| | | | | ᠳᠠᠯᠠᠨ ᠬᠠᠷ᠎ᠠ ᠠᠭᠤᠯᠠ ᠶᠢᠨ ᠶᠠᠫᠤᠨ ᠢ ᠡᠰᠡᠷᠭᠦᠴᠡᠬᠦ ᠫᠠᠷᠲ᠋ᠢᠽᠠᠨ ᠤ ᠰᠠᠭᠤᠷᠢᠨ ᠭᠠᠵᠠᠷ ᠤᠨ ᠦᠵᠡᠭᠦᠯᠭᠡ ᠶᠢᠨ | ᠤᠷᠳᠤᠨ ᠢ 2008 ᠣᠨ ᠳᠤ ᠪᠠᠶᠢᠭᠤᠯᠵᠤ᠂ 1600 ᠲᠡᠭᠰᠢ ᠲᠦᠷᠪᠡᠯᠵᠢᠨ ᠮᠧᠲᠷ ᠲᠠᠯᠠᠪᠠᠢ ᠲᠠᠢ᠃ | ᠲᠠᠯᠠᠨ ᠬᠠᠷ᠎ᠠ ᠠᠭᠤᠯᠠ ᠶᠢᠨ ᠶᠠᠫᠤᠨ ᠢ ᠡᠰᠡᠷᠬᠦᠴᠡᠬᠦ ᠫᠠᠷᠲ᠋ᠢᠽᠠᠨ ᠤ ᠰᠠᠭᠤᠷᠢᠨ ᠭᠠᠵᠠᠷ ᠤᠨ ᠦᠵᠡᠭᠦᠯᠭᠡ ᠶᠢᠨ | ᠤᠷᠳᠤᠨ ᠳᠤ ᠲᠠᠯᠠᠨ ᠬᠠᠷ᠎ᠠ ᠠᠭᠤᠯᠠ ᠶᠢᠨ ᠶᠠᠫᠤᠨ ᠢ ᠡᠰᠡᠷᠭᠦᠴᠡᠬᠦ ᠫᠠᠷᠲ᠋ᠢᠽᠠᠨ ᠤ ᠰᠠᠭᠤᠷᠢᠨ ᠭᠠᠵᠠᠷ ᠤᠨ ᠡᠭᠦᠰᠴᠦ | ᠪᠦᠷᠢᠯᠳᠦᠭᠰᠡᠨ ᠲᠡᠦᠭᠡᠨ ᠠᠬᠤᠢ ᠪᠠᠶᠢᠳᠠᠯ᠂ ᠨᠠᠢᠮᠠᠳᠤᠭᠠᠷ ᠵᠠᠮ ᠤᠨ ᠴᠡᠷᠢᠭ ᠲᠠᠯᠠᠨ ᠬᠠᠷ᠎ᠠ ᠠᠭᠤᠯᠠᠨ ᠳᠤ | ᠤᠷᠤᠭᠰᠠᠨ᠂ ᠮᠣᠨᠢ ᠠᠭᠤᠯᠨ ᠪᠠᠷ ᠲᠤᠭᠤᠷᠢᠵᠤ ᠪᠠᠶᠢᠯᠳᠤᠭᠰᠠᠨ ᠨᠢ᠂ ᠲᠠᠯᠠᠨ ᠬᠠᠷ᠎ᠠ ᠠᠭᠤᠯᠠ ᠶᠢᠨ ᠶᠠᠫᠤᠨ ᠢ | ᠡᠰᠡᠷᠭᠦᠴᠡᠬᠦ ᠫᠠᠷᠲ᠋ᠢᠽᠠᠨ ᠤ ᠰᠠᠭᠤᠷᠢᠨ ᠭᠠᠵᠠᠷ᠂ ᠲᠠᠯᠠᠨ ᠬᠠᠷ᠎ᠠ ᠠᠭᠤᠯᠠ ᠶᠢᠨ ᠲᠦᠳᠡᠭ ᠭᠠᠯ᠂ ᠶᠠᠫᠤᠨ ᠢ | ᠡᠰᠡᠷᠭᠦᠴᠡᠭᠡᠳ ᠢᠯᠠᠯᠲᠠ ᠤᠯᠤᠭᠰᠠᠨ ᠵᠡᠷᠭᠡ ᠵᠢᠷᠭᠤᠭᠠᠨ ᠦᠵᠡᠭᠦᠯᠭᠡ ᠶᠢᠨ ᠲᠤᠭᠤᠷᠢᠭ ᠲᠣᠬᠢᠷᠠᠭᠤᠯᠵᠠᠢ᠃ | ᠦᠵᠡᠭᠦᠯᠭᠡ ᠶᠢᠨ ᠤᠷᠳᠤᠨ ᠲᠤᠳᠤᠷ᠎ᠠ ᠲᠠᠯᠠᠨ ᠬᠠᠷ᠎ᠠ ᠠᠭᠤᠯᠠ ᠶᠢᠨ ᠫᠠᠷᠲ᠋ᠢᠽᠠᠨ ᠤ ᠰᠠᠭᠤᠷᠢᠨ ᠭᠠᠵᠠᠷ ᠤᠨ ᠨᠠᠮ᠂ | ᠵᠠᠰᠠᠭ᠂ ᠴᠡᠷᠢᠭ ᠤᠨ ᠠᠯᠪᠠᠨ ᠤ ᠭᠠᠵᠠᠷ ᠢ ᠦᠵᠡᠭᠦᠯᠵᠦ ᠪᠠᠶᠢᠬᠤ ᠪᠠᠷ ᠪᠠᠷᠠᠬᠤ ᠦᠭᠡᠢ ᠨᠠᠢᠮᠠᠳᠤᠭᠠᠷ ᠵᠠᠮ ᠤᠨ | ᠴᠡᠷᠢᠭ ᠤᠨ ᠭᠡᠷᠡᠭᠯᠡᠵᠦ ᠦᠩᠭᠡᠷᠡᠭᠰᠡᠨ ᠷᠠᠳᠢᠤ᠋᠂ ᠪᠠᠶᠢᠯᠳᠤᠭᠠᠨ ᠤ ᠬᠢᠳᠤᠭ᠎ᠠ᠂ ᠭᠠᠷᠨᠠᠳᠠ᠂ ᠭᠠᠯ ᠤᠨ ᠭᠠᠳᠤᠷ᠎ᠠ᠂ | ᠪᠤᠳᠠᠭᠠᠨ ᠤ ᠤᠭᠤᠳᠠ᠂ ᠬᠡᠲᠡ ᠵᠡᠷᠭᠡ ᠪᠤᠳᠠᠰ ᠢ ᠲᠡᠯᠭᠡᠵᠦ᠂ ᠰᠠᠭᠤᠷᠢᠨ ᠭᠠᠵᠠᠷ ᠤᠨ ᠶᠠᠫᠤᠨ ᠢ ᠡᠰᠡᠷᠭᠦᠴᠡᠬᠦ | ᠴᠡᠷᠢᠭ ᠤᠨ ᠲᠦᠢᠯ ᠤᠨ ᠪᠡᠷᠭᠡ ᠬᠠᠳᠠᠭᠤᠵᠢᠯᠳᠠᠢ ᠲᠡᠦᠭᠡᠨ ᠦᠩᠭᠡᠷᠡᠭᠡᠯᠲᠡ ᠶᠢ ᠬᠠᠷᠠᠭᠤᠯᠪᠠ᠃ | | | | | ᠦᠵᠡᠭᠦᠯᠭᠡ ᠶᠢᠨ ᠤᠷᠳᠤᠨ ᠨᠢ ᠪᠦᠬᠦ ᠤᠯᠤᠰ ᠪᠠ ᠰᠦᠢ ᠶᠤᠸᠠᠨ ᠮᠤᠩᠭᠤᠯ ᠤᠨ ᠶᠠᠫᠤᠨ ᠢ ᠡᠰᠡᠷᠭᠦᠴᠡᠬᠦ | ᠲᠠᠶᠢᠨ ᠤ ᠶᠡᠭᠡ ᠲᠡᠦᠭᠡᠨ ᠤᠷᠴᠢᠨ ᠳᠤ ᠲᠤᠬᠠᠢ ᠶᠢᠨ ᠵᠢᠯ ᠤᠨ ᠰᠦᠢ ᠶᠤᠸᠠᠨ ᠮᠤᠩᠭᠤᠯ ᠤᠨ ᠠᠷᠠᠳ ᠲᠦᠮᠡᠨ ᠤ | ᠶᠠᠫᠤᠨ ᠢ ᠡᠰᠡᠷᠭᠦᠴᠡᠭᠰᠡᠨ ᠦᠵᠡᠭᠳᠡᠯ ᠪᠠᠶᠢᠳᠠᠯ ᠢ ᠲᠠᠬᠢᠨᠳᠠ ᠢᠯᠡᠷᠡᠭᠦᠯᠵᠦ᠂ ᠲᠠᠯᠠᠨ ᠬᠠᠷ᠎ᠠ ᠠᠭᠤᠯᠠ ᠶᠢᠨ ᠶᠠᠫᠤᠨ ᠢ | ᠡᠰᠡᠷᠭᠦᠴᠡᠬᠦ ᠫᠠᠷᠲ᠋ᠢᠽᠠᠨ ᠤ ᠰᠠᠭᠤᠷᠢᠨ ᠭᠠᠵᠠᠷ ᠤᠨ ᠡᠭᠦᠰᠦᠯ᠂ ᠬᠦᠭᠵᠢᠯ᠂ ᠲᠡᠮᠡᠴᠡᠯ ᠪᠠ ᠢᠯᠠᠯᠲᠠ ᠶᠢᠨ ᠲᠦᠷᠪᠡᠨ | ᠱᠠᠳᠤ ᠦᠶ᠎ᠡ ᠶᠢ ᠬᠠᠷᠠᠭᠤᠯᠵᠤ᠂ ᠲᠠᠯᠠᠨ ᠬᠠᠷ᠎ᠠ ᠠᠭᠤᠯᠠ ᠶᠢᠨ ᠶᠠᠫᠤᠨ ᠢ ᠡᠰᠡᠷᠭᠦᠴᠡᠬᠦ ᠲᠡᠮᠡᠴᠡᠯ ᠤᠨ | ᠦᠨᠳᠦᠰᠦᠳᠡᠨ ᠤ ᠤᠨᠴᠠᠯᠢᠭ ᠪᠠ ᠭᠠᠵᠠᠷ ᠤᠷᠤᠨ ᠤ ᠤᠨᠴᠠᠯᠢᠭ ᠢ ᠬᠦᠢᠴᠡᠳ ᠲᠤᠰᠬᠠᠵᠠᠢ᠃ | ᠲᠤᠰ ᠦᠵᠡᠭᠦᠯᠭᠡ ᠶᠢᠨ ᠤᠷᠳᠤᠨ ᠪᠣᠯ ᠲᠦᠷᠪᠡᠳᠡᠬᠢ ᠪᠦᠯᠦᠭ ᠪᠦᠬᠦ ᠤᠯᠤᠰ ᠤᠨ ᠡᠬᠡ ᠤᠷᠤᠨᠴᠢ | ᠦᠵᠡᠯ ᠤᠨ ᠬᠦᠮᠦᠵᠢᠯ ᠤᠨ ᠵᠢᠱᠢᠶ᠎ᠡ ᠦᠵᠡᠭᠦᠯᠬᠦ ᠰᠠᠭᠤᠷᠢᠨ ᠭᠠᠵᠠᠷ᠂ ᠮᠦᠨᠴᠦ ᠦᠪᠦᠷ ᠮᠤᠩᠭᠤᠯ ᠤᠨ ᠦᠪᠡᠷᠲᠡᠭᠡᠨ | ᠵᠠᠰᠠᠬᠤ ᠤᠷᠤᠨ ᠤ ᠲᠡᠰ ᠤᠨ ᠭᠤᠤᠯᠳᠠᠯᠭ᠎ᠠ ᠲᠠᠢ ᠲᠡᠦᠭᠡᠨ ᠲᠤᠷᠠᠰᠬᠠᠯᠳᠤ ᠪᠤᠳᠠᠰ ᠤᠨ ᠬᠠᠮᠠᠭᠠᠯᠠᠯᠲᠠ ᠶᠢᠨ ᠨᠢᠭᠡᠴᠡ | ᠪᠤᠯᠤᠨ᠎ᠠ᠃ | | | | | | | | | | | | | | | | | | | | | | | | | | | | | | | | | ᠢᠷᠡᠯᠲᠡ᠄ ᠰᠢᠨᠬᠤᠸᠠ ᠰᠦᠯᠵᠢᠶ᠎ᠡ | ᠬᠦᠬᠡᠬᠤᠲᠠ ᠶᠢᠨ ᠤᠳᠬ᠎ᠠ ᠤᠷᠠᠯᠢᠭ ᠤᠨ ᠷᠠᠳᠢᠤ᠋ | ᠵᠢᠷᠤᠭ ᠤᠨ ᠢᠷᠡᠯᠲᠡ᠄ ᠰᠢᠨᠬᠤᠸᠠ ᠰᠦᠯᠵᠢᠶ᠎ᠡ ᠠᠷᠠᠳ ᠤᠨ ᠰᠦᠯᠵᠢᠶ᠎ᠡ | | |