ᠲᠤᠮᠳᠠᠳᠤ ᠤᠯᠤᠰ ᠤᠨ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠲᠦᠭᠡᠮᠡᠯᠵᠢᠬᠦᠯᠵᠤ ᠬᠡᠷᠡᠭᠯᠡᠬᠦ ᠠᠵᠢᠯ ᠢᠯᠡᠷᠬᠡᠢ ᠠᠮᠵᠢᠯᠳᠠ ᠤᠯᠪᠠ
ᠨᠡᠶᠢᠲᠡᠯᠡᠭᠰᠡᠨ ᠴᠠᠭ᠄
2019-08-01
— ᠲᠤᠮᠳᠠᠳᠤ ᠤᠯᠤᠰ ᠤᠨ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠲᠦᠬᠡᠮᠡᠯᠵᠢᠬᠦᠯᠵᠤ ᠬᠡᠷᠡᠭᠯᠡᠭᠰᠡᠨ 40 ᠵᠢᠯ ᠤᠨ ᠤᠢ ᠳᠤ ᠵᠤᠷᠢᠭᠤᠯᠤᠭᠰᠠᠨ ᠮᠡᠳᠡᠭᠡ      ᠰᠢᠨᠬᠤᠸᠠ ᠮᠣᠩᠭᠤᠯ ᠨᠧᠲ ᠬᠦᠬᠡᠬᠤᠳᠠ ᠶᠢᠨ 7 ᠰᠠᠷ᠎ᠠ ᠶᠢᠨ 30 ᠤ ᠡᠳᠤᠷ ᠤᠨ ᠴᠠᠬᠢᠯᠭᠠᠨ ᠮᠡᠳᠡᠭᠡ ︵ᠪᠠᠢ ᠯᠢᠩ ᠳ᠋ᠢ︶ ᠲᠤᠮᠳᠠᠳᠤ ᠤᠯᠤᠰ ᠤᠨ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠲᠦᠭᠡᠮᠡᠯᠵᠢᠬᠦᠯᠵᠤ ᠬᠡᠷᠡᠭᠯᠡᠭᠰᠡᠨ 40 ᠵᠢᠯ ᠤᠨ ᠤᠢ ᠶᠢ ᠲᠤᠷᠠᠰᠬᠠᠬᠤ ᠪᠦᠬᠦ ᠤᠯᠤᠰ ᠤᠨ ᠡᠷᠳᠡᠮ ᠰᠢᠨᠵᠢᠯᠡᠬᠡᠨ ᠤ ᠬᠤᠷᠠᠯ 7 ᠰᠠᠷ᠎ᠠ ᠶᠢᠨ 27-28 ᠤ ᠡᠳᠤᠷ ᠦᠪᠦᠷ ᠮᠣᠩᠭᠤᠯ ᠤᠨ ᠰᠢᠯᠢ ᠶᠢᠨ ᠭᠤᠤᠯ ᠠᠶᠢᠮᠠᠭ ᠤᠨ ᠰᠢᠯᠦᠭᠤᠨ ᠬᠦᠬᠡ ᠬᠤᠰᠢᠭᠤᠨ ᠳᠤ ᠵᠤᠬᠢᠶᠠᠨ ᠪᠠᠶᠢᠭᠤᠯᠤᠭᠳᠠᠪᠠ᠃      ᠲᠤᠰ ᠤᠳᠠᠭᠠᠨ ᠤ ᠬᠤᠷᠠᠯ ᠢ ᠦᠪᠦᠷ ᠮᠣᠩᠭᠤᠯ ᠤᠨ ᠶᠡᠭᠡ ᠰᠤᠷᠭᠠᠭᠤᠯᠢ᠂ ᠲᠤᠮᠳᠠᠳᠤ ᠤᠯᠤᠰ ᠤᠨ ᠮᠣᠩᠭᠤᠯ ᠬᠡᠯᠡ ᠪᠢᠴᠢᠭ ᠤᠨ ᠰᠢᠨᠵᠢᠯᠡᠬᠡᠨ ᠤ ᠨᠡᠶᠢᠬᠡᠮᠯᠢᠭ᠂ ᠦᠪᠦᠷ ᠮᠣᠩᠭᠤᠯ ᠤᠨ ᠦᠪᠡᠷᠳᠡᠬᠡᠨ ᠵᠠᠰᠠᠬᠤ ᠤᠷᠤᠨ ᠤ ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠬᠡ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠠᠴᠠ ᠬᠠᠮᠳᠤᠷᠠᠨ ᠡᠷᠬᠢᠯᠡᠵᠤ᠂ ᠲᠤᠮᠳᠠᠳᠤ ᠤᠯᠤᠰ ᠤᠨ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠲᠦᠭᠡᠮᠡᠯᠵᠢᠬᠦᠯᠵᠤ ᠬᠡᠷᠡᠭᠯᠡᠭᠰᠡᠨ ᠲᠦᠴᠢᠨ ᠵᠢᠯ ᠤᠨ ᠲᠤᠷᠰᠢᠬᠢ ᠪᠠᠶᠢᠳᠠᠯ ᠢ ᠡᠷᠬᠢᠴᠡᠬᠦᠯᠵᠤ᠂ ᠤᠯᠤᠭᠰᠠᠨ ᠠᠮᠵᠢᠯᠳᠠ ᠪᠦᠲᠦᠮᠵᠢ ᠪᠠᠨ ᠳ᠋ᠦᠩᠨᠡᠵᠤ᠂ ᠤᠷᠤᠰᠢᠵᠤ ᠪᠠᠶᠢᠭ᠎ᠠ ᠠᠰᠠᠭᠤᠳᠠᠯ ᠢ ᠵᠠᠳᠠᠯᠬᠤ ᠶᠢᠨ ᠬᠠᠮᠳᠤ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠲᠦᠬᠡᠮᠡᠯᠵᠢᠬᠦᠯᠬᠦ ᠬᠦᠴᠦᠯᠡᠴᠡ ᠪᠠᠨ ᠴᠢᠩᠭᠠᠳᠬᠠᠵᠤ᠂ ᠮᠣᠩᠭᠤᠯ ᠦᠬᠡ ᠬᠡᠯᠡ ᠦᠰᠦᠭ ᠪᠢᠴᠢᠭ ᠤᠨ ᠲᠦᠷᠢᠮᠵᠢᠯ᠂ ᠪᠠᠷᠢᠮᠵᠢᠶᠠᠵᠢᠯ᠂ ᠰᠤᠷᠠᠭ ᠵᠠᠩᠬᠢᠵᠢᠯᠳᠠ ᠶᠢ ᠠᠬᠢᠭᠤᠯᠵᠤ᠂ ᠮᠣᠩᠭᠤᠯ ᠬᠡᠯᠡᠨ ᠤ ᠪᠠᠷᠢᠮᠵᠢᠶ᠎ᠠ ᠠᠪᠢᠶᠠᠨ ᠤ ᠨᠡᠶᠢᠬᠡᠮ ᠤᠨ ᠬᠡᠷᠡᠭᠯᠡᠬᠡᠨ ᠤ ᠲᠦᠪᠰᠢᠨ ᠢ ᠲᠡᠭᠡᠭᠰᠢᠯᠡᠬᠦᠯᠬᠦ ᠶᠢ ᠵᠤᠷᠢᠭᠰᠠᠨ ᠪᠠᠶᠢᠨ᠎ᠠ᠃ ᠲᠦᠪ ᠤᠨ ᠦᠨᠳᠤᠰᠦᠳᠡᠨ ᠤ ᠶᠡᠭᠡ ᠰᠤᠷᠷᠭᠠᠭᠤᠯᠢ᠂ ᠦᠪᠦᠷ ᠮᠣᠩᠭᠤᠯ ᠤᠨ ᠶᠡᠭᠡ ᠰᠤᠷᠭᠠᠭᠤᠯᠢ ᠵᠡᠷᠬᠡ ᠤᠯᠠᠨ ᠶᠡᠭᠡ ᠲᠡᠭᠡᠳᠤ ᠰᠤᠷᠭᠠᠭᠤᠯᠢ ᠵᠢᠴᠢ ᠨᠡᠶᠢᠬᠡᠮ ᠤᠨ ᠡᠯ᠎ᠡ ᠴᠠᠷᠠᠭᠠᠨ ᠤ ᠵᠠᠭᠤ ᠰᠢᠬᠠᠮ ᠡᠷᠳᠡᠮᠳᠡᠨ ᠮᠡᠷᠬᠡᠵᠢᠯᠳᠡᠨ ᠬᠤᠷᠠᠯ ᠳᠤ ᠤᠷᠤᠯᠴᠠᠵᠠᠢ᠃      ᠲᠠᠨᠢᠯᠴᠠᠭᠤᠯᠤᠭᠰᠠᠨ ᠢᠶᠠᠷ᠂ ᠲᠤᠮᠳᠠᠳᠤ ᠤᠯᠤᠰ ᠤᠨ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ 1979 ᠤᠨ ᠳᠤ ᠰᠢᠨᠵᠢᠶᠠᠩ ᠤᠨ ᠦᠷᠦᠮᠴᠢ ᠳᠤ ᠪᠤᠯᠤᠭᠰᠠᠨ ᠨᠠᠶ᠋ᠮᠠᠨ ᠮᠤᠵᠢ ᠤᠷᠤᠨ ᠤ ᠮᠣᠩᠭᠤᠯ ᠬᠡᠯᠡ ᠪᠢᠴᠢᠭ ᠤᠨ ᠲᠤᠰᠬᠠᠢ ᠠᠵᠢᠯ ᠤᠨ ᠭᠤᠷᠪᠠᠳᠤᠭᠠᠷ ᠤᠳᠠᠭᠠᠨ ᠤ ᠬᠤᠷᠠᠯ ᠲᠡᠭᠡᠷ᠎ᠡ ᠲᠤᠭᠳᠠᠭᠠᠵᠤ᠂ ᠲᠤᠮᠳᠠᠳᠤ ᠠᠶᠠᠯᠭᠤ ᠪᠠᠷ ᠰᠠᠭᠤᠷᠢ ᠠᠶᠠᠯᠭᠤ ᠪᠤᠯᠭᠠᠭᠰᠠᠨ ᠰᠢᠯᠦᠭᠤᠨ ᠬᠦᠬᠡ ᠬᠤᠰᠢᠭᠤ ᠪᠠᠷ ᠲᠦᠯᠦᠭᠡᠯᠡᠬᠦᠯᠦᠭᠰᠡᠨ ᠴᠠᠬᠠᠷ ᠠᠮᠠᠨ ᠠᠶᠠᠯᠭᠤ ᠪᠠᠷ ᠪᠠᠷᠢᠮᠵᠢᠶ᠎ᠠ ᠠᠪᠢᠶ᠎ᠠ ᠪᠤᠯᠭᠠᠵᠠᠢ᠃      ᠲᠦᠴᠢᠨ ᠵᠢᠯ ᠢ ᠡᠷᠬᠢᠴᠡᠬᠦᠯᠪᠡᠯ᠂ ᠤᠯᠤᠰ ᠤᠨ ᠲᠤᠳᠤᠭᠠᠳᠤ ᠶᠢᠨ ᠨᠠᠶ᠋ᠮᠠᠨ ᠮᠤᠵᠢ ᠤᠷᠤᠨ᠂ ᠤᠨᠴᠠᠭᠠᠶᠢᠯᠠᠨ ᠦᠪᠦᠷ ᠮᠣᠩᠭᠤᠯ ᠤᠨ ᠦᠪᠡᠷᠳᠡᠬᠡᠨ ᠵᠠᠰᠠᠬᠤ ᠤᠷᠤᠨ ᠳᠤ ᠲᠤᠮᠳᠠᠳᠤ ᠤᠯᠤᠰ ᠤᠨ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠲᠦᠭᠡᠮᠡᠯᠵᠢᠬᠦᠯᠵᠤ ᠬᠡᠷᠡᠭᠯᠡᠭᠰᠡᠨ ᠶᠠᠪᠤᠴᠠ ᠳᠤ ᠢᠯᠡᠷᠬᠡᠢ ᠦᠷ᠎ᠡ ᠪᠦᠲᠦᠮᠵᠢ ᠤᠯᠤᠭᠰᠠᠨ ᠪᠠᠶᠢᠨ᠎ᠠ᠃ 1980 ᠤᠨ ᠳᠤ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠲᠦᠭᠡᠮᠡᠯᠵᠢᠬᠦᠯᠬᠦ ᠠᠩᠬᠠᠨ ᠤ ᠪᠤᠯᠪᠠᠰᠤᠷᠠᠯ ᠤᠨ ᠠᠩᠬᠢ ᠶᠢ ᠡᠷᠬᠢᠯᠡᠭᠰᠡᠨ ᠠᠴᠠ ᠨᠠᠰᠢ᠂ ᠦᠪᠦᠷ ᠮᠣᠩᠭᠤᠯ ᠤᠨ ᠦᠪᠡᠷᠳᠡᠬᠡᠨ ᠵᠠᠰᠠᠬᠤ ᠤᠷᠤᠨ ᠤ ᠵᠠᠰᠠᠭ ᠤᠨ ᠤᠷᠳᠤᠨ ᠵᠢᠴᠢ ᠬᠤᠯᠪᠤᠭᠳᠠᠬᠤ ᠪᠠᠶᠢᠭᠤᠯᠤᠯᠭ᠎ᠠ ᠨᠢᠬᠡᠴᠡ ᠠᠴᠠ ᠪᠢᠴᠢᠭ ᠮᠠᠲ᠋ᠧᠷᠢᠶᠠᠯ ᠪᠠᠭᠤᠯᠭᠠᠬᠤ ᠪᠤᠶᠤ ᠪᠤᠰᠤᠳ ᠬᠦ᠋ᠴᠦᠲᠡᠢ ᠠᠷᠭ᠎ᠠ ᠬᠡᠮᠵᠢᠶ᠎ᠡ ᠠᠪᠴᠤ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠲᠦᠬᠡᠮᠡᠯᠵᠢᠬᠦᠯᠬᠦ ᠶᠢ ᠠᠬᠢᠭᠤᠯᠬᠤ ᠬᠢᠨᠠᠯᠳᠠ ᠲᠠᠯᠪᠢᠬᠤ ᠠᠵᠢᠯ ᠢᠶᠠᠨ ᠴᠢᠩᠭᠠᠳᠬᠠᠭᠰᠠᠭᠠᠷ ᠢᠷᠡᠵᠡᠢ᠃      1980 ᠤᠨ ᠳᠤ ᠦᠪᠦᠷ ᠮᠣᠩᠭᠤᠯ ᠤᠨ ᠬᠡᠯᠡ ᠪᠢᠴᠢᠭ ᠤᠨ ᠠᠵᠢᠯ ᠤᠨ ᠵᠦᠪᠯᠡᠯ ᠠᠴᠠ ᠨᠠᠶ᠋ᠮᠠᠨ ᠮᠤᠵᠢ ᠤᠷᠤᠨ ᠤ ᠬᠡᠪᠴᠢᠶᠡᠨ ᠳᠤ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠲᠦᠭᠡᠮᠡᠯᠵᠢᠬᠦᠯᠬᠦ ᠠᠩᠬᠠᠳᠤᠭᠠᠷ ᠬᠤᠭᠤᠴᠠᠭᠠᠨ ᠤ ᠪᠤᠯᠪᠠᠰᠤᠷᠠᠯ ᠤᠨ ᠠᠩᠬᠢ ᠶᠢ ᠡᠷᠬᠢᠯᠡᠵᠤ᠂ ᠦᠪᠦᠷ ᠮᠣᠩᠭᠤᠯ ᠤᠨ ᠡᠯ᠎ᠡ ᠠᠶᠢᠮᠠᠭ ᠬᠤᠳᠠ ᠪᠤᠯᠤᠨ ᠬᠦᠬᠡᠨᠠᠭᠤᠷ᠂ ᠰᠢᠨᠵᠢᠶᠠᠩ᠂ ᠯᠢᠶᠤᠤᠨᠢᠩ᠂ ᠪᠡᠭᠡᠵᠢᠩ ᠵᠡᠷᠬᠡ ᠤᠷᠤᠨ ᠤ ᠨᠡᠪᠳᠡᠷᠡᠬᠦᠯᠦᠭᠴᠢ᠂ ᠺᠢᠨᠣ᠋ ᠠᠪᠢᠶᠠᠯᠠᠭᠴᠢ᠂ ᠪᠠᠭᠰᠢ ᠨᠠᠷ ᠢ ᠪᠠᠭᠳᠠᠭᠠᠭᠰᠠᠨ ᠵᠠᠭᠤ ᠭᠠᠷᠤᠢ ᠬᠦᠮᠦᠨ ᠤᠷᠤᠯᠴᠠᠵᠠᠢ᠃      ᠲᠤᠰ ᠪᠤᠯᠪᠠᠰᠤᠷᠠᠯ ᠤᠨ ᠠᠩᠬᠢ ᠳᠤ ᠤᠷᠤᠯᠴᠠᠭᠰᠠᠨ ᠦᠪᠦᠷ ᠮᠣᠩᠭᠤᠯ ᠤᠨ ᠷᠠᠳᠢᠣ᠋ ᠲᠧᠯᠧᠶ᠋ᠰ ᠬᠤᠷᠢᠶᠠᠨ ᠤ ᠠᠬᠠᠮᠡᠳ ᠨᠡᠪᠳᠡᠷᠡᠬᠦᠯᠦᠭᠴᠢ ᠰᠢᠯᠢᠨᠴᠢᠮᠡᠭ᠄ ︽1980 ᠤᠨ ᠳᠤ ᠡᠷᠬᠢᠯᠡᠭᠰᠡᠨ ᠮᠣᠩᠭᠤᠯ ᠬᠡᠯᠡᠨ ᠤ ᠪᠠᠷᠢᠮᠵᠢᠶ᠎ᠠ ᠠᠪᠢᠶᠠᠨ ᠤ ᠠᠩᠬᠠᠳᠤᠭᠠᠷ ᠬᠤᠭᠤᠴᠠᠭᠠᠨ ᠤ ᠪᠤᠯᠪᠠᠰᠤᠷᠠᠯ ᠤᠨ ᠠᠩᠬᠢ ᠳᠤ ᠪᠢ ᠰᠤᠷᠤᠯᠴᠠᠭᠰᠠᠨ᠂ ᠲᠤᠬᠠᠢ ᠶᠢᠨ ᠦᠶ᠎ᠡ ᠳᠤ ᠨᠡᠪᠳᠡᠷᠡᠬᠦᠯᠦᠭᠴᠢ ᠶᠢᠨ ᠠᠯᠪᠠ ᠲᠠᠢ ᠨᠠᠳᠠ ᠳᠤ ᠠᠪᠴᠤ ᠬᠡᠯᠡᠪᠡᠯ ᠤᠯᠳᠠᠰᠢ ᠦᠭᠡᠢ ᠠᠯᠳᠠᠨ ᠲᠤᠬᠢᠶᠠᠯ ᠪᠤᠯᠤᠯ᠎ᠠ᠃ ᠲᠡᠷᠡ ᠦᠶ᠎ᠡ ᠠᠴᠠ ᠡᠬᠢᠯᠡᠨ ᠪᠢ ᠡᠬᠡ ᠬᠡᠯᠡᠨ ᠤ ᠪᠠᠨ ᠪᠠᠷᠢᠮᠵᠢᠶ᠎ᠠ ᠠᠪᠢᠶ᠎ᠠ ᠲᠠᠢ ᠲᠠᠨᠢᠯᠴᠠᠵᠤ᠂ ᠬᠤᠵᠢᠮ ᠤᠨ ᠠᠵᠢᠯ ᠳᠤ ᠪᠠᠨ ᠪᠠᠷᠢᠮᠵᠢᠶ᠎ᠠ ᠠᠪᠢᠶ᠎ᠠ ᠪᠠᠷ ᠢᠶᠠᠨ ᠶᠠᠷᠢᠵᠤ ᠨᠡᠪᠳᠡᠷᠡᠬᠦᠯᠵᠤ᠂ ᠦᠢᠯᠡᠳᠤᠯᠬᠡᠵᠢᠬᠦᠯᠦᠭᠰᠡᠬᠡᠷ ᠢᠷᠡᠭᠰᠡᠨ︾ ᠬᠡᠵᠤ ᠰᠤᠷᠪᠤᠯᠵᠢᠯᠠᠭ᠎ᠠ ᠬᠦᠯᠢᠶᠡᠬᠦ ᠳᠤ ᠪᠠᠨ ᠰᠡᠳᠬᠢᠯ ᠬᠠᠩᠬᠤᠯᠤᠭᠤᠨ ᠶᠠᠷᠢᠨ᠎ᠠ᠃      1981 ᠤᠨ ᠳᠤ ᠦᠪᠦᠷ ᠮᠣᠩᠭᠤᠯ ᠤᠨ ᠦᠪᠡᠷᠳᠡᠬᠡᠨ ᠵᠠᠰᠠᠬᠤ ᠤᠷᠤᠨ ᠤ ᠵᠠᠰᠠᠭ ᠤᠨ ᠤᠷᠳᠤᠨ ᠠᠴᠠ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠲᠦᠭᠡᠮᠡᠯᠵᠢᠬᠦᠯᠦᠨ ᠬᠡᠷᠡᠭᠵᠢᠬᠦᠯᠬᠦ ᠲᠤᠬᠠᠢ ︽ᠦᠪᠦᠷ ᠮᠣᠩᠭᠤᠯ ᠤᠨ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠲᠡᠯᠭᠡᠷᠡᠬᠦᠯᠬᠦ ᠲᠤᠬᠠᠢ ᠬᠡᠳᠤᠨ ᠰᠠᠨᠠᠯ︾᠂ ︽ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠲᠡᠯᠭᠡᠷᠡᠬᠦᠯᠬᠦ ᠤᠬᠠᠭᠤᠯᠭ᠎ᠠ ᠶᠢᠨ ᠲᠤᠪᠴᠢ︾ ᠬᠡᠬᠦ ᠬᠤᠶᠠᠷ ᠪᠢᠴᠢᠭ ᠮᠠᠲ᠋ᠧᠷᠢᠶᠠᠯ ᠢ ᠲᠠᠷᠬᠠᠭᠠᠵᠠᠢ᠃ 1983 ᠤᠨ ᠳᠤ ᠮᠣᠩᠭᠤᠯ ᠬᠡᠯᠡᠨ ᠤ ᠪᠠᠷᠢᠮᠵᠢᠶ᠎ᠠ ᠠᠪᠢᠶᠠᠨ ᠤ ᠠᠩᠬᠠᠨ ᠤ ᠲᠤᠯᠢ ᠪᠤᠯᠬᠤ ︽ᠮᠣᠩᠭᠤᠯ ᠬᠡᠯᠡᠨ ᠤ ᠪᠠᠷᠢᠮᠵᠢᠶ᠎ᠠ ᠠᠪᠢᠶᠠᠨ ᠤ ᠲᠤᠯᠢ︾ ᠶᠢ ᠬᠡᠪᠯᠡᠬᠦᠯᠦᠨ ᠲᠠᠷᠬᠠᠭᠠᠪᠠ᠃ 1997 ᠤᠨ ᠳᠤ ᠦᠪᠦᠷ ᠮᠣᠩᠭᠤᠯ ᠤᠨ ᠵᠠᠰᠠᠭ ᠤᠨ ᠤᠷᠳᠤᠨ ᠤ ᠵᠦᠪᠰᠢᠶᠡᠷᠡᠯ ᠲᠠᠢ ᠪᠠᠷ ᠦᠪᠦᠷ ᠮᠣᠩᠭᠤᠯ ᠤᠨ ᠪᠠᠷᠢᠮᠵᠢᠶ᠎ᠠ ᠠᠪᠢᠶᠠᠨ ᠤ ᠠᠵᠢᠯ ᠤᠨ ᠺᠤᠮᠢᠰ ᠪᠠᠶᠢᠭᠤᠯᠤᠭᠳᠠᠵᠠᠢ᠃      ᠮᠣᠩᠭᠤᠯ ᠬᠡᠯᠡᠨ ᠤ ᠪᠠᠷᠢᠮᠵᠢᠶ᠎ᠠ ᠠᠪᠢᠶᠠᠨ ᠤ ᠠᠵᠢᠯ ᠤᠨ ᠠᠬᠠᠮᠡᠳ ᠦᠶ᠎ᠡ ᠶᠢᠨ ᠤᠳᠤᠷᠢᠳᠤᠯᠭ᠎ᠠ ᠬᠡᠰᠢᠭᠲᠦᠬᠦᠷᠡᠩ ᠤᠨ ᠲᠠᠨᠢᠯᠴᠠᠭᠤᠯᠤᠭᠰᠠᠨ ᠢᠶᠠᠷ᠂ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠲᠦᠬᠡᠮᠡᠯᠵᠢᠬᠦᠯᠬᠦ ᠠᠵᠢᠯᠯᠠᠭ᠎ᠠ 2003 ᠤᠨ ᠳᠤ ︽ᠮᠣᠩᠭᠤᠯ ᠬᠡᠯᠡᠨ ᠤ ᠪᠠᠷᠢᠮᠵᠢᠶ᠎ᠠ ᠠᠪᠢᠶᠠᠨ ᠤ ᠬᠢᠷᠢ ᠬᠡᠮ ᠢ ᠰᠢᠯᠭᠠᠬᠤ ᠬᠦᠲᠦᠯᠪᠦᠷᠢ ︵ᠲᠤᠷᠰᠢᠨ ᠬᠡᠷᠡᠭᠯᠡᠬᠦ︶︾ ᠶᠢ ᠬᠡᠪᠯᠡᠬᠦᠯᠦᠨ ᠲᠠᠷᠬᠠᠭᠠᠵᠤ᠂ ᠤᠯᠤᠰ ᠤᠨ ᠲᠤᠳᠤᠭᠠᠳᠤ ᠳᠤ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠬᠢᠨᠠᠨ ᠰᠢᠯᠭᠠᠬᠤ ᠠᠵᠢᠯᠯᠠᠭ᠎ᠠ ᠦᠷᠨᠢᠬᠦᠯᠦᠭᠰᠡᠨ ᠠᠴᠠ ᠨᠠᠰᠢ ᠬᠠᠮᠤᠭ ᠠᠴᠠ ᠢᠳᠡᠪᠬᠢᠲᠡᠢ ᠲᠦᠭᠡᠮᠡᠯᠵᠢᠬᠦᠯᠵᠤ ᠬᠡᠷᠡᠭᠯᠡᠬᠦ ᠬᠤᠭᠤᠴᠠᠭᠠᠨ ᠳᠤ ᠤᠷᠤᠭᠰᠠᠨ ᠪᠠᠶᠢᠨ᠎ᠠ ᠬᠡᠵᠡᠢ᠃      ᠪᠦᠷᠢᠨ ᠪᠤᠰᠤ ᠪᠦᠷᠢᠳᠬᠡᠯ ᠠᠴᠠ ᠦᠵᠡᠪᠡᠯ᠂ 2004 ᠤᠨ ᠠᠴᠠ 2019 ᠤᠨ ᠪᠤᠯᠳᠠᠯ᠎ᠠ᠂ ᠲᠤᠮᠳᠠᠳᠤ ᠤᠯᠤᠰ ᠤᠨ ᠮᠣᠩᠭᠤᠯ ᠬᠡᠯᠡᠨ ᠤ ᠪᠠᠷᠢᠮᠵᠢᠶ᠎ᠠ ᠠᠪᠢᠶᠠᠨ ᠤ 3 ᠰᠠᠭᠤᠷᠢᠨ ᠢ ᠪᠠᠶᠢᠭᠤᠯᠵᠤ᠂ ᠪᠠᠶᠠᠨᠨᠠᠭᠤᠷ᠂ ᠤᠷᠳᠤᠰ᠂ ᠲᠦᠩᠯᠢᠶᠤᠤ᠂ ᠠᠯᠠᠱᠠ᠂ ᠬᠦᠯᠦᠨ ᠪᠤᠶᠢᠷ ᠵᠡᠷᠬᠡ 10 ᠠᠶᠢᠮᠠᠬ ᠬᠤᠳᠠ ᠪᠤᠯᠤᠨ ᠦᠪᠦᠷ ᠮᠣᠩᠭᠤᠯ ᠤᠨ ᠶᠡᠭᠡ ᠰᠤᠷᠭᠠᠭᠤᠯᠢ᠂ ᠦᠪᠦᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠵᠡᠷᠬᠡ ᠬᠤᠯᠪᠤᠭᠳᠠᠬᠤ ᠪᠠᠶᠢᠭᠤᠯᠤᠭ᠎ᠠ ᠨᠢᠬᠡᠴᠡ ᠳᠤ ᠨᠡᠶᠢᠳᠡ 17 ᠮᠣᠩᠭᠤᠯ ᠬᠡᠯᠡᠨ ᠤ ᠪᠠᠷᠢᠮᠵᠢᠶ᠎ᠠ ᠠᠪᠢᠶᠠᠨ ᠤ ᠰᠢᠯᠭᠠᠯᠳᠠ ᠶᠢᠨ ᠦᠷᠳᠡᠭᠡ ᠶᠢ ᠪᠠᠶᠢᠭᠤᠯᠵᠤ᠂ ᠪᠠᠷᠢᠮᠵᠢᠶ᠎ᠠ ᠠᠪᠢᠶᠠᠨ ᠤ ᠬᠢᠴᠢᠶᠡᠯ ᠬᠢᠳᠡᠭ 50 ᠭᠠᠷᠤᠢ ᠪᠠᠭᠰᠢ ᠲᠠᠢ᠂ ᠪᠠᠷᠢᠮᠵᠢᠶ᠎ᠠ ᠠᠪᠢᠶᠠᠨ ᠤ 200 ᠰᠢᠯᠭᠠᠭᠴᠢ ᠲᠠᠢ᠂ ᠨᠢᠬᠡᠨᠳᠡ 300 ᠭᠠᠷᠤᠢ ᠬᠤᠭᠤᠴᠠᠭᠠᠨ ᠤ ᠬᠢᠷᠢ ᠬᠡᠮ ᠤᠨ ᠪᠤᠯᠪᠠᠰᠤᠷᠠᠯ ᠤᠨ ᠠᠩᠬᠢ ᠡᠷᠬᠢᠯᠡᠵᠤ᠂ 4 ᠲᠦᠮᠡ ᠭᠠᠷᠤᠢ ᠬᠦᠮᠦᠨ ᠮᠣᠩᠭᠤᠯ ᠬᠡᠯᠡᠨ ᠤ ᠪᠠᠷᠢᠮᠵᠢᠶ᠎ᠠ ᠠᠪᠢᠶᠠᠨ ᠤ ᠬᠢᠷᠢ ᠬᠡᠮ ᠤᠨ ᠰᠢᠯᠭᠠᠯᠳᠠ ᠳᠤ ᠤᠷᠤᠯᠴᠠᠵᠤ᠂ ᠠᠳᠠᠯᠢ ᠪᠤᠰᠤ ᠲᠡᠰ ᠤᠨ ᠬᠢᠷᠢ ᠬᠡᠮ ᠤᠨ ᠦᠨᠡᠮᠯᠡᠬᠦ ᠭᠠᠷᠳᠠᠭᠰᠠᠨ ᠪᠠᠶᠢᠨ᠎ᠠ᠃      2005 ᠤᠨ ᠤ 5 ᠰᠠᠷ᠎ᠠ ᠶᠢᠨ 1 ᠤ ᠡᠳᠤᠷ ᠠᠴᠠ ᠬᠡᠷᠡᠭᠵᠢᠬᠦᠯᠦᠭᠰᠡᠨ ︽ᠦᠪᠦᠷ ᠮᠣᠩᠭᠤᠯ ᠤᠨ ᠦᠪᠡᠷᠳᠡᠬᠡᠨ ᠵᠠᠰᠠᠬᠤ ᠤᠷᠤᠨ ᠤ ᠮᠣᠩᠭᠤᠯ ᠬᠡᠯᠡ ᠪᠢᠴᠢᠭ ᠤᠨ ᠠᠵᠢᠯ ᠤᠨ ᠲᠦᠷᠢᠮ︾ ᠤᠨ ᠭᠤᠷᠪᠠᠳᠤᠭᠠᠷ ᠵᠦᠢᠯ ᠳᠤ ︽ᠡᠯ᠎ᠡ ᠱᠠᠳᠤᠨ ᠤ ᠠᠷᠠᠳ ᠤᠨ ᠵᠠᠰᠠᠭ ᠤᠨ ᠤᠷᠳᠤᠨ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠪᠤᠯᠤᠨ ᠮᠣᠩᠭᠤᠯ ᠦᠬᠡ ᠶᠢᠨ ᠲᠦᠷᠢᠮᠵᠢᠬᠦᠯᠦᠭᠰᠡᠨ ᠪᠢᠴᠢᠯᠬᠡ ᠶᠢ ᠲᠦᠬᠡᠬᠡᠨ ᠲᠡᠯᠬᠡᠷᠡᠬᠦᠯᠬᠦ ᠬᠡᠷᠡᠭᠲᠡᠢ᠂ ᠦᠪᠡᠷᠳᠡᠬᠡᠨ ᠵᠠᠰᠠᠬᠤ ᠤᠷᠤᠨ ᠤ ᠰᠢᠯᠤᠭᠤᠨ ᠬᠦᠬᠡ ᠬᠤᠰᠢᠭᠤ ᠪᠠᠷ ᠲᠦᠯᠦᠭᠡᠯᠡᠬᠦᠯᠦᠭᠰᠡᠨ ᠴᠠᠬᠠᠷ ᠠᠮᠠᠨ ᠠᠶᠠᠯᠭᠤ ᠪᠠᠷ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠪᠤᠯᠭᠠᠨ᠎ᠠ︾ ᠬᠡᠵᠤ ᠲᠦᠷᠢᠮ ᠲᠤᠭᠳᠠᠭᠠᠯ ᠢᠶᠠᠷ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢᠨ ᠪᠠᠶᠢᠷᠢ ᠰᠠᠭᠤᠷᠢ ᠶᠢ ᠲᠠᠬᠢᠨᠳᠠ ᠪᠠᠲᠤᠳᠬᠠᠭᠰᠠᠨ ᠪᠠᠶᠢᠨ᠎ᠠ᠃      2009 ᠤᠨ ᠳᠤ ᠲᠤᠮᠳᠠᠳᠤ ᠤᠯᠤᠰ ᠤᠨ ᠮᠣᠩᠭᠤᠯ ᠬᠡᠯᠡᠨ ᠤ ᠪᠠᠷᠢᠮᠵᠢᠶ᠎ᠠ ᠠᠪᠢᠶᠠᠨ ᠤ ᠠᠩᠬᠠᠨ ᠤ ᠰᠠᠭᠤᠷᠢᠨ ᠢ ᠦᠪᠦᠷ ᠮᠣᠩᠭᠤᠯ ᠤᠨ ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠬᠡ ᠬᠤᠰᠢᠭᠤᠨ ᠳᠤ ᠪᠠᠶᠢᠭᠤᠯᠪᠠ ᠃ ᠡᠬᠦᠨ ᠤ ᠲᠠᠷᠠᠭ᠎ᠠ ᠪᠠᠷ᠂ ᠤᠷᠳᠤᠰ᠂ ᠤᠯᠠᠭᠠᠨᠬᠠᠳᠠ ᠳᠤ ᠵᠠᠯᠭᠠᠭ᠎ᠠ ᠪᠠᠷ ᠪᠠᠶᠢᠭᠤᠯᠤᠭᠰᠠᠨ ᠶᠤᠮ᠃      ᠰᠡᠬᠦᠯ ᠤᠨ ᠵᠢᠯ ᠤᠳ ᠲᠤ᠂ ᠮᠣᠩᠭᠤᠯ ᠬᠡᠯᠡᠨ ᠤ ᠲᠤᠷᠰᠢᠯᠳᠠ ᠶᠢᠨ ᠠᠪᠢᠶ᠎ᠠ ᠵᠦᠢ ᠶᠢᠨ ᠰᠤᠳᠤᠯᠭᠠᠨ ᠤ ᠴᠠᠷᠠᠭᠠᠨ ᠳᠤ ᠮᠣᠩᠭᠤᠯ ᠬᠡᠯᠡᠨ ᠤ ᠪᠠᠷᠢᠮᠵᠢᠶ᠎ᠠ ᠠᠪᠢᠶᠠᠨ ᠳᠤ ᠰᠠᠭᠤᠷᠢᠯᠠᠭᠰᠠᠨ ᠤᠯᠠᠨ ᠰᠤᠳᠤᠯᠭᠠᠨ ᠶᠡᠭᠡ ᠬᠡᠮᠵᠢᠶᠡᠨ ᠳᠤ ᠦᠷᠨᠢᠬᠦᠯᠦᠭᠳᠡᠵᠤ ᠪᠤᠢ᠃ ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ ᠮᠣᠩᠭᠤᠯ ᠰᠤᠳᠤᠯᠤᠯ ᠤᠨ ᠲᠡᠭᠡᠳᠤ ᠰᠤᠷᠭᠠᠭᠤᠯᠢ ᠶᠢᠨ ᠪᠠᠶᠠᠷᠮᠡᠨᠳᠤ ᠫᠷᠤᠹᠧᠰᠰᠤᠷ᠂ ᠨᠤᠮᠢᠨ ᠲᠡᠳ᠋ ᠫᠷᠤᠹᠧᠰᠰᠤᠷ ᠤᠨ ᠲᠠᠭᠠᠭᠤᠯᠤᠭᠰᠠᠨ ᠰᠤᠳᠤᠯᠭᠠᠨ ᠤ ᠪᠠᠭ ᠤᠨ ᠬᠢᠨ ᠤ ᠰᠤᠳᠤᠯᠤᠨ ᠬᠢᠭᠰᠡᠨ ︽ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠰᠢᠯᠭᠠᠬᠤ ᠰᠢᠰᠲ᠋ᠧᠮ︾ ᠨᠢ ᠤᠳᠤ ᠲᠤᠷᠰᠢᠨ ᠰᠢᠯᠭᠠᠵᠤ ᠪᠤᠢ ᠱᠠᠳᠤᠨ ᠳᠤ ᠪᠠᠨ ᠪᠠᠶᠢᠨ᠎ᠠ᠃ ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ ᠮᠣᠩᠭᠤᠯ ᠰᠤᠳᠤᠯᠤᠯ ᠤᠨ ᠲᠡᠭᠡᠳᠤ ᠰᠤᠷᠭᠠᠭᠤᠯᠢ ᠶᠢᠨ ᠨᠤᠮᠢᠨ ᠲᠡᠳ᠋ ᠫᠷᠤᠹᠧᠰᠰᠤᠷ ᠤᠨ ᠲᠠᠭᠠᠭᠤᠯᠤᠭᠰᠠᠨ ᠰᠤᠳᠤᠯᠭᠠᠨ ᠤ ᠪᠠᠭ ᠤᠨ ᠬᠢᠨ ᠤ ᠰᠤᠳᠤᠯᠤᠭᠰᠠᠨ ︽ᠮᠣᠩᠭᠤᠯ ᠨᠧᠲ ᠢ ᠠᠪᠢᠶᠠᠯᠠᠨ ᠮᠡᠳᠡᠬᠡᠯᠡᠬᠦ ᠬᠡᠷᠡᠭᠯᠡᠬᠡᠨ ᠤ ᠰᠢᠰᠲ᠋ᠧᠮ︾ ᠨᠢ ᠨᠢᠬᠡᠨᠳᠡ ᠠᠰᠢᠭᠯᠠᠯᠳᠠ ᠳᠤ ᠤᠷᠤᠪᠠ᠃ ᠮᠦᠨ ᠲᠤᠰ ᠰᠤᠷᠭᠠᠭᠤᠯᠢ ᠶᠢᠨ ᠳ᠋ᠤᠺᠲ᠋ᠤᠷ ᠮᠥᠷᠡᠩᠭᠤᠸ᠎ᠠ ᠶᠢᠨ ᠰᠤᠳᠤᠯᠵᠤ ᠪᠤᠢ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠮᠠᠰᠢᠨ ᠳᠤ ᠲᠠᠨᠢᠭᠤᠯᠬᠤ ᠰᠤᠳᠤᠯᠭᠠᠨ ᠵᠡᠷᠬᠡ ᠰᠤᠷᠠᠭ ᠵᠠᠩᠬᠢᠵᠢᠯᠳᠠ ᠶᠢᠨ ᠬᠦᠷᠢᠶᠡᠨ ᠳᠠᠬᠢ ᠰᠤᠳᠤᠯᠭᠠᠨ ᠨᠢ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠲᠦᠬᠡᠮᠡᠯᠵᠢᠬᠦᠯᠬᠦ ᠳᠤ ᠢᠳᠡᠪᠬᠢᠲᠡᠢ ᠦᠢᠯᠡᠳᠤᠯ ᠦᠵᠡᠬᠦᠯᠬᠦ ᠪᠤᠯᠤᠨ᠎ᠠ᠃      40 ᠵᠢᠯ ᠤᠨ ᠲᠤᠷᠰᠢ᠂ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠲᠦᠬᠡᠮᠡᠯᠵᠢᠬᠦᠯᠬᠦ ᠠᠵᠢᠯ ᠢᠯᠡᠳᠳᠡ ᠠᠮᠵᠢᠯᠳᠠ ᠤᠯᠤᠭᠰᠠᠨ ᠪᠤᠯᠪᠠᠴᠤ᠂ ᠨᠡᠶᠢᠬᠡᠮ ᠤᠨ ᠡᠯ᠎ᠡ ᠴᠠᠷᠠᠭ᠎ᠠ᠂ ᠡᠯ᠎ᠡ ᠭᠠᠵᠠᠷ ᠤᠷᠤᠨ᠂ ᠡᠯ᠎ᠡ ᠨᠤᠳᠤᠭ ᠤᠨ ᠠᠶᠠᠯᠭᠤ᠂ ᠰᠤᠳᠤᠯᠭᠠᠨ᠂ ᠵᠢᠭᠠᠨ ᠰᠤᠷᠭᠠᠯᠳᠠ᠂ ᠬᠦᠮᠦᠰ ᠤᠨ ᠦᠵᠡᠯᠳᠡ ᠲᠠᠨᠢᠯᠳᠠ᠂ ᠲᠦᠷᠦ ᠶᠢᠨ ᠪᠤᠳᠤᠯᠭ᠎ᠠ ᠵᠡᠷᠬᠡ ᠳᠤ ᠮᠦᠨ ᠵᠤᠬᠢᠬᠤ ᠠᠰᠠᠭᠤᠳᠠᠯ ᠤᠷᠤᠰᠢᠵᠤ ᠪᠠᠶᠢᠨ᠎ᠠ᠃ ᠵᠢᠱᠢᠶᠡᠯᠡᠪᠡᠯ᠂ ᠵᠠᠷᠢᠮ ᠬᠦᠮᠦᠰ ᠪᠠᠷᠢᠮᠵᠢᠶ᠎ᠠ ᠠᠪᠢᠶ᠎ᠠ ᠪᠤᠯᠤᠨ ᠨᠤᠳᠤᠭ ᠤᠨ ᠠᠶᠠᠯᠭᠤᠨ ᠤ ᠬᠤᠭᠤᠷᠤᠨᠳᠤᠬᠢ ᠬᠠᠷᠢᠴᠠᠭ᠎ᠠ ᠶᠢ ᠵᠦᠪ ᠤᠶᠢᠯᠠᠭᠠᠵᠤ ᠴᠢᠳᠠᠭ᠎ᠠ ᠦᠭᠡᠢ᠃ ᠪᠠᠷᠢᠮᠵᠢᠶ᠎ᠠ ᠠᠪᠢᠶ᠎ᠠ ᠶᠢ ᠲᠦᠭᠡᠮᠡᠯᠵᠢᠬᠦᠯᠬᠦ ᠨᠢ ᠨᠤᠳᠤᠭ ᠤᠨ ᠠᠶᠠᠯᠭᠤ ᠶᠢ ᠦᠬᠡᠶᠢᠬᠢᠵᠤ ᠪᠠᠶᠢᠭ᠎ᠠ ᠶᠠᠪᠤᠳᠠᠯ ᠬᠡᠳᠡᠭ ᠲᠠᠨᠢᠯᠳᠠ ᠲᠠᠢ ᠪᠠᠶᠢᠳᠠᠭ᠃ ᠰᠤᠷᠭᠠᠨ ᠬᠦᠮᠦᠵᠢᠯ ᠤᠨ ᠴᠠᠷᠠᠭᠠᠨ ᠳᠤ᠂ ᠡᠯ᠎ᠡ ᠱᠠᠳᠤᠨ ᠤ ᠡᠯ᠎ᠡ ᠲᠦᠷᠦᠯ ᠤᠨ ᠰᠤᠷᠭᠠᠭᠤᠯᠢ᠂ ᠴᠡᠴᠡᠷᠯᠢᠭ᠂ ᠶᠡᠭᠡ ᠲᠡᠭᠡᠳᠤ ᠰᠤᠷᠭᠠᠭᠤᠯᠢ ᠶᠢᠨ ᠪᠠᠭᠰᠢ ᠨᠠᠷ ᠪᠠᠷᠢᠮᠵᠢᠶ᠎ᠠ ᠠᠪᠢᠶ᠎ᠠ ᠪᠠᠷ ᠵᠢᠭᠠᠨ ᠰᠤᠷᠭᠠᠬᠤ ᠴᠢᠨᠠᠷ ᠴᠢᠨᠰᠠᠭ᠎ᠠ ᠠᠨᠠᠢ ᠁ ᠁ ᠵᠡᠷᠬᠡ ᠠᠰᠠᠭᠤᠳᠠᠯ ᠤᠷᠤᠰᠢᠵᠤ ᠪᠤᠢ᠃      ᠡᠶᠢᠮᠦ ᠠᠴᠠ ᠲᠤᠰ ᠤᠳᠠᠭᠠᠨ ᠤ ᠬᠤᠷᠠᠯ ᠢᠶᠠᠷ ᠲᠡᠮᠵᠢᠨ᠂ ᠡᠷᠳᠡᠮᠳᠡᠨ ᠮᠡᠷᠬᠡᠵᠢᠯᠳᠡᠳ ᠮᠣᠩᠭᠤᠯ ᠬᠡᠯᠡᠨ ᠤ ᠪᠠᠷᠢᠮᠵᠢᠶ᠎ᠠ ᠠᠪᠢᠶᠠᠨ ᠤ ᠰᠤᠳᠤᠯᠭᠠᠨ ᠢᠶᠠᠨ ᠤᠯᠠᠮ ᠢᠶᠠᠷ ᠬᠦᠨᠵᠡᠬᠡᠶᠢᠷᠡᠬᠦᠯᠬᠦ᠂ ᠬᠤᠯᠪᠤᠭᠳᠠᠬᠤ ᠪᠠᠶᠢᠭᠤᠯᠤᠮᠵᠢ ᠨᠤᠭᠤᠳ ᠨᠢ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠲᠦᠭᠡᠮᠡᠯᠵᠢᠬᠦᠯᠦᠨ ᠬᠡᠷᠡᠭᠵᠢᠬᠦᠯᠬᠦ ᠲᠦᠷᠢᠮ ᠲᠤᠭᠳᠠᠭᠠᠯ ᠢ ᠢᠳᠡᠪᠬᠢᠲᠡᠢ ᠲᠤᠭᠤᠰᠢᠯᠠᠭᠤᠯᠵᠤ᠂ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠨᠡᠶᠢᠬᠡᠮ ᠤᠨ ᠡᠯ᠎ᠡ ᠬᠦᠷᠢᠶᠡᠨ ᠳᠤ ᠢᠳᠡᠪᠬᠢᠲᠡᠢ ᠲᠦᠭᠡᠮᠡᠯᠵᠢᠬᠦᠯᠵᠤ ᠬᠡᠷᠡᠭᠯᠡᠬᠦ ᠶᠢ ᠲᠡᠮᠵᠢᠬᠦ ᠲᠠᠯ᠎ᠠ ᠪᠠᠷ ᠬᠠᠮᠳᠤ ᠶᠢᠨ ᠲᠠᠨᠢᠯᠳᠠ ᠳᠤ ᠬᠦᠷᠦᠭᠰᠡᠨ ᠪᠠᠶᠢᠨ᠎ᠠ᠃      ᠲᠤᠮᠳᠠᠳᠤ ᠤᠯᠤᠰ ᠤᠨ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ ᠲᠦᠭᠡᠮᠡᠯᠵᠢᠬᠦᠯᠬᠦ ᠨᠢ ᠲᠤᠮᠳᠠᠳᠤ ᠤᠯᠤᠰ ᠤᠨ ᠮᠣᠩᠭᠤᠯ ᠬᠡᠯᠡ ᠪᠤᠯᠤᠨ ᠮᠣᠩᠭᠤᠯ ᠦᠨᠳᠤᠰᠦᠳᠡᠨ ᠤ ᠰᠤᠶᠤᠯ ᠤᠨ ᠬᠦᠭᠵᠢᠯᠳᠡ ᠶᠢ ᠠᠬᠢᠭᠤᠯᠬᠤ ᠳᠤ ᠴᠢᠬᠤᠯᠠ ᠦᠢᠯᠡᠳᠤᠯ ᠦᠵᠡᠬᠦᠯᠬᠦ ᠪᠤᠯᠤᠨ᠎ᠠ᠃      ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ ᠲᠡᠳ᠋ ᠵᠠᠬᠢᠷᠤᠯ ᠡᠷᠬᠢᠮᠪᠠᠶᠠᠷ᠄ ︽ᠢᠨᠲ᠋ᠧᠷᠨᠧᠲ ᠡᠷᠢᠨ ᠳᠤ ᠤᠷᠤᠭᠰᠠᠨ ᠠᠴᠠ ᠨᠠᠰᠢ᠂ ᠶᠠᠮᠠᠷ ᠴᠤ ᠦᠨᠳᠤᠰᠦᠳᠡᠨ ᠤ ᠦᠬᠡ ᠬᠡᠯᠡ ᠦᠰᠦᠭ ᠪᠢᠴᠢᠭ ᠨᠧᠲ ᠠᠴᠠ ᠰᠠᠯᠵᠤ ᠪᠤᠯᠬᠤ ᠦᠭᠡᠢ᠃ ᠪᠠᠷᠢᠮᠵᠢᠶᠠᠵᠢᠭᠤᠯᠬᠤ ᠪᠠ ᠴᠠᠬᠢᠮᠵᠢᠭᠤᠯᠬᠤ ᠪᠤᠯ ᠦᠬᠡ ᠬᠡᠯᠡ ᠦᠰᠦᠭ ᠪᠢᠴᠢᠭ ᠢ ᠨᠧᠲ ᠲᠤ ᠰᠠᠭᠠᠳ ᠦᠭᠡᠢ ᠨᠡᠪᠳᠡᠷᠡᠬᠦᠯᠬᠦ ᠦᠨᠳᠤᠰᠦᠨ ᠠᠷᠭ᠎ᠠ ᠪᠠᠷᠢᠯ ᠮᠦᠨ᠃ ᠡᠶᠢᠮᠦ ᠠᠴᠠ ᠮᠣᠩᠭᠤᠯ ᠬᠡᠯᠨ ᠪᠢᠴᠢᠭ ᠤᠨ ᠲᠦᠷᠢᠮᠵᠢᠯ ᠢ ᠤᠯᠠᠮ ᠢᠶᠠᠷ ᠴᠢᠩᠭᠠᠳᠬᠠᠬᠤ᠂ ᠮᠣᠩᠭᠤᠯ ᠬᠡᠯᠡᠨ ᠤ ᠪᠠᠷᠢᠮᠵᠢᠶ᠎ᠠ ᠠᠪᠢᠶᠠᠨ ᠤ ᠬᠡᠷᠡᠭᠯᠡᠭᠡ ᠶᠢ ᠦᠷᠭᠡᠳᠬᠡᠬᠦ ᠪᠤᠯ ᠦᠨᠦᠳᠤᠷ ᠪᠢᠳᠡᠨ ᠤ ᠮᠦᠷᠦᠨ ᠲᠡᠭᠡᠷ ᠎ᠡ ᠲᠠᠯᠪᠢᠭᠳᠠᠵᠤ ᠪᠠᠶᠢᠭ᠎ᠠ ᠬᠠᠮᠤᠭ ᠤᠨ ᠴᠢᠬᠤᠯᠠ ᠡᠬᠦᠷᠬᠡ ᠪᠦᠬᠡᠳ ᠬᠠᠮᠳᠤ ᠶᠢᠨ ᠬᠠᠷᠢᠭᠤᠴᠠᠯᠭ᠎ᠠ ᠮᠦᠨ︾ ᠬᠡᠵᠤ ᠲᠤᠰ ᠬᠤᠷᠠᠯ ᠤᠨ ᠨᠡᠬᠡᠬᠡᠯᠳᠡ ᠶᠢᠨ ᠠᠵᠢᠯᠯᠠᠭ᠎ᠠ ᠳᠤ ᠶᠠᠷᠢᠶ᠎ᠠ ᠲᠠᠯᠪᠢᠬᠤ ᠳᠤ ᠪᠠᠨ ᠢᠯᠡᠷᠬᠡᠶᠢᠯᠡᠪᠡ᠃
 
ᠢᠷᠡᠯᠲᠡ᠄ ᠰᠢᠨᠬᠤᠧᠠ ᠮᠣᠩᠭᠤᠯ ᠨᠧᠲ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号