| ᠤᠯᠠᠭᠠᠨᠬᠦᠦ ᠶᠢᠨ ᠬᠠᠭᠤᠴᠢᠨ ᠰᠠᠭᠤᠴᠠ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ | ᠬᠦᠬᠡᠬᠤᠲᠠ ᠶᠢᠨ ᠲᠦᠮᠡᠳ ᠵᠡᠭᠦᠨ ᠬᠤᠰᠢᠭᠤᠨ ᠤ ᠲᠠᠪᠤᠨᠰᠠᠶᠢᠨ ᠲᠤᠰᠬᠤᠨ ᠳᠤ ᠪᠤᠢ᠂ ᠮᠠᠨ ᠤ ᠤᠯᠤᠰ ᠤᠨ | ᠤᠮᠠᠷᠠᠲᠤ ᠤᠷᠤᠨ ᠤ ᠦᠪᠡᠷᠮᠢᠴᠡ ᠤᠨᠴᠠᠯᠢᠭ ᠪᠦᠬᠦᠢ ᠲᠠᠷᠢᠶᠠᠴᠢᠨ ᠠᠶᠢᠯ ᠤᠨ ᠪᠠᠷᠢᠯᠭ᠎ᠠ ᠶᠢᠨ ᠬᠡᠪ ᠨᠠᠮᠪᠠ ᠲᠠᠢ᠃ | ᠤᠯᠠᠭᠠᠨᠬᠦᠦ ᠶᠢᠨ ᠬᠠᠭᠤᠴᠢᠨᠰᠠᠭᠤᠴᠠ ᠨᠢ ᠤᠯᠠᠭᠠᠨᠬᠦᠦ ᠨᠦᠬᠦᠷ ᠤᠨ ᠦᠰᠴᠦ ᠲᠦᠷᠦᠭᠰᠡᠨ ᠪᠠ ᠡᠷᠲᠡ | ᠦᠶ᠎ᠡ ᠳᠤ ᠬᠤᠪᠢᠰᠬᠠᠯ ᠤᠨ ᠠᠵᠢᠯᠯᠠᠭ᠎ᠠ ᠳᠤ ᠤᠷᠤᠯᠴᠠᠭᠰᠠᠨ ᠭᠠᠵᠠᠷ ᠪᠣᠯᠤᠨ᠎ᠠ᠃1941 ᠣᠨ ᠳᠤ ᠬᠠᠭᠤᠴᠢᠨ | ᠰᠠᠭᠤᠴᠠ ᠶᠢᠨ ᠬᠡᠰᠡᠭ ᠪᠠᠶᠢᠰᠢᠩ ᠨᠢ ᠶᠠᠫᠤᠨ ᠲᠡᠭᠡᠷᠡᠮ ᠤᠨ ᠲᠠᠯᠬᠢᠭᠳᠠᠯ ᠳᠤ ᠤᠴᠠᠷᠠᠵᠤ᠂ ᠵᠦᠪᠬᠡᠨ ᠭᠤᠷᠪᠠᠭ᠋ᠠᠨ | ᠳᠠᠰᠤᠯᠭ᠎ᠠ ᠭᠤᠣᠯ ᠭᠡᠷ ᠦᠯᠡᠳᠡᠵᠡᠢ᠃1987 ᠣᠨ ᠳᠤ ᠲᠦᠮᠡᠳ ᠵᠡᠭᠦᠨ ᠬᠤᠰᠢᠭᠤᠨ ᠤ ᠵᠠᠰᠠᠭ ᠤᠨ | ᠤᠷᠳᠤᠨ ᠠᠴᠠ ᠵᠠᠰᠠᠨ ᠰᠡᠷᠭᠦᠭᠡᠪᠡ᠃1991 ᠣᠨ ᠳᠤ ᠲᠠᠬᠢᠨᠲᠠ ᠵᠠᠰᠠᠨ ᠰᠠᠶᠢᠵᠢᠷᠠᠭᠤᠯᠤᠭᠠᠳ ᠭᠠᠳᠠᠭᠰᠢ | ᠨᠡᠭᠡᠭᠡᠵᠡᠢ᠃ ᠤᠯᠠᠭᠠᠨᠬᠦᠦ ᠶᠢᠨ ᠬᠠᠭᠤᠴᠢᠨ ᠰᠠᠭᠤᠴᠠ ᠶᠢᠨ ᠡᠵᠡᠯᠡᠬᠦ ᠭᠠᠵᠠᠷ ᠤᠨ ᠲᠠᠯᠠᠪᠠᠢ ᠨᠢ 2.39 ᠮᠦ | ᠬᠦᠷᠴᠦ ᠪᠤᠢ᠃ ᠡᠭᠦᠨ ᠳᠤ ᠭᠤᠣᠯ ᠭᠡᠷ᠂ ᠵᠡᠭᠦᠨ ᠪᠠᠷᠠᠭᠤᠨ ᠵᠢᠭᠦᠷ ᠤᠨ ᠭᠡᠷ᠂ ᠢᠩ ᠤᠨ ᠭᠡᠷ᠂ ᠲᠡᠭᠡᠷᠮ᠎ᠡ ᠶᠢᠨ ᠭᠡᠷ | ᠂ ᠠᠮᠤ ᠪᠤᠳᠠᠭᠠᠨ ᠤ ᠬᠦᠮᠦᠷᠭᠡ ᠵᠡᠷᠭᠡ 20 ᠭᠠᠷᠤᠢ ᠲᠠᠰᠤᠯᠭ᠎ᠠ ᠭᠡᠷ ᠪᠤᠢ᠃2006 ᠣᠨ ᠳᠤ ᠤᠯᠠᠭᠠᠨᠬᠦᠦ ᠶᠢᠨ | ᠳᠤᠷᠠᠰᠬᠠᠯ ᠤᠨ ᠤᠷᠳᠤᠨ ᠠᠴᠠ ᠬᠠᠭᠤᠴᠢᠨ ᠰᠠᠭᠤᠴᠠ ᠶᠢ ᠲᠠᠬᠢᠨ ᠵᠠᠰᠠᠵᠤ ᠤᠤᠯ ᠤᠨ ᠬᠡᠪ ᠳᠤ ᠨᠢ ᠤᠷᠤᠭᠤᠯᠪᠠ᠃ | ᠡᠭᠦᠨ ᠳᠤ ᠬᠠᠭᠤᠴᠢᠨ ᠰᠠᠭᠤᠴᠠ ᠶᠢᠨ ᠤᠤᠯ ᠬᠡᠪ᠂ ᠦᠵᠡᠭᠦᠯᠭᠡ ᠶᠢᠨ ᠭᠡᠷ᠂ ᠲᠠᠭᠤ ᠰᠢᠩᠭᠡᠭᠡᠯᠲᠡ ᠶᠢᠨ ᠲᠢᠩᠭᠢᠮ᠂ | ᠬᠦᠰᠢᠶ᠎ᠡ ᠶᠢᠨ ᠬᠤᠩᠭᠢᠯ᠂ ᠬᠤᠸᠠᠢ ᠽᠧ ᠲᠢᠩ ᠵᠢᠴᠢ ᠤᠯᠠᠭᠠᠨᠬᠦᠦ ᠶᠢᠨ ᠬᠢᠨ ᠤ ᠠᠮᠤ ᠪᠤᠳᠠᠭ᠎ᠠ ᠢᠩᠳᠡᠵᠦ | ᠬᠠᠳᠠᠭᠠᠵᠤ ᠪᠠᠶᠢᠭᠰᠠᠨ ᠦᠵᠡᠭᠳᠡᠯ ᠪᠠ ᠤᠯᠠᠭᠠᠨᠬᠦᠦ ᠶᠢᠨ ᠪᠠᠭ᠎ᠠ ᠳᠠᠭᠠᠨ ᠨᠠᠭᠠᠳᠴᠤ ᠪᠠᠶᠢᠭᠰᠠᠨ ᡁᠢ ᠵᠢᠢ ᠲᠠᠨ | ᠵᠡᠷᠭᠡ ᠶᠢ ᠲᠡᠯᠭᠡᠨ ᠦᠵᠡᠭᠦᠯᠵᠦ᠂ ᠡᠵᠡᠯᠡᠬᠦ ᠶᠡᠷᠦᠩᠬᠡᠢ ᠲᠠᠯᠠᠪᠠᠢ ᠨᠢ 24 ᠮᠦ ᠬᠦᠷᠴᠦ ᠪᠤᠢ᠃ | ᠬᠠᠭᠤᠴᠢᠨ ᠰᠠᠭᠤᠴᠠ ᠳᠤ 84 ᠲᠡᠦᠭᠡᠨ ᠪᠢᠴᠢᠭ᠂ ᠲᠤᠷᠠᠰᠬᠠᠯᠳᠤ ᠵᠦᠢᠯᠡᠰ᠂ 63 ᠵᠢᠷᠤᠭ ᠰᠡᠭᠦᠳᠡᠷ᠂ | 19 ᠲᠤᠰᠤᠨ ᠵᠢᠷᠤᠭ᠂ 5 ᠴᠠᠭᠠᠰᠤᠨ ᠬᠠᠶᠢᠴᠢᠯᠠᠮᠠᠯ᠂ 2 ᠦᠰᠦᠭᠲᠦ ᠵᠢᠷᠤᠭ᠂ ᠲᠠᠪᠤᠨ ᠪᠢᠴᠢᠯᠭᠡ ᠨᠡᠪᠳᠡᠷᠡᠭᠦᠯᠬᠦ | ᠦᠵᠦᠭᠦᠷᠯᠢᠭ᠂ ᠬᠤᠶᠠᠷ ᠢᠵᠢ ᠤᠶᠤᠨᠳᠤ ᠲᠠᠶᠢᠯᠪᠤᠷᠢᠯᠠᠨ ᠶᠠᠷᠢᠬᠤ ᠰᠢᠰᠲ᠋ᠧᠮ ᠢ ᠲᠡᠯᠭᠡᠨ ᠦᠵᠡᠭᠦᠯᠵᠦ ᠪᠠᠶᠢᠬᠤ ᠶᠢᠨ | ᠲᠦᠮᠡᠳ ᠤᠨ ᠠᠷᠠᠳ ᠤᠨ ᠵᠠᠩ ᠦᠢᠯᠡ ᠶᠢᠨ ᠤᠨᠴᠠᠯᠢᠭ ᠪᠦᠬᠦᠢ ᠡᠳ᠋ᠯᠡᠯ ᠬᠡᠷᠡᠭᠰᠡᠯ ᠢ 35 ᠶᠢ ᠲᠡᠯᠭᠡᠵᠦ ᠪᠤᠢ᠃ | ᠵᠢᠭᠤᠯᠴᠢᠳ ᠤᠯᠠᠭᠠᠨᠬᠦᠦ ᠶᠢᠨ ᠬᠠᠭᠤᠴᠢᠨ ᠰᠠᠭᠤᠴᠠ ᠶᠢ ᠲᠤᠭᠤᠷᠢᠨ ᠦᠵᠡᠬᠦ ᠶᠢᠨ ᠵᠡᠷᠭᠡᠪᠡᠷ ᠲᠦᠮᠡᠳ ᠤᠨ ᠨᠤᠲᠤᠭ | ᠤᠷᠤᠨ ᠤ ᠵᠠᠩ ᠵᠠᠩᠰᠢᠯ ᠪᠠ ᠬᠦᠳᠡᠭᠡ ᠨᠤᠲᠤᠭ ᠤᠨ ᠦᠩᠭᠡ ᠦᠵᠡᠮᠵᠢ ᠶᠢ ᠰᠤᠨᠢᠷᠬᠠᠵᠤ ᠪᠤᠯᠤᠨ᠎ᠠ᠃ | 2016 ᠣᠨ ᠳᠤ ᠲᠦᠮᠡᠳ ᠤᠨ ᠬᠤᠪᠢᠰᠬᠠᠯ ᠤᠨ ᠲᠡᠦᠭᠡ ᠶᠢᠨ ᠦᠵᠡᠭᠦᠯᠭᠡ ᠶᠢ ᠰᠢᠨ᠎ᠡ ᠪᠠᠷ ᠨᠡᠮᠡᠵᠡᠢ᠃ | ᠤᠯᠠᠭᠠᠨᠬᠦᠦ ᠶᠢᠨ ᠬᠠᠭᠤᠴᠢᠨ ᠰᠠᠭᠤᠴᠠ ᠪᠣᠯ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ | ᠭᠤᠤᠯᠳᠠᠯᠭ᠎ᠠ ᠲᠠᠢ ᠲᠡᠦᠭᠡᠨ ᠲᠤᠷᠠᠰᠬᠠᠯᠳᠤ ᠵᠦᠢᠯᠡᠰ ᠤᠨ ᠬᠠᠮᠠᠭᠠᠯᠠᠯᠲᠠ ᠶᠢᠨ ᠨᠢᠭᠡᠴᠡ᠂ ᠵᠢᠷᠭᠤᠳᠤᠭᠠᠷ ᠪᠦᠯᠦᠭ | ᠤᠯᠤᠰ ᠤᠨ ᠭᠤᠤᠯᠳᠠᠯᠭ᠎ᠠ ᠲᠠᠢ ᠲᠡᠦᠭᠡᠨ ᠲᠤᠷᠠᠰᠬᠠᠯᠳᠤ ᠵᠦᠢᠯᠡᠰ ᠤᠨ ᠬᠠᠮᠠᠭᠠᠯᠠᠯᠲᠠ ᠶᠢᠨ ᠨᠢᠭᠡᠴᠡ᠂ ᠪᠦᠬᠦ | ᠤᠯᠤᠰ ᠤᠨ ᠬᠤᠪᠢᠰᠬᠠᠯ ᠤᠨ ᠵᠢᠭᠤᠯᠴᠢᠯᠠᠯ ᠤᠨ ᠰᠤᠩᠭᠤᠳᠠᠭ ᠦᠵᠡᠮᠵᠢ ᠶᠢᠨ ᠤᠷᠤᠨ᠂ ᠤᠯᠤᠰ ᠤᠨAAAA | ᠲᠡᠰ ᠤᠨ ᠵᠢᠭᠤᠯᠴᠢᠯᠠᠯ ᠤᠨ ᠦᠵᠡᠮᠵᠢ ᠶᠢᠨ ᠤᠷᠤᠨ ᠪᠤᠯᠤᠨ᠎ᠠ᠃ | | | | | | | | | | | ᠢᠷᠡᠯᠲᠡ᠄ ᠤᠯᠠᠭᠠᠨᠬᠦᠦ ᠶᠢᠨ ᠳᠤᠷᠠᠰᠬᠠᠯ ᠤᠨ ᠤᠷᠳᠤᠨ ᠤ ᠠᠯᠪᠠᠨ ᠰᠦᠯᠵᠢᠶ᠎ᠡ | |