ᠥᠪᠥᠷ ᠮᠣᠩᠭᠤᠯ 800 ᠰᠢᠬᠠᠮ ᠵᠢᠯ ᠤᠨ ᠲᠤᠷᠰᠢᠬᠢ ᠮᠣᠩᠭᠤᠯ ᠤᠳᠬ᠎ᠠ ᠵᠣᠬᠢᠶᠠᠯ ᠢ ᠠᠩᠬ᠎ᠠ ᠤᠳᠠᠭ᠎ᠠ ᠰᠢᠰᠲ᠋ᠧᠮ ᠲᠠᠢ ᠪᠠᠷ ᠡᠮᠬᠢᠳᠬᠡᠨ ᠭᠠᠷᠭᠠᠪᠠ
ᠨᠡᠶᠢᠲᠡᠯᠡᠭᠰᠡᠨ ᠴᠠᠭ᠄
2019-07-09
       ᠰᠢᠨᠬᠤᠸᠠ ᠬᠤᠷᠢᠶᠠᠨ ᠤ ᠬᠥᠬᠡᠬᠤᠲᠠ ᠶᠢᠨ 7 ᠰᠠᠷ᠎ᠠ ᠶᠢᠨ 5 ᠤ ᠡᠳᠦᠷ ᠤᠨ ᠴᠠᠬᠢᠯᠭᠠᠨ ᠮᠡᠳᠡᠭᠡ  ︵ᠰᠤᠷᠪᠤᠯᠵᠢᠯᠠᠭᠴᠢ‌ᠤᠷᠢᠬᠠᠨ︶ ᠥᠪᠥᠷ ᠮᠣᠩᠭᠤᠯ ᠤᠨ  ᠥᠪᠡᠷᠲᠡᠭᠡᠨ  ᠵᠠᠰᠠᠬᠤ  ᠣᠷᠣᠨ ᠤ  ᠰᠣᠶᠣᠯ ᠤᠨ  ᠡᠷᠳᠡᠮᠲᠡᠨ  ᠨᠠᠷ ᠤᠨ  9  ᠵᠢᠯ  ᠡᠮᠬᠢᠳᠭᠡᠨ‌‍ᠴᠤᠬᠯᠠᠭᠤᠯᠵᠤ ᠬᠡᠪᠯᠡᠭᠦᠯᠦᠭᠰᠡᠨ ︽ᠮᠣᠩᠭᠤᠯ ᠦᠨᠳᠦᠰᠦᠲᠡᠨ ᠤ ᠡᠷᠲᠡ ᠡᠳᠦᠭᠡ ᠶᠢᠨ  ᠤᠳᠬ᠎ᠠ  ᠵᠣᠬᠢᠶᠠᠯ ᠤᠨ  ᠲᠡᠭᠡᠵᠢ  ︵20ᠪᠤᠳᠢ︶︾ ᠤᠶᠢᠷ᠎ᠡ ᠳᠤ ᠤᠩᠰᠢᠭᠴᠢᠳ ᠲᠠᠢ ᠵᠢᠩᠬᠢᠨᠢ ᠪᠠᠷ ᠵᠤᠯᠭᠠᠪᠠ᠃             ᠣᠶᠢᠯᠠᠠᠭᠠᠭᠰᠠᠨ ᠢᠶᠠᠷ᠂  ᠡᠨᠡ  ᠪᠣᠯ  ᠥᠪᠥᠷ  ᠮᠣᠩᠭᠤᠯ ᠤᠨ  800  ᠰᠢᠬᠠᠮ  ᠵᠢᠯ ᠤᠨ  ᠲᠤᠷᠰᠢᠬᠢ   ᠮᠣᠩᠭᠤᠯ‌ᠦᠨᠳᠦᠰᠦᠲᠡᠨ ᠤ ᠤᠳᠬ᠎ᠠ ᠵᠣᠬᠢᠶᠠᠯ ᠤᠨ ᠪᠦᠲᠦᠭᠡᠯ ᠢ  ᠠᠩᠬ᠎ᠠ  ᠤᠳᠠᠭ᠎ᠠ  ᠰᠢᠰᠲ᠋ᠧᠮ ᠲᠠᠢ  ᠡᠮᠬᠢᠳᠬᠡᠨ  ᠭᠠᠷᠭᠠᠵᠤ  ᠪᠠᠶᠢᠭ᠎ᠠ‌‍ᠶᠠᠪᠤᠳᠠᠯ ᠪᠤᠯᠤᠨ᠎ᠠ᠂ ᠡᠮᠬᠢᠳᠭᠡᠨ ᠣᠷᠣᠭᠤᠯᠤᠭᠰᠠᠨ ᠵᠤᠬᠢᠶᠠᠯ ᠪᠦᠲᠦᠭᠡᠯ ᠤᠨ  ᠣᠨ  ᠵᠢᠯ ᠠᠴᠠ  ᠠᠪᠴᠤ  ᠦᠵᠡᠪᠡᠯ  ᠮᠣᠩᠭᠤᠯ‌ᠦᠰᠦᠭ ᠪᠢᠴᠢᠭ ᠪᠣᠶ ᠪᠣᠯᠤᠭᠰᠠᠨ 13 ᠳ᠋ᠤᠭᠠᠷ ᠵᠠᠭᠤᠨ ᠤ ᠳᠥᠴᠢᠭᠡᠳ ᠣᠨ ᠠᠴᠠ 2008 ᠣᠨ ᠪᠣᠯᠲᠠᠯᠡᠬᠢ  ᠬᠤᠭᠤᠴᠠᠭ᠎ᠠ‌‍ᠪᠤᠯᠤᠨ᠎ᠠ᠃              ᠣᠶᠢᠯᠠᠠᠭᠠᠭᠰᠠᠨ ᠢ ᠦᠨᠳᠦᠰᠦᠯᠡᠪᠡᠯ᠂ ︽ᠤᠯᠤᠰ ᠤᠨ  ᠬᠡᠪᠯᠡᠯ ᠤᠨ  ᠰᠠᠭᠤᠷᠢ  ᠮᠥᠩᠭᠦᠨ ᠤ  ᠲᠦᠷᠦᠯ  ᠵᠦᠢᠯ︾ ᠳ᠋ᠤ᠋‌ᠵᠢᠭᠰᠠᠭᠠᠭᠳᠠᠭᠰᠠᠨ ᠡᠨᠡᠬᠦ ᠲᠣᠮᠣ ᠬᠡᠯᠪᠡᠷᠢ ᠶᠢᠨ ᠬᠡᠪᠯᠡᠭᠳᠡᠬᠦᠨ ᠨᠢ ︽ᠰᠢᠳᠢᠲᠦ ᠦᠯᠢᠭᠡᠷ • ᠳᠣᠮᠤᠭ ᠤᠨ  ᠪᠤᠳᠢ︾᠂  ︽ᠢᠷᠦᠭᠡᠯ‌ᠮᠠᠭᠲᠠᠭᠠᠯ᠂ ᠲᠠᠷᠨᠢ᠂ ᠳᠠᠯᠠᠯᠭ᠎ᠠ ᠤᠷᠢᠯᠭ᠎ᠠ ᠶᠢᠨ  ᠦᠭᠡ᠂  ᠳᠠᠬᠢᠯᠭ᠎ᠠ ᠶᠢᠨ  ᠦᠭᠡ︾᠂  ︽ᠤᠷᠲᠤ  ᠲᠤᠤᠯᠢᠰ ᠤᠨ  ᠪᠣᠳᠢ︾᠂︽ᠳᠤᠮᠳᠠ ᠣᠬᠤᠷ ᠲᠤᠤᠯᠢᠰ ᠤᠨ ᠪᠣᠳᠢ︾᠂ ︽ᠠᠮᠠᠨ ᠦᠯᠢᠭᠡᠷ ᠤᠨ ᠪᠣᠳᠢ︾ ᠵᠡᠷᠭᠡ 20 ᠪᠣᠳᠢ ᠪᠠᠷ ᠪᠦᠷᠢᠯᠳᠦᠵᠡᠶ᠂ ᠡᠭᠦᠨ ᠳ᠋ᠤ᠋‌ᠠᠷᠠᠳ ᠤᠨ ᠠᠮᠠᠨ ᠵᠣᠬᠢᠶᠠᠯ 8 ᠪᠣᠳᠢ᠂ ᠪᠢᠴᠢᠭ ᠤᠨ ᠤᠷᠠᠨ ᠵᠣᠬᠢᠶᠠᠯ 12 ᠪᠣᠳᠢ ᠪᠣᠶ᠃  ᠴᠤᠪᠤᠷᠠᠯ  ᠵᠤᠬᠢᠶᠠᠯ  ᠪᠦᠳᠦᠭᠡᠯ ᠨᠢ‌ᠡᠷᠲᠡᠨ ᠠᠴᠠ ᠡᠳᠦᠭᠡ ᠪᠣᠯᠲᠠᠯᠠᠬᠢ ᠮᠣᠩᠭᠤᠯ ᠦᠨᠳᠦᠰᠦᠲᠡᠨ ᠤ ᠤᠳᠬ᠎ᠠ ᠵᠣᠬᠢᠶᠠᠯ ᠤᠨ ᠡᠯ᠎ᠡ ᠵᠦᠢᠯ ᠤᠨ ᠰᠲ᠋ᠢᠯᠢ ᠶᠢ ᠬᠠᠮᠤᠷᠴᠤ᠂ᠠᠭᠤᠯᠭ᠎ᠠ ᠪᠠᠷ ᠥᠷᠭᠡᠨ ᠲᠡᠯᠭᠡᠷ᠂ ᠴᠠᠭ ᠤᠨ ᠠᠯᠭᠠᠰᠠᠯ ᠢᠶᠠᠷ ᠶᠡᠭᠡ ᠪᠠᠶᠢᠬᠤ ᠮᠣᠩᠭᠤᠯ ᠦᠨᠳᠦᠰᠦᠲᠡᠨ ᠤ ᠤᠳᠬ᠎ᠠ ᠵᠣᠬᠢᠶᠠᠯ ‍ᠤᠨ‌‍ᠰᠢᠯᠢᠳᠡᠭ ᠪᠦᠲᠦᠭᠡᠯ ᠤᠨ ᠨᠢᠭᠡ ᠤᠳᠠᠭᠠᠨ ᠤ ᠲᠥᠪᠯᠡᠷᠡᠩᠭᠦᠶ ᠦᠵᠡᠭᠦᠯᠦᠯᠭᠡ ᠪᠣᠯᠤᠨ᠎ᠠ᠃             2010  ᠣᠨ ᠳᠤ  ᠡᠬᠢᠯᠡᠭᠦᠯᠦᠭᠰᠡᠨ  ᠡᠨᠡᠬᠦ  ᠢᠨᠵᠧᠨᠧᠷᠢᠩ ᠨᠢ  ᠤᠷᠢᠳ   ᠬᠤᠵᠢᠳ   ᠮᠠᠲ᠋ᠧᠷᠢᠶᠠᠯ   ᠡᠷᠢᠬᠦ᠂ᠴᠤᠭᠯᠠᠭᠤᠯᠬᠤ᠂ ᠰᠢᠯᠢᠨ ᠰᠣᠩᠭᠤᠬᠤ᠂ ᠡᠮᠬᠢᠳᠬᠡᠬᠦ᠂ ᠪᠠᠭᠤᠯᠭᠠᠨ ᠪᠢᠴᠢᠬᠦ᠂ ᠨᠡᠶᠢᠷᠡᠭᠤᠯᠤᠨ ᠵᠤᠬᠢᠶᠠᠬᠤ᠂  ᠵᠡᠬᠦᠯᠳᠡ  ᠬᠢᠬᠦ  ᠵᠡᠷᠭᠡ12 ᠵᠦᠢᠯ ᠤᠨ ᠠᠵᠢᠯ ᠤᠨ ᠳᠠᠷᠠᠭᠠᠯᠠᠯ ᠢᠶᠠᠷ ᠳᠠᠮᠵᠢᠨ ᠪᠡᠶᠡᠯᠡᠭᠳᠡᠵᠡᠢ᠂ ᠡᠭᠦᠨ ᠤ ᠲᠤᠳᠤᠷᠠᠬᠢ ᠡᠷᠲᠡᠨ ᠤ ᠵᠤᠬᠢᠶᠠᠯ ᠤᠨ ᠬᠡᠰᠡᠭ ᠪᠠ‌ᠠᠷᠠᠳ ᠤᠨ ᠠᠮᠠᠨ ᠵᠣᠬᠢᠶᠠᠯ ᠤᠨ ᠬᠡᠰᠡᠭ ᠢ ᠡᠮᠬᠢᠳᠬᠡᠬᠦ ᠠᠵᠢᠯ ᠨᠢ ᠳᠤᠮᠳᠠᠳᠤ ᠤᠯᠤᠰ᠂ ᠮᠣᠩᠭᠤᠯ ᠤᠯᠤᠰ᠂  ᠣᠷᠣᠰ  ᠭᠤᠷᠪᠠᠨ‌ᠤᠯᠤᠰ ᠢ ᠰᠤᠨᠳᠠᠯᠠᠵᠤ᠂ ᠤᠷᠴᠢᠨ ᠤᠳᠤ ᠦᠶ᠎ᠡ ᠶᠢᠨ ᠪᠦᠲᠦᠭᠡᠯ ᠢ ᠰᠢᠯᠢᠨ ᠰᠣᠩᠭᠤᠬᠤ ᠠᠵᠢᠯ ᠨᠢ ᠮᠠᠨ ᠤ  ᠤᠯᠤᠰ ᠤᠨ  10ᠮᠣᠵᠢ ᠣᠷᠣᠨ ᠢ ᠬᠠᠮᠤᠷᠴᠠᠶ᠃               ᠣᠶᠢᠯᠠᠭᠠᠭᠰᠠᠨ ᠢᠶᠠᠷ᠂  ᠴᠤᠪᠤᠷᠠᠯ  ᠪᠢᠴᠢᠭ ᠳᠤ  ᠵᠦᠢᠯ  ᠪᠦᠷᠢ ᠶᠢᠨ  ᠵᠤᠬᠢᠶᠠᠯ ᠤᠨ   ᠲᠦᠷᠦᠯ ᠠᠴᠠ   ᠰᠣᠩᠭᠤᠨ‌ᠤᠷᠤᠭᠤᠯᠤᠬᠰᠠᠨ ᠰᠢᠯᠢᠳᠡᠭ ᠪᠦᠲᠦᠭᠡᠯ ᠤᠨ ᠬᠠᠷᠢᠴᠠᠯ ᠨᠢ 1 / 120᠂ 1 / 100᠂ 1 / 50᠂  1  /  30  ᠵᠡᠷᠭᠡ‌ᠠᠳᠠᠯᠢ ᠪᠤᠰᠤ ᠬᠠᠷᠢᠴᠠᠯ ᠲᠠᠢ ᠪᠠᠶᠢᠵᠤ᠂ ᠬᠠᠮᠤᠬ ᠤᠨ ᠪᠠᠭ᠎ᠠ ᠬᠠᠷᠢᠴᠠᠯ ᠨᠢ 1  /  8  ᠪᠣᠯᠤᠨ᠎ᠠ᠃  ᠵᠢᠱᠢᠶᠡᠯᠡᠪᠡᠯ᠂  ︽ᠤᠷᠳᠤ‌‍ᠲ᠋ᠤᠤᠯᠢᠰ ᠤᠨ  ᠪᠣᠳᠢ︾ ᠨᠢ  480  ᠢᠵᠢ  ᠲᠤᠤᠯᠢᠰ  ᠳᠣᠲᠣᠷ᠎ᠠ ᠠᠴᠠ  ᠰᠣᠩᠭᠤᠨ  ᠭᠠᠷᠭᠠᠭᠰᠠᠨ  62   ᠪᠦᠲᠦᠭᠡᠯ ᠵᠶ᠋ᠠᠷ‌‍ᠪᠦ᠋ᠷᠢᠯᠳᠦᠵᠡᠶ᠃              ᠴᠤᠪᠤᠷᠠᠯ ᠪᠢᠴᠢᠭ ᠤᠨ  ᠠᠷᠠᠳ ᠤᠨ  ᠠᠮᠠᠨ  ᠵᠣᠬᠢᠶᠠᠯ ᠤᠨ  ᠪᠦᠲᠦᠭᠡᠯ ᠨᠢ  ᠮᠣᠩᠭᠤᠯ  ᠦᠨᠳᠦᠰᠦᠲᠡᠨ ᠤ  ᠠᠷᠠᠳ‌‍ᠲ᠋ᠦ᠋ᠮᠡᠨ ᠤ ᠡᠷᠳᠡᠨ ᠠᠴᠠ ᠠᠪᠤᠭᠠᠳ ᠬᠦᠭᠡᠭᠡᠴᠡᠯᠳᠦᠭᠰᠡᠭᠡᠷ ᠢᠷᠡᠭᠰᠡᠨ ᠦᠨᠡᠨ ᠰᠠᠶᠢᠨ ᠰᠠᠶᠢᠬᠠᠨ ᠤ  ᠬᠥᠭᠡᠭᠡᠴᠡᠯᠳᠦᠯ᠂  ᠪᠠᠶᠢᠭᠠᠯᠢ‌‍ᠶ᠋ᠢᠷᠳᠢᠨᠴᠦ ᠵᠢᠴᠢ ᠪᠤᠰᠤᠳ ᠦᠨᠳᠦᠰᠦᠲᠡᠨ ᠲᠠᠢ ᠡᠶ᠎ᠡ ᠨᠠᠶᠢᠷᠰᠠᠭ ᠢᠶᠠᠷ  ᠬᠠᠷᠢᠯᠴᠠᠬᠤ  ᠪᠠ  ᠡᠩᠭᠡ  ᠲᠠᠶᠢᠪᠤᠡᠭ ᠢ  ᠡᠷᠬᠢᠮᠯᠡᠬᠦ ᠵᠢ‌ᠵᠣᠷᠢᠬᠤ ᠦᠵᠡᠯ ᠰᠠᠨᠠᠭ᠎ᠠ ᠶᠢ ᠢᠯᠡᠳᠭᠡᠵᠦ᠂ ᠮᠣᠩᠭᠤᠯ  ᠦᠨᠳᠦᠰᠦᠲᠡᠨ ᠤ  ᠡᠯᠪᠡᠭ  ᠪᠠᠶᠠᠯᠢᠭ  ᠰᠢᠯᠢᠳᠡᠭ  ᠠᠷᠠᠳ ᠤᠨ  ᠠᠮᠠᠨ‌ᠵᠣᠬᠢᠶᠠᠯ ᠤᠨ ᠥᠪ ᠢ ᠲᠥᠪᠯᠡᠷᠡᠩᠭᠦᠢ ᠪᠠᠷ ᠳᠡᠯᠭᠡᠨ ᠦᠵᠡᠭᠦᠯᠵᠦ᠂ ᠮᠣᠩᠭᠤᠯ ᠦᠨᠳᠦᠰᠦᠲᠡᠨ ᠤ  ᠠᠷᠠᠳ  ᠲᠦᠮᠡᠨ ᠤ  ᠡᠷᠡᠭᠦᠯ‌‍ᠪᠠᠶᠠᠯᠢᠭ ᠳᠣᠲᠣᠭᠠᠳᠤ ᠰᠡᠳᠬᠢᠯᠭᠡ ᠵᠢᠴᠢ ᠤᠯᠠᠨ ᠠᠴᠠ ᠬᠡᠳᠦᠶᠢᠳᠦᠭᠰᠡᠨ ᠤᠷᠠᠯᠢᠭ ᠤᠨ ᠠᠪᠢᠶᠠᠰ ᠴᠢᠳᠠᠪᠤᠷᠢ ᠶᠢ  ᠢᠯᠡᠷᠡᠬᠦᠯᠦᠭᠰᠡᠨ‌‍ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号