ᠥᠪᠥᠷ ᠮᠣᠩᠭᠤᠯ ᠴᠢᠩ ᠤᠯᠤᠰ ᠪᠣᠯᠤᠨ ᠢᠷᠭᠡᠨ ᠤᠯᠤᠰ ᠤᠨ ᠦᠶ᠎ᠡ ᠶᠢᠨ ᠮᠣᠩᠭᠤᠯ ᠬᠡᠯᠡᠨ ᠤ ᠳᠠᠩᠰᠠ ᠡᠪᠬᠡᠮᠡᠯ ᠢ ᠠᠪᠤᠷᠠᠯᠳᠠ ᠶᠢᠨ ᠴᠢᠨᠠᠷᠲᠠᠶ ᠪᠠᠷ ᠬᠠᠮᠠᠭᠠᠯᠠᠵᠤ ᠰᠡᠯᠪᠢᠨ ᠰᠡᠷᠭᠦᠭᠡᠵᠦ ᠪᠤᠢ
ᠨᠡᠶᠢᠲᠡᠯᠡᠭᠰᠡᠨ ᠴᠠᠭ᠄
2019-08-02
       ᠰᠢᠨᠬᠤᠸᠠ  ᠬᠤᠷᠢᠶᠠᠨ ᠤ  ᠬᠦᠬᠡᠬᠤᠳᠠ ᠶᠢᠨ  7  ᠰᠠᠷ᠎ᠠ ᠶᠢᠨ  31 ᠤ  ᠡᠳᠦᠷ ᠤᠨ  ᠮᠡᠳᠡᠭᠡ  ︵ᠰᠤᠷᠪᠤᠯᠵᠢᠯᠠᠭᠴᠢ‌ᠤᠷᠢᠬᠠᠨ︶ ᠰᠤᠷᠪᠤᠯᠵᠢᠯᠠᠭᠴᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠳᠠᠩᠰᠠ ᠡᠪᠬᠡᠮᠡᠯ ᠤᠨ  ᠲᠣᠪᠴᠢᠶ᠎ᠠ ᠡᠴᠠ‌ᠣᠶᠢᠯᠭᠠᠭᠰᠠᠨ ᠢᠶᠠᠷ᠂ ᠥᠪᠥᠷ ᠮᠣᠩᠭᠤᠯ ᠤᠳᠤ ᠶᠠᠭ ᠴᠢᠩ ᠤᠯᠤᠰ ᠤᠨ ᠦᠶ᠎ᠡ ᠠᠴᠠ ᠢᠷᠭᠡᠨ ᠤᠯᠤᠰ ᠤᠨ ᠦᠶ᠎ᠡ ᠬᠦᠷᠲᠡᠯᠡᠬᠢ ᠨᠢᠭᠡ ᠪᠦᠯᠦᠭ ᠤᠰᠠᠳᠬᠤ ᠠᠶᠤᠯᠳᠠᠢ ᠮᠣᠩᠭᠤᠯ ᠬᠡᠯᠡᠨ ᠤ  ᠳᠠᠩᠰᠠ  ᠡᠪᠬᠡᠮᠡᠯ ᠢ  ᠠᠪᠤᠷᠠᠯᠳᠠ ᠶᠢᠨ  ᠴᠢᠨᠠᠷᠲᠠᠶ ᠪᠠᠷ  ᠬᠠᠮᠠᠭᠠᠯᠠᠵᠤ ᠰᠡᠯᠪᠢᠨ ᠰᠡᠷᠭᠦᠭᠡᠬᠦ ᠪᠠ ᠲᠤᠭᠠᠵᠢᠭᠤᠯᠤᠨ ᠡᠮᠬᠢᠯᠡᠵᠦ ᠪᠤᠢ᠃              ᠥᠪᠥᠷ ᠮᠣᠩᠭᠤᠯ ᠤᠨ ᠥᠪᠡᠷᠲᠡᠭᠡᠨ  ᠵᠠᠰᠠᠬᠤ  ᠣᠷᠣᠨ ᠤ  ᠳᠠᠩᠰᠠ  ᠡᠪᠬᠡᠮᠡᠯ ᠤᠨ  ᠲᠣᠪᠴᠢᠶ᠎ᠠ ᠶᠢᠨ ᠬᠢᠨ  ᠨᠢᠭᠡᠨ ᠰᠢᠨᠵᠢᠯᠡᠬᠦ ᠤᠬᠠᠭᠠᠨ ᠮᠡᠷᠭᠡᠵᠢᠯ ᠤᠨ ᠠᠵᠤ ᠠᠬᠤᠶᠢᠯᠠᠯ ᠲᠠᠢ ᠬᠠᠮᠲᠤᠷᠠᠨ 78 ᠬᠠᠶᠢᠷᠴᠠᠭ ᠨᠠᠭᠠᠯᠳᠤᠵᠤ ᠪᠠᠷᠢᠯᠳᠤᠭᠰᠠᠨ  ᠮᠣᠩᠭᠤᠯ ᠬᠡᠯᠡᠨ ᠤ  ᠳᠠᠩᠰᠠ  ᠡᠪᠬᠡᠮᠡᠯ ᠢ ᠳᠣᠤᠷ᠎ᠠ ᠳᠤᠯᠠᠭᠠᠨ ᠳᠤ  ᠰᠦᠢᠳᠦᠯ  ᠦᠭᠡᠢ ᠪᠠᠷ  ᠹᠢᠽᠢᠺ ᠤᠨ ᠴᠢᠨᠠᠷᠲᠠᠢ ᠪᠠᠷ ᠰᠠᠯᠭᠠᠨ ᠴᠤᠴᠠᠷᠠᠭᠤᠯᠤᠬᠰᠠᠨ ᠪᠦᠭᠡᠳ ᠡᠪᠳᠡᠷᠡᠵᠦ ᠰᠦᠢᠳᠦᠭᠰᠡᠨ ᠳᠠᠩᠰᠠ ᠡᠪᠬᠡᠮᠡᠯ ᠢ ᠨᠢ ᠠᠪᠤᠷᠠᠯᠳᠠ ᠶᠢᠨ  ᠴᠢᠨᠠᠷᠲᠠᠢ ᠪᠠᠷ  ᠰᠡᠯᠪᠢᠵᠦ‌‍ᠰᠡᠷᠭᠦᠭᠡᠪᠡ᠃ ᠡᠳᠡᠭᠡᠷ ᠬᠦᠡᠳᠦ ᠬᠡᠴᠡᠭᠦᠦ ᠨᠠᠭᠠᠯᠳᠤᠵᠤ ᠪᠠᠷᠢᠯᠳᠤᠬᠰᠠᠨ ᠮᠣᠩᠭᠤᠯ ᠬᠡᠯᠡᠨ ᠤ  ᠲᠡᠤᠬᠡ ᠶᠢᠨ  ᠳᠠᠩᠰᠠ  ᠡᠪᠬᠡᠮᠡᠯ ᠨᠢ ᠴᠢᠩ ᠤᠯᠤᠰ ᠤᠨ ᠲᠩᠷᠢ ᠲᠡᠳᠬᠦᠭᠴᠢ ᠶᠢᠨ ᠦᠶ᠎ᠡ ᠠᠴᠠ ᠢᠷᠭᠡᠨ ᠤᠯᠤᠰ ᠤᠨ ᠦᠶ᠎ᠠ ᠬᠦᠷᠲᠡᠯᠡᠭᠢ ᠲᠠᠩᠰᠠ ᠡᠪᠭᠡᠮᠡᠯ ᠪᠠᠶᠢᠵᠤ᠂ ᠲᠤᠬᠠᠶ ᠶᠢᠨ ᠦᠶ᠎ᠡ ᠶᠢᠨ ᠮᠣᠩᠭᠤᠯ ᠦᠨᠳᠦᠰᠦᠲᠡᠨ ᠤ  ᠠᠷᠠᠳ  ᠲᠦᠮᠡᠨ ᠤ  ᠤᠯᠤᠰ  ᠲᠥᠷᠥ᠂ ᠠᠮᠢᠳᠤᠷᠠᠯ ᠤᠨ ᠪᠠᠶᠢᠳᠠᠯ ᠢ ᠲᠡᠮᠳᠡᠭᠯᠡᠵᠦ᠂ ᠮᠣᠩᠭᠤᠯ ᠦᠨᠳᠦᠰᠦᠲᠡᠨ ᠤ ᠲᠡᠤᠬᠡ ᠶᠢ ᠰᠤᠳᠤᠯᠬᠤ ᠬᠤᠪᠣᠷ ᠨᠠᠨᠳᠢᠨ ᠪᠣᠷᠣ ᠮᠠᠲ᠋ᠧᠷᠢᠶᠠᠯ ᠪᠠ  ᠰᠣᠶᠣᠯ ᠤᠨ  ᠥᠪ ᠪᠣᠯᠬᠤ ᠶᠤᠮ᠃              ᠡᠭᠦᠨ ᠤ ᠬᠠᠮᠲᠤ᠂ ᠥᠪᠥᠷ ᠮᠣᠩᠭᠤᠯ ᠶᠠᠭ ᠴᠢᠩ ᠤᠯᠤᠰ ᠤᠨ  ᠵᠠᠰᠠᠭ ᠤᠨ  ᠭᠠᠵᠠᠷ  ᠪᠣᠯᠤᠨ  ᠪᠠᠳᠺᠡᠷ  ᠵᠤᠤ ᠶᠢᠨ ᠰᠦᠮ᠎ᠡ ᠭᠡᠶᠢᠳ ᠤᠨ ᠬᠤᠭᠤᠷᠣᠨᠳᠣᠬᠢ ᠮᠣᠩᠭᠤᠯ ᠬᠡᠯᠡᠨ ᠤ  ᠬᠠᠷᠢᠯᠴᠠᠭᠠᠨ ᠤ  ᠪᠢᠴᠢᠭ  ᠬᠠᠷ᠎ᠠ ᠶᠢ  ᠲᠤᠭᠠᠵᠢᠭᠤᠯᠤᠨ  ᠡᠮᠬᠢᠯᠡᠵᠦ ᠪᠠᠶᠢᠬᠤ ᠪᠥᠭᠡᠳ ᠣᠯᠠᠨ ᠠᠷᠭ᠎ᠠ ᠵᠠᠮ ᠢᠶᠠᠷ ᠬᠠᠮᠲᠤ ᠪᠠᠷ ᠡᠳ᠋ᠯᠡᠵᠦ ᠠᠰᠢᠭᠯᠠᠬᠤ  ᠦᠢᠯᠡᠴᠢᠯᠡᠭᠡᠨ ᠤ  ᠰᠢᠰᠲ᠋ᠧᠮ ᠢ  ᠪᠠᠶᠢᠭᠤᠯᠵᠤ᠂ ᠵᠢᠱᠢᠯᠲᠡ ᠪᠠᠷ ᠡᠨᠡ ᠵᠢᠯ ᠤᠨ ᠡᠴᠦᠰ ᠠᠴᠠ ᠡᠮᠦᠨ᠎ᠡ ᠬᠢᠵᠦ ᠲᠠᠭᠤᠰᠬᠠᠬᠤ ᠪᠠᠷ ᠪᠤᠢ᠃              ᠥᠪᠥᠷ ᠮᠣᠩᠭᠤᠯ ᠤᠨ ᠪᠤᠭᠤᠲᠤ ᠬᠤᠲᠠ ᠳᠤ ᠪᠠᠶᠢᠭ᠎ᠠ ᠪᠠᠳᠺᠡᠷ ᠵᠤᠤ ᠪᠣᠯ ᠲᠡᠤᠬᠡᠨ ᠲᠡᠭᠡᠷᠡᠭᠢ  ᠮᠣᠩᠭᠤᠯ  ᠣᠷᠣᠨ ᠤ ᠠᠯᠳᠠᠷᠲᠤ ᠲᠥᠪᠡᠳ ᠠᠴᠠ ᠤᠯᠠᠮᠵᠢᠯᠠᠭᠰᠠᠨ  ᠪᠤᠳ᠋ᠳ᠋ᠾᠠ ᠶᠢᠨ ᠱᠠᠰᠢᠨ ᠤ  ᠰᠦᠮ᠎ᠡ ᠬᠡᠶᠢᠳ  ᠪᠣᠯᠤᠨ᠎ᠠ᠂  ᠪᠠᠳᠺᠡᠷ  ᠵᠤᠤ ᠶᠢᠨ ᠮᠣᠩᠭᠤᠯ ᠬᠡᠯᠡᠨ ᠤ ᠲᠡᠤᠬᠡ ᠶᠢᠨ ᠳᠠᠩᠰᠠ ᠡᠪᠬᠡᠮᠡᠯ ᠳᠤ ᠴᠢᠩ ᠤᠯᠤᠰ ᠤᠨ  ᠡᠩᠬᠡ  ᠠᠮᠤᠭᠤᠯᠠᠩ ᠤᠨ  ᠭᠤᠴᠢᠨ  ᠳᠥᠷᠪᠡᠳᠦᠭᠡᠷ ᠣᠨ ᠠᠴᠠ ᠢᠷᠭᠡᠨ ᠤᠯᠤᠰ ᠤᠨ ᠭᠤᠴᠢᠨ ᠳᠣᠯᠣᠳᠤᠭᠠᠷ ᠣᠨ ︵1695 ᠣᠨ — 1948 ᠣᠨ︶ ᠬᠦᠷᠲᠡᠯᠡᠬᠢ 1000 ᠭᠠᠷᠤᠶ ᠲᠡᠤᠬᠡ ᠶᠢᠨ ᠪᠢᠴᠢᠭ ᠬᠠᠷ᠎ᠠ ᠶᠢᠨ ᠲᠠᠩᠰᠠ ᠡᠪᠭᠡᠮᠡᠯ ᠪᠤᠢ᠂ ᠠᠭᠤᠯᠭ᠎ᠠ ᠨᠢ ᠱᠠᠰᠢᠨ ᠰᠤᠷᠲᠠᠬᠤᠨ᠂ ᠤᠯᠤᠰ  ᠲᠥᠷᠥ᠂ ᠬᠠᠤᠯᠢ ᠴᠠᠭᠠᠵᠠ᠂ ᠠᠵᠤ ᠠᠬᠤᠶ ᠵᠡᠷᠭᠡ ᠲᠠᠯ᠎ᠠ ᠳᠤ ᠬᠤᠯᠪᠣᠭᠳᠠᠵᠤ᠂ ᠥᠪᠥᠷ  ᠮᠣᠩᠭᠤᠯ ᠤᠨ  ᠣᠳᠣ  ᠦᠯᠡᠳᠡᠭᠳᠡᠵᠦ  ᠪᠠᠶᠢᠭ᠎ᠠ ᠲᠤᠭ᠎ᠠ ᠬᠡᠮᠵᠢᠶ᠎ᠡ ᠪᠠᠷ ᠬᠠᠮᠤᠭ ᠤᠨ ᠶᠡᠭᠡ᠂ ᠠᠭᠤᠯᠭ᠎ᠠ ᠪᠠᠷ  ᠬᠠᠮᠤᠭ ᠤᠨ  ᠪᠠᠶᠠᠯᠢᠭ᠂ ᠴᠠᠭ  ᠬᠤᠭᠤᠴᠠᠭᠠᠨ ᠤ  ᠰᠤᠠᠳᠠᠯᠠᠯ ᠢᠶᠠᠷ ᠬᠠᠮᠤᠭ ᠤᠨ ᠶᠡᠭᠡ ᠰᠦᠮ᠎ᠡ ᠭᠡᠶᠢᠳ ᠤᠨ ᠳᠠᠩᠰᠠ ᠡᠪᠬᠡᠮᠡᠯ ᠪᠣᠯᠤᠨ᠎ᠠ᠃              ᠣᠶᠢᠯᠠᠭᠠᠭᠰᠠᠨ ᠢᠶᠠᠷ᠂ ᠡᠨᠡ ᠬᠤᠶᠠᠷ  ᠲᠥᠷᠥᠯ  ᠵᠦᠢᠯ ᠨᠢ  ᠴᠥᠮ  ︽2019  ᠣᠨ ᠤ  ᠤᠯᠤᠰ ᠤᠨ  ᠳᠠᠩᠰᠠ‌ᠡᠪᠬᠡᠮᠡᠯ ᠤᠨ ᠲᠣᠪᠴᠢᠶ᠎ᠠ ᠶᠢᠨ ᠰᠢᠨᠵᠢᠯᠡᠬᠦ ᠤᠬᠠᠭᠠᠨ ᠮᠡᠷᠭᠡᠵᠢᠯ ᠤᠨ  ᠲᠥᠷᠥᠯ  ᠵᠦᠢᠯ ᠤᠨ  ᠲᠥᠯᠥᠪᠯᠡᠭᠡ︾ ᠳᠤ  ᠵᠢᠬᠰᠠᠭᠠᠬᠳᠠᠨ ᠤᠷᠤᠵᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号