ᠲᠦᠷᠦᠭᠡᠨ ᠳᠡᠭᠡᠷ᠎ᠡ ᠦᠨᠳᠡᠶᠢᠭᠰᠡᠨ 40 ᠮᠢᠨᠦ᠋ᠲ
ᠨᠡᠶᠢᠲᠡᠯᠡᠭᠰᠡᠨ ᠴᠠᠭ᠄
2019-07-03
ᠵᠢᠷᠤᠭ \ ᠵᠤᠬᠢᠶᠠᠯ᠄ ᠲᠤᠰ ᠰᠣᠨᠢᠨ ᠤ ᠰᠤᠷᠪᠤᠯᠵᠢᠯᠠᠭᠴᠢ ᠳ᠋᠊ · ᠪᠤᠯᠤᠳ ᠪᠢᠯᠢᠭᠲᠦ ᠨᠠᠷᠠᠨᠴᠢᠮᠡᠭ ᠦᠷᠭᠡᠨ ᠳᠠᠳᠤᠯᠭ᠎ᠠ ᠶᠢᠨ ᠰᠤᠷᠪᠤᠯᠵᠢᠯᠠᠬᠴᠢ ᠨᠠᠷᠠᠨᠲᠤᠩᠭᠠᠯᠠᠭ     ᠨᠠᠷᠠ ᠲᠡᠪᠡᠷᠢᠭᠰᠡᠨ ᠬᠥᠬᠡᠲᠠᠯ᠎ᠠ ᠠᠳᠤᠭᠤᠨ ᠤ ᠲᠤᠭᠤᠰᠤᠨ ᠳᠤ ᠬᠡᠶᠢᠮᠤᠷᠢ ᠰᠡᠷᠭᠦᠵᠤ᠂ ᠨᠠᠢᠮᠠᠨ ᠵᠦᠭ ᠤᠨ ᠨᠠᠶᠢᠷᠴᠢᠳ ᠬᠤᠷᠮᠤᠢ ᠲᠡᠷᠪᠡᠭᠦᠯᠦᠨ ᠰᠡᠳᠬᠢᠯ  ᠥᠨᠳᠡᠯᠵᠡᠨ᠎ᠡ᠃ 6 ᠰᠠᠷ᠎ᠠ ᠶᠢᠨ 29 ᠤ ᠡᠳᠦᠷ ᠤᠨ ᠦᠳᠡ ᠶᠢᠨ ᠬᠤᠶᠢᠨᠠᠬᠢ 3 ᠴᠠᠬ ᠠᠴᠠ 3 ᠴᠠᠬ 40 ᠮᠢᠨᠦ᠋ᠲ ᠲᠤ᠂ ᠬᠥᠬᠡᠬᠤᠲᠠ ᠶᠢᠨ ᠬᠥᠬᠡᠲᠠᠯ᠎ᠠ ᠳᠤ ᠪᠠᠶᠢᠷᠢᠯᠠᠭ᠎ᠠ ᠥᠪᠥᠷ ᠮᠤᠩᠭᠤᠯ ᠤᠨ ᠴᠥᠭᠡᠨ ᠲᠤᠭᠠᠳᠤ ᠦᠨᠳᠦᠰᠦᠲᠡᠨ ᠤ ᠤᠯᠠᠨ ᠲᠥᠮᠡᠨᠴᠢ ᠰᠤᠶᠤᠯ ᠲᠡᠮᠢᠷ ᠤᠨ ᠬᠥᠳᠡᠯᠭᠡᠭᠡᠨ ᠤ ᠲᠦᠪ ᠲᠤ ᠲᠤᠮᠳᠠᠳᠤ ᠤᠯᠤᠰ · ᠥᠪᠥᠷ ᠮᠤᠩᠭᠤᠯ ᠤᠨ ᠮᠤᠷᠢᠨ ᠤᠷᠤᠯᠳᠤᠭᠠᠨ ᠵᠢᠴᠢ ᠵᠢᠷᠭᠤᠳᠤᠭᠠᠷ ᠬᠤᠭᠤᠴᠠᠭᠠᠨ ᠤ ᠥᠪᠥᠷ ᠮᠤᠩᠭᠤᠯ ᠤᠨ ᠤᠯᠠᠨ ᠤᠯᠤᠰ ᠤᠨ ᠮᠤᠷᠢᠨ ᠮᠡᠷᠭᠡᠵᠢᠯ ᠤᠨ ᠨᠠᠶᠢᠷ ᠤᠨ ᠡᠬᠢᠯᠡᠯᠲᠡ ᠶᠢᠨ ᠶᠤᠰᠤᠯᠠᠯ ᠥᠪᠡᠳᠡᠭᠰᠢ ᠶᠡᠭᠡ ᠪᠠᠷ ᠶᠠᠪᠤᠬᠳᠠᠵᠥ᠂ ᠭᠡᠶᠢᠮᠤᠷᠢ ᠰᠡᠷᠬᠦᠭᠡᠨ ᠬᠤᠷᠮᠤᠢ ᠲᠡᠷᠪᠡᠬᠦᠯᠥᠭᠰᠡᠨ 40 ᠮᠢᠨᠦ᠋ᠲ ᠢᠶᠠᠷ ᠦᠪᠦᠷ ᠮᠤᠩᠭᠤᠯ ᠤᠨ ᠠᠯᠳᠠᠷᠰᠢᠯ ᠬᠥᠬᠡᠬᠤᠲᠠ ᠶᠢᠨ ᠬᠥᠬᠡᠲᠠᠯ᠎ᠠ ᠠᠴᠠ ᠬᠦᠷᠦᠰᠦᠳᠦ ᠲᠡᠯᠡᠬᠡᠢ ᠶᠢᠨ ᠵᠦᠭ ᠪᠤᠯᠤᠩ ᠲᠤ ᠳᠠᠭᠤᠷᠢᠰᠤᠯ᠎ᠠ᠃      ᠶᠤᠰᠤᠯᠠᠯ ᠡᠬᠢᠯᠡᠮᠡᠭᠴᠡ᠂ 56 ᠦᠨᠳᠦᠰᠦᠲᠡᠨ ᠤ ᠤᠨᠴᠠᠯᠢᠬ ᠢᠶᠠᠷ ᠬᠤᠪᠴᠠᠰᠤᠯᠠᠬᠰᠠᠨ ᠲᠤᠭᠯᠠᠬᠴᠢᠳ ᠪᠠ ᠪᠦᠬᠦ ᠲᠠᠯᠠᠪᠠᠢ ᠶᠢᠨ ᠦᠵᠡᠭᠴᠢᠳ ᠬᠠᠮᠳᠤ ᠪᠠᠷ ︽ᠪᠢ ᠡᠬᠡ ᠤᠯᠤᠰ ᠲᠠᠢ ᠪᠠᠨ︾ ᠭᠡᠬᠦ ᠲᠠᠭᠤᠤ ᠶᠢ ᠳᠣᠷᠭᠢᠯᠠᠲᠠᠯ᠎ᠠ ᠬᠠᠨᠭ᠍ᠭᠢᠨᠠᠭᠤᠯᠤᠨ᠂ ᠰᠢᠨ᠎ᠡ ᠲᠤᠮᠳᠠᠳᠤ ᠤᠯᠤᠰ ᠪᠠᠶᠢᠭᠤᠯᠤᠭᠳᠠᠭᠰᠠᠨ 70 ᠵᠢᠯ ᠤᠨ ᠪᠤᠱᠤᠭᠠᠨ ᠳᠤ ᠦᠨᠳᠦᠰᠦᠳᠡᠨ ᠨᠦᠭᠦᠳ ᠤᠨ ᠠᠷᠠᠳ ᠲᠦᠮᠡᠨ ᠤ ᠰᠡᠳᠬᠢᠯ ᠤᠨ ᠲᠠᠭᠤᠨ ᠢᠶᠠᠨ ᠡᠷᠭᠦᠵᠤ᠂ ᠤᠯᠤᠰ ᠤᠨ ᠲᠤᠬ ᠮᠠᠨᠳᠤᠭᠤᠯᠬᠤ ᠶᠤᠰᠤᠯᠠᠯ ᠢᠶᠠᠷ ᠡᠬᠢᠯᠡᠯᠳᠡ ᠶᠢᠨ ᠶᠤᠰᠤᠯᠠᠯ ᠤᠨ ᠬᠥᠰᠢᠭᠡ ᠰᠡᠬᠦᠭᠳᠡᠪᠡ᠃ ᠶᠤᠰᠤᠯᠠᠯ ᠤᠨ ᠡᠬᠢᠨ ᠳᠤ ᠢᠷᠡᠭᠤ ᠤᠶᠠᠩᠭᠠᠯᠢᠬ ᠴᠤᠭᠤᠷ ᠤᠨ ᠡᠭᠡᠰᠢᠭ ᠬᠠᠨᠭ᠍ᠭᠢᠨᠠᠨ᠂ ᠬᠠᠷᠠᠩᠭ᠎ᠠ ᠬᠡᠩᠭᠡᠷᠭᠡ ᠶᠢᠨ ᠲᠠᠭᠤᠨ ᠲᠠᠯᠠᠪᠠᠢ ᠲᠥᠬᠦᠷᠡᠩ ᠴᠤᠤᠷᠢᠶᠠᠳᠤᠵᠤ᠂ ᠭᠠᠩᠭᠠᠩ ᠬᠠᠷ᠎ᠠ ᠲᠠᠢ ᠨᠢᠭᠡᠨ ᠨᠠᠮᠨᠠᠭᠠᠴᠢᠨ ᠮᠤᠷᠢᠨ ᠲᠠᠪᠬᠢᠭᠠᠨ ᠳᠠᠪᠬᠢᠭᠠᠨ ᠫᠠᠢ ᠬᠠᠷᠪᠤᠨ ᠦᠪᠦᠷ ᠮᠤᠩᠭᠤᠯ ᠤᠨ ᠮᠤᠷᠢᠨ ᠤᠷᠤᠯᠳᠤᠭᠠᠨ ᠤ ᠠᠷᠢᠭᠤᠨ ᠭᠠᠯ ᠶᠢ ᠬᠦᠭᠵᠢᠭᠡᠬᠦ ᠳᠤ ᠠᠯᠠᠭ᠎ᠠ ᠲᠠᠰᠢᠯᠳᠠ ᠲᠠᠯᠠᠪᠠᠢ ᠳᠦᠭᠦᠷᠡᠩ ᠨᠢᠵᠢᠭᠢᠨᠡᠯ᠎ᠡ᠃      ᠲᠡᠷᠢᠬᠦᠯᠡᠭᠴᠢ ᠶᠢᠨ ᠲᠠᠶᠢᠰᠠ ᠶᠢ ᠲᠠᠭᠠᠨ ᠬᠤᠶᠠᠷ ᠮᠥᠷᠥᠯᠡᠨ ᠵᠤᠬᠰᠤᠬᠰᠠᠨ ᠴᠥᠭᠡᠨ ᠲᠤᠭᠠᠳᠤ ᠦᠨᠳᠦᠰᠦᠲᠡᠨ ᠤ ᠬᠤᠪᠴᠠᠰᠤ ᠵᠠᠰᠠᠯ ᠤᠨ ᠥᠵᠡᠬᠦᠯᠭᠡ ᠶᠢᠨ ᠵᠢᠬᠰᠠᠭᠠᠯ ᠤᠨ ᠡᠩᠨᠡᠭᠡ ᠲᠠᠪᠤᠨ ᠤᠳᠤᠳᠤ ᠤᠯᠤᠰ ᠤᠨ ᠲᠤᠬ ᠢᠶᠠᠨ ᠬᠤᠷᠦ᠋ᠢᠯᠵᠠᠭᠤᠯᠤᠨ ᠬᠤᠷᠳᠤᠨ ᠬᠥᠯᠥᠭ ᠤᠨ ᠲᠠᠪᠬᠢᠭᠠᠨ ᠳᠤ ᠤᠷᠠ ᠠᠪᠢᠶᠠᠰ ᠢᠶᠠᠨ ᠭᠠᠶᠢᠬᠠᠭᠤᠯᠤᠬᠰᠠᠨ ᠮᠤᠷᠢᠨ ᠮᠡᠷᠭᠡᠵᠢᠯ ᠤᠨ ᠥᠵᠡᠬᠦᠯᠭᠡ ᠶᠢᠨ ᠠᠩᠭᠢ ᠪᠠᠨ ᠤᠷᠮᠠᠰᠢᠭᠤᠯᠬᠤ ᠨᠢ᠂ ᠥᠨᠳᠤᠰᠤᠳᠠᠨ ᠨᠦᠭᠦᠳ ᠤᠨ ᠤᠯᠠᠨ ᠲᠥᠮᠡᠨ ᠢᠶᠠᠨ ᠵᠤᠬᠢᠴᠠᠩᠭᠤᠢ ᠤᠷᠤᠰᠢᠨ ᠲᠤᠬᠳᠠᠨᠢᠵᠥ᠂ ᠨᠠᠩ ᠥᠵᠡᠰᠬᠦᠯᠠᠩᠳᠤ ᠰᠠᠶᠢᠬᠠᠨ ᠤᠮᠠᠷᠠᠳᠤ ᠬᠢᠯᠢ ᠶᠢ ᠴᠤᠬᠴᠠᠯᠠᠬᠤ ᠵᠤᠷᠢᠬ ᠰᠠᠨᠠᠭᠠᠨ ᠤ ᠬᠥᠭ ᠠᠶᠠᠰ ᠢ ᠴᠢᠪᠬᠠᠳᠠᠯ᠎ᠠ︔ ᠮᠤᠷᠢᠨ ᠮᠡᠷᠭᠡᠵᠢᠯ ᠤᠨ ᠠᠩᠭᠢ ᠶᠢᠨ ᠳᠠᠷᠠᠭ᠎ᠠ ︽ᠲᠥᠮᠡᠨ ᠠᠭᠲᠠ ᠶᠢᠨ ᠲᠥᠪᠡᠷᠭᠡᠨ︾ ᠮᠤᠷᠢᠨ ᠬᠤᠭᠤᠷ ᠤᠨ ᠰᠦᠷ ᠵᠢᠪᠬᠤᠯᠠᠩᠳᠤ ᠬᠥᠭᠵᠢᠮ ᠤᠨ ᠲᠤᠮᠳᠠ᠂ ︽ᠲᠡᠨᠦᠭᠦᠯ ᠪᠦᠮᠪᠤᠷᠴᠡᠭ︾ ᠺᠢᠨᠣ᠋ ᠶᠢᠨ ᠤᠳᠤᠷᠢᠳᠤᠭᠠᠴᠢ᠂ ᠮᠤᠩᠭᠤᠯ ᠢᠶᠠᠷ ᠭᠤᠶᠤᠯᠠᠬᠰᠠᠨ ᠠᠯᠳᠠᠷᠳᠤ ᠲᠤᠬᠯᠠᠬᠴᠢ ᠡᠦ ᠵᠢᠩ ᠠᠬᠰᠤᠮ ᠵᠡᠭᠡᠷᠳᠡ ᠶᠢᠨ ᠳᠠᠪᠬᠢᠭ᠎ᠠ ᠪᠠᠷ 800 ᠬᠥᠯᠥᠭ ᠲᠠᠭᠠᠭᠤᠯᠤᠨ ᠤᠷᠤᠯᠳᠤᠭᠠᠨ ᠤ ᠲᠠᠯᠠᠪᠠᠢ ᠪᠠᠷ ᠲᠤᠭᠤᠰᠤ ᠲᠠᠳᠠᠭᠤᠯᠤᠨ ᠴᠦᠮᠦᠷᠡᠨ ᠤᠷᠤᠵᠤ ᠢᠷᠡᠬᠦ ᠳᠤ ᠨᠠᠶᠢᠷ ᠢᠶᠠᠷ ᠴᠠᠯᠬᠢᠬᠰᠠᠨ ᠬᠥᠬᠡᠲᠠᠯ᠎ᠠ ᠨᠢᠷᠤᠭᠤ ᠰᠢᠯᠭᠡᠭᠡᠨ ᠲᠠᠶᠢᠪᠠᠵᠤ ᠪᠠᠶᠢᠭ᠎ᠠ ᠶᠤᠮᠰᠢᠬ᠂ ᠨᠠᠢᠮᠠᠨ ᠵᠠᠭᠤᠨ ᠤ ᠲᠡᠷᠳᠡᠭᠡᠬᠢ ᠲᠤᠭᠤᠷᠠᠢ  ᠶᠢᠨ ᠴᠢᠮᠡᠭᠡ ᠰᠤᠨᠤᠷᠳᠠᠬᠤ ᠰᠢᠬ᠃ ᠦᠶᠡᠷ ᠤᠨ ᠤᠷᠤᠰᠬᠠᠯ ᠰᠢᠬ ᠴᠠᠭᠠᠷᠢᠬᠯᠠᠨ ᠲᠠᠪᠬᠢᠬᠰᠠᠨ ᠠᠬᠳᠠ ᠬᠥᠯᠥᠭ ᠤᠨ ᠵᠢᠬᠰᠠᠭᠠᠯ ᠨᠢ ᠬᠥᠮᠥᠰ ᠤᠨ ᠤᠤᠬᠠᠢᠢᠯᠠᠯ ᠬᠠᠰᠬᠢᠷᠤᠯᠳᠠ ᠶᠢ ᠬᠥᠷᠳᠡᠨ᠂ ᠰᠡᠳᠬᠢᠯ ᠤᠨ ᠬᠦᠪᠴᠢ ᠶᠢ ᠲᠤᠷᠭᠢᠭᠤᠯᠵᠤ᠂ ᠡᠬᠢᠯᠡᠯᠲᠡ ᠶᠢᠨ ᠶᠤᠰᠤᠯᠠᠯ ᠢ ᠤᠷᠬᠢᠯ ᠳᠤ ᠬᠥᠷᠭᠡᠭᠰᠡᠨ ᠪᠠᠶᠢᠨ᠎ᠠ᠃ ᠡᠬᠢᠯᠠᠯᠳᠠ ᠶᠢᠨ ᠶᠤᠰᠤᠯᠠᠯ ᠤᠨ ᠪᠥᠬᠦ᠋ᠢᠯᠠ ᠥᠵᠡᠬᠦᠯᠭᠡ ᠲᠤᠬᠯᠠᠯᠳᠠ ᠲᠠᠯ᠎ᠠ ᠨᠤᠳᠤᠬ ᠤᠨ ᠬᠥᠪᠡᠬᠦᠳ ᠥᠬᠢᠳ ᠤᠨ ᠰᠢᠨ᠎ᠡ ᠴᠠᠬ ᠦᠶ᠎ᠡ ᠶᠢᠨ ᠰᠢᠨ᠎ᠡ ᠠᠮᠢᠳᠤᠷᠠᠯ ᠤᠨ ᠰᠠᠶᠢᠨ ᠰᠠᠶᠢᠬᠠᠨ ᠢ ᠵᠢᠷᠤᠬᠯᠠᠵᠥ᠂ ᠦᠭᠡᠳᠡᠯᠡᠨ ᠲᠠᠪᠰᠢᠭᠰᠠᠨ ᠴᠤᠭ ᠵᠢᠪᠬᠤᠭ᠎ᠠ ᠶᠢ ᠭᠠᠶᠢᠬᠠᠭᠤᠯᠤᠯ᠎ᠠ᠃
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号