᠤᠨ ᠴᠡᠷᠢᠭ ᠦᠨ ᠳᠠᠭᠠᠷᠢᠯᠲᠠ ᠵᠢ ᠪᠦᠳᠦᠮᠵᠢᠳᠡᠢ ᠬᠤᠷᠢᠭᠯᠠᠵᠤ ᠪᠠᠶᠢᠯ᠎ᠠ᠃ ᠭᠡᠪᠡᠴᠦ ᠮᠧᠨ ᠪᠢᠨ ᠶᠤᠸᠠᠢ ᠵᠢᠨ ᠲᠠᠭᠠᠭᠤᠯᠤᠭᠰᠠᠨ ᠮᠤᠷᠢᠳᠤ ᠴᠡᠷᠢᠭ ᠪᠠᠳᠤᠬᠠᠭᠠᠯᠭ᠎ᠠ ᠡᠴᠠ ᠡᠮᠦᠨᠡᠰᠢᠯᠡᠭᠰᠡᠨ ᠳ᠋ᠧ ᠸᠠᠩ ᠤᠨ ᠬᠠᠭᠤᠷᠮᠠᠭ ᠮᠤᠩᠭᠤᠯ ᠦᠨ ᠴᠡᠷᠢᠭ ᠲᠠᠢ ᠦᠴᠤᠸᠠᠨ ᠳᠤ ᠪᠠᠶᠢᠯᠳᠤᠭᠠᠳ ᠢᠯᠠᠭᠳᠠᠭᠰᠠᠨ ᠪᠦᠭᠡᠳ ᠵᠡᠭᠦᠨ ᠬᠤᠶᠢᠳᠤ ᠵᠢᠨ ᠭᠠᠪᠰᠢᠭᠠᠶᠢᠯᠠᠬᠤ ᠴᠡᠷᠢᠭ ᠦᠨ ᠮᠤᠷᠢᠳᠤ ᠴᠡᠷᠢᠭ ᠬᠠᠭᠤᠷᠮᠠᠭ ᠮᠤᠩᠭᠤᠯ ‍ᠦᠨ ᠴᠡᠷᠢᠭ ᠦᠨ ᠯᠢ ᠱᠸᠦ ᠰᠢᠨ ᠦ ᠴᠡᠷᠢᠭ ᠠᠩᠭᠢ ᠲᠠᠢ ᠪᠠᠶᠢᠯᠳᠤᠭᠠᠳ ᠬᠦᠨᠳᠦ ᠬᠤᠬᠢᠷᠠᠭᠰᠠᠨ ᠪᠠᠶᠢᠪᠠ᠃        ᠬᠦᠬᠡᠬᠤᠲᠠ ᠮᠠᠰᠢ ᠪᠠᠴᠢᠮ ᠳᠤ ᠪᠠᠶᠢᠳᠠᠯ ᠳᠤ ᠤᠷᠤᠭᠠᠳ ᠪᠠᠶᠢᠯ᠎ᠠ᠃ ᠬᠦᠬᠡᠬᠤᠲᠠ ᠵᠢ ᠰᠠᠬᠢᠨ ᠬᠠᠮᠠᠭᠠᠯᠠᠬᠤ ᠲᠠᠶᠢᠨ ᠳᠤ ᠬᠤᠲᠠ ᠵᠢᠨ ᠠᠷᠠᠳ ᠠᠳᠡᠵᠦ ᠰᠢᠷᠬᠠᠳᠤᠬᠤ ᠪᠠ ᠬᠤᠳᠠ ᠡᠪᠳᠡᠭᠳᠡᠵᠦ ᠰᠦᠢᠳᠬᠦ ᠡᠴᠡ ᠵᠠᠶᠢᠯᠠᠰᠬᠢᠬᠤ ᠵᠢᠨ ᠲᠦᠯᠦᠭᠡ᠂ ᠮᠦᠨᠴᠦ ᠶᠠᠫᠤᠨ ᠢ ᠡᠰᠡᠷᠭᠦᠴᠡᠬᠦ ᠴᠡᠷᠢᠭ ᠦᠨ ᠬᠦᠴᠦᠨ ᠵᠶᠡᠨ ᠬᠠᠳᠠᠭᠠᠯᠠᠬᠤ ᠵᠢᠨ ᠲᠦᠯᠦᠭᠡ᠂ 14 ᠦ ᠦᠳᠡ ᠵᠢᠨ ᠡᠮᠦᠨ᠎ᠡ ᠤᠯᠤᠰ ᠠᠷᠠᠳ ᠤᠨ ᠴᠡᠷᠢᠭ ᠦᠨ ᠵᠠᠬᠢᠷᠭ᠎ᠠ ᠪᠤᠭᠤᠳᠤ ᠵᠦᠭ ᠤᠬᠤᠷᠢᠵᠤ᠂ ᠦᠳᠡ ᠳᠦ ᠶᠡᠭᠡ ᠲᠦᠷᠭᠡᠨ ᠭᠤᠣᠯ ᠤᠨ ᠰᠠᠬᠢᠭᠤᠯ ᠴᠡᠷᠢᠭ ᠲᠠᠶᠢᠭ᠎ᠠ ᠮᠤᠳᠤ ᠭᠠᠯᠳᠤ ᠲᠡᠷᠭᠡᠨ ᠥᠷᠲᠡᠭᠡ ᠳᠦ ᠤᠬᠤᠷᠢᠵᠤ᠂ ᠭᠠᠯᠳᠤ ᠲᠡᠷᠭᠡ ᠪᠡᠷ ᠪᠠᠷᠠᠭᠤᠨᠰᠢ ᠵᠣᠷᠴᠢᠵᠤ᠂ ᠦᠳᠡ ᠵᠢᠨ ᠬᠤᠶᠢᠨ᠎ᠠ ᠬᠤᠳᠠ ᠰᠠᠬᠢᠵᠤ ᠪᠠᠶᠢᠭᠰᠠᠨ ᠮᠤᠩᠭᠤᠯ ᠬᠤᠰᠢᠭᠤᠳ ᠤᠨ ᠲᠤᠰᠠᠭᠠᠷ ᠪᠠᠷᠢᠭᠠᠳᠠ ᠵᠢᠨ ᠴᠡᠷᠢᠭ ᠪᠠᠰᠠ ᠭᠠᠯᠳᠤ ᠲᠡᠷᠭᠡ ᠪᠡᠷ ᠪᠠᠷᠠᠭᠤᠨᠰᠢ ᠤᠬᠤᠷᠢᠵᠤ᠂ ᠮᠠ ᠵᠠᠨ ᠱᠠᠨ ᠴᠡᠷᠢᠭ ᠵᠶᠡᠨ ᠲᠠᠭᠠᠭᠤᠯᠵᠤ᠂ ᠬᠠᠮᠤᠭ ᠤᠨ ᠰᠡᠭᠦᠯ ᠳᠦ ᠬᠦᠬᠡᠬᠤᠲᠠ ᠡᠴᠠ ᠤᠬᠤᠷᠢᠪᠠ᠃ ᠡᠨᠡ ᠦᠶ᠎ᠡ ᠳᠦ᠂ ᠳ᠋ᠧ ᠸᠠᠩ ᠤᠨ ᠬᠠᠭᠤᠷᠮᠠᠭ ᠮᠤᠩᠭᠤᠯ ᠦᠨ ᠴᠡᠷᠢᠭ ᠲᠠᠯᠠᠨ ᠬᠠᠷ᠎ᠠ ᠠᠭᠤᠯᠠ ᠵᠢᠨ ᠠᠷᠤ ᠪᠡᠷ ᠤᠩᠭᠤᠨ ᠳᠠᠪᠠᠭ᠎ᠠ ᠵᠢᠨ ᠤᠷᠤᠢ ᠳᠤ ᠭᠠᠷᠴᠤ᠂ ᠬᠠᠭᠤᠷᠮᠠᠭ ᠮᠤᠩᠭᠤᠯ ‍ᠦᠨ ᠴᠡᠷᠢᠭ ᠦᠨ ᠯᠢ ᠱᠸᠦ ᠰᠢᠨ ᠦ ᠴᠡᠷᠢᠭ ᠪᠠᠰᠠ ᠫᠢᠩ ᠰᠦᠢ ᠲᠡᠮᠦᠷ ᠵᠠᠮ ᠵᠶᠠᠷ ᠴᠠᠭᠠᠨ ᠰᠤᠪᠤᠷᠭ᠎ᠠ ᠭᠠᠯᠳᠤ ᠲᠡᠷᠭᠡᠨ ᠥᠷᠲᠡᠭᠡ ᠳᠦ ᠬᠦᠷᠴᠡᠢ᠃      ᠬᠦᠬᠡᠬᠤᠲᠠ ᠵᠢ ᠰᠠᠬᠢᠵᠤ ᠪᠠᠶᠢᠭᠰᠠᠨ ᠴᠡᠷᠢᠭ ᠤᠬᠤᠷᠢᠵᠤ ᠭᠠᠷᠤᠭᠰᠠᠨ ᠤ ᠳᠠᠷᠠᠭ᠎ᠠ᠂ ᠭᠦᠢ ᠰᠦᠢ ᠵᠢᠨ ᠬᠤᠳᠠᠯᠳᠤᠭᠠᠨ ᠤ ᠶᠠᠪᠤᠳᠠᠯ ᠤᠨ ᠨᠡᠶᠢᠭᠡᠮᠯᠢᠭ ᠡᠾᠧ ᠪᠢᠨ ᠸᠧᠨ ᠵᠶᠡᠷ ᠲᠤᠯᠤᠭᠠᠶᠢᠯᠠᠭᠴᠢ ᠪᠤᠯᠭᠠᠭᠰᠠᠨ ᠲᠦᠷ ᠴᠠᠭ ᠪᠠᠳᠤᠯᠠᠬᠤ ᠨᠡᠶᠢᠭᠡᠮᠯᠢᠭ ᠢ ᠪᠠᠶᠢᠭᠤᠯᠬᠤ ᠵᠢᠨ ᠬᠠᠮᠳᠤ ᠲᠦᠯᠦᠭᠡᠯᠡᠭᠴᠢ ᠲᠤᠮᠢᠯᠠᠨ ᠶᠠᠫᠤᠨ ᠤ ᠴᠡᠷᠢᠭ ᠬᠦᠬᠡᠬᠤᠲᠠ ᠳᠤ ᠣᠷᠣᠬᠤ ᠵᠢ ᠤᠭᠳᠤᠵᠠᠢ᠃ ᠠᠳᠡ ᠬᠦᠷᠦᠭᠡᠳ ᠬᠦᠬᠡᠬᠤᠳᠠ ᠶᠠᠫᠤᠨ ᠡᠵᠡᠷᠭᠡᠭ ᠲᠦᠷᠢᠮᠡᠭᠡᠶᠢᠳᠡᠨ ᠤ ᠭᠠᠷ ᠲᠤ ᠤᠷᠤᠭᠰᠠᠨ ᠪᠠᠶᠢᠨ᠎ᠠ᠃16 ᠤ ᠡᠳᠦᠷ᠂ ᠶᠠᠫᠤᠨ ᠤ ᠴᠡᠷᠢᠭ ᠦᠷᠭᠦᠯᠵᠢᠯᠡᠨ ᠪᠠᠷᠠᠭᠤᠨᠰᠢ ᠲᠦᠷᠢᠮᠡᠬᠡᠶᠢᠯᠡᠪᠡ᠃ ᠤᠯᠤᠰ ᠠᠷᠠᠳ ᠤᠨ ᠴᠡᠷᠢᠭ ᠪᠠ ᠮᠧᠨ ᠪᠢᠩ ᠶᠤᠸᠠᠢ ᠵᠢᠨ ᠮᠤᠷᠢᠳᠤ ᠴᠡᠷᠢᠭ ᠪᠤᠭᠤᠳᠤ ᠡᠴᠠ ᠪᠤᠷᠤᠳᠤᠬᠤᠢ ᠵᠦᠭ ᠤᠬᠤᠷᠢᠵᠤ᠂ ᠮᠠ ᠵᠠᠨ ᠱᠠᠨ ᠤ ᠵᠡᠭᠦᠨ ᠬᠤᠶᠢᠳᠤ ᠵᠢᠨ ᠭᠠᠪᠰᠢᠭᠠᠶᠢᠯᠠᠬᠤ ᠴᠡᠷᠢᠭ ᠪᠠ ᠮᠤᠩᠭᠤᠯ ᠬᠤᠰᠢᠭᠤᠳ ᠤᠨ ᠲᠤᠰᠠᠭᠠᠷ ᠪᠠᠷᠢᠭᠠᠳᠠ ᠪᠤᠭᠤᠳᠤ ᠡᠴᠠ ᠡᠮᠦᠨᠡᠰᠢᠯᠡᠵᠦ ᠬᠠᠲᠤᠨ ᠭᠤᠣᠯ ᠢ ᠭᠡᠳᠦᠯᠦᠭᠡᠳ ᠶᠡᠭᠡ ᠵᠤᠤ ᠠᠶᠢᠮᠠᠭ ᠲᠤ ᠤᠷᠤᠵᠠᠢ᠃17 ‍ᠦ ᠡᠳᠦᠷ ᠪᠤᠭᠤᠳᠤ ᠪᠠᠰᠠ ᠶᠠᠫᠤᠨ ᠴᠡᠷᠢᠭ ᠲᠦ ᠡᠵᠡᠯᠡᠭᠳᠡᠪᠡ᠃ ᠡᠬᠦᠨ ᠡᠴᠡ ᠡᠬᠢᠯᠡᠵᠦ᠂ ᠬᠦᠬᠡᠬᠤᠳᠠ ᠤᠷᠤᠨ ᠶᠠᠫᠤᠨ ᠡᠵᠡᠷᠭᠡᠭ ᠲᠦᠷᠢᠮᠡᠬᠡᠶᠢᠳᠡᠨ ᠳᠤ ᠺᠤᠯᠤᠨᠢᠴᠢᠯᠠᠭᠳᠠᠨ᠂ ᠦᠨᠳᠦᠰᠦᠳᠡᠨ ᠦ ᠢᠴᠢᠭᠦᠷᠢ ᠵᠢᠨ ᠺᠤᠯᠤᠨᠢᠴᠢᠯᠠᠯ ᠤᠨ ᠤᠷᠤᠨ ᠤ ᠲᠡᠦᠭᠡ ᠪᠠᠨ ᠡᠬᠢᠯᠡᠭᠦᠯᠦᠭᠰᠡᠨ ᠶᠤᠮ᠃                ᠢᠷᠡᠯᠲᠡ᠄ ︽ᠬᠦᠬᠡᠬᠤᠲᠠ ᠵᠢᠨ ᠬᠤᠪᠢᠰᠬᠠᠯ ᠤᠨ ᠲᠡᠦᠭᠡ︾  ︵ᠦᠪᠦᠷ ᠮᠤᠩᠭᠤᠯ ᠤᠨ ᠶᠡᠭᠡ ᠰᠤᠷᠭᠠᠭᠤᠯᠢ ᠵᠢᠨ ᠬᠡᠪᠯᠡᠯ ᠦᠨ ᠬᠤᠷᠢᠶ᠎ᠠ 1999 ᠣᠨ ᠤ ᠬᠡᠪᠯᠡᠯ︶ ᠡᠴᠠ ᠤᠷᠴᠢᠭᠤᠯᠪᠠ ᠲᠤᠳᠤᠷᠬᠠᠶᠢᠯᠠᠯᠲᠠ᠄ ᠲᠡᠭᠡᠷᠡᠬᠢ ᠠᠭᠤᠯᠭ᠎ᠠ ᠳᠤ ᠢᠯᠡᠷᠡᠭᠰᠡᠨ ᠤᠨᠴᠠᠭᠠᠢ ᠲᠡᠦᠭᠡᠨ ᠨᠡᠷ᠎ᠡ ᠦᠭᠡᠰ ᠢ ︽ᠦᠪᠦᠷ ᠮᠤᠩᠭᠤᠯ ᠤᠨ ᠲᠡᠦᠭᠡ ᠵᠢᠨ ᠮᠠᠲ᠋ᠧᠷᠢᠶᠠᠯ︾  ︵ᠦᠪᠦᠷ ᠮᠤᠩᠭᠤᠯ ᠤᠨ ᠠᠷᠠᠳ ᠤᠨ ᠬᠡᠪᠯᠡᠯ ᠦᠨ ᠬᠤᠷᠢᠶ᠎ᠠ᠂ 1984 ᠤᠨ ᠤ ᠬᠡᠪᠯᠡᠯ︶᠂ ︽ᠦᠪᠦᠷ ᠮᠤᠩᠭᠤᠯ ᠤᠨ ᠲᠡᠦᠭᠡ ᠵᠢᠨ ᠲᠤᠶᠢᠮᠤ︾  ︵ᠦᠪᠦᠷ ᠮᠤᠩᠭᠤᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶ᠎ᠠ᠂ 1990 ᠣᠨ ᠤ  ᠬᠡᠪᠯᠡᠯ︶ ᠵᠡᠷᠭᠡ ᠨᠣᠮ ᠡᠴᠠ ᠯᠠᠪᠯᠠᠪᠠ᠃
 
ᠢᠷᠡᠯᠲᠡ᠄ ︽ᠬᠦᠬᠡᠬᠤᠲᠠ ᠵᠢᠨ ᠬᠤᠪᠢᠰᠬᠠᠯ ᠤᠨ ᠲᠡᠦᠭᠡ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠡᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠡᠷ ᠬᠠᠭᠤᠯᠪᠤᠷᠢᠯᠠᠬᠤ ᠵᠢ ᠡᠷᠡᠰ ᠬᠤᠷᠢᠭᠯᠠᠨ᠎ᠠ 蒙ICP备16003084号-4号