ᠮᠣᠩᠭᠤᠯ ᠬᠡᠯᠡ ᠰᠣᠶᠣᠯ ᠤᠨ ᠠᠰᠠᠭᠠᠶ᠎ᠠ ᠪᠦᠯᠬᠦᠮ ᠪᠠᠶᠢᠭᠤᠯᠤᠭᠳᠠᠯ᠎ᠠ
ᠨᠡᠶᠢᠲᠡᠯᠡᠭᠰᠡᠨ ᠴᠠᠭ᠄
2019-02-18
      ᠦᠨᠳᠦᠰᠦᠲᠡᠨ ᠤ ᠦᠭᠡ ᠬᠡᠯᠡ ᠦᠰᠦᠭ ᠪᠢᠴᠢᠭ ᠢᠶᠠᠨ ᠬᠠᠶᠢᠷᠠᠯᠠᠨ ᠨᠠᠨᠳᠢᠩᠨᠠᠵᠤ᠂ ᠥᠪ ᠰᠣᠶᠣᠯ ᠢᠶᠠᠨ ᠮᠠᠨᠳᠤᠭᠤᠯᠤᠨ ᠬᠥᠭᠵᠢᠭᠦᠯᠬᠦ ᠪᠣᠯ ᠪᠢᠳᠠ ᠪᠦᠬᠦᠨ ᠤ ᠲᠠᠷᠬᠠᠨ ᠡᠭᠦᠷᠭᠡ ᠪᠣᠯᠣᠨ᠎ᠠ᠃  ᠡᠨᠡ ᠤᠳᠬ᠎ᠠ ᠪᠠᠷ ᠢᠶᠠᠨ ᠰᠢᠨ᠎ᠡ ᠪᠦᠬᠦᠨ ᠤ ᠡᠬᠢᠯᠡᠯ ᠪᠣᠯᠣᠭᠰᠠᠨ ᠰᠢᠨ᠎ᠡ ᠵᠢᠯ ᠴᠠᠭᠠᠨ ᠰᠠᠷ᠎ᠠ ᠪᠣᠯᠵᠤ ᠪᠠᠶᠢᠭ᠎ᠠ ᠲᠠᠰᠢᠷᠠᠮ ᠳᠤ ᠪᠡᠭᠡᠵᠢᠩ ᠳᠠᠬᠢ ᠮᠣᠩᠭᠤᠯ ᠬᠡᠯᠡ ᠰᠣᠶᠣᠯ ᠤᠨ ᠠᠰᠠᠭᠠᠶ᠎ᠠ ᠪᠦᠯᠬᠦᠮ ᠤᠳᠠᠯ ᠦᠭᠡᠢ ᠪᠣᠯᠬᠤ ᠭᠡᠵᠤ ᠪᠠᠶᠢᠭ᠎ᠠ ᠳᠡᠯᠡᠬᠡᠢ ᠶᠢᠨ ᠡᠬᠡ ᠬᠡᠯᠡᠨ  ᠤ ᠡᠳᠦᠷᠯᠢᠭ ᠢ ᠲᠣᠬᠢᠶᠠᠯᠳᠤᠭᠤᠯᠤᠨ 2 ᠳ᠋ᠤᠭᠠᠷ ᠰᠠᠷ᠎ᠠ ᠶᠢᠨ 16 ᠤ  ᠦᠳᠡ ᠶᠢᠨ ᠬᠤᠶᠢᠨ᠎ᠠ ᠪᠠᠶᠢᠭᠤᠯᠤᠭᠳᠠᠯ᠎ᠠ᠃
     ᠮᠣᠩᠭᠤᠯ ᠦᠭᠡ ᠪᠠᠨ ᠪᠦᠦ ᠮᠠᠷᠲᠠᠶ᠎ᠠ᠂ ᠮᠣᠩᠭᠤᠯ ᠦᠰᠦᠭ ᠢᠶᠠᠨ ᠪᠦᠦ ᠤᠮᠠᠷᠲᠠᠶ᠎ᠠ᠂ ᠮᠣᠩᠭᠤᠯ ᠰᠣᠶᠣᠯ ᠢ ᠳᠡᠯᠡᠬᠡᠢ ᠳᠤ ᠳᠡᠯᠭᠡᠷᠡᠭᠦᠯᠦᠶ᠎ᠡ᠂ ᠮᠣᠩᠭᠤᠯ ᠭᠠᠯ ᠢ ᠵᠢᠷᠦᠬᠡᠨ ᠳᠤ ᠠᠰᠠᠭᠠᠶ᠎ᠠ ᠭᠡᠰᠡᠨ ᠤᠷᠢᠶᠠᠯᠠᠭ᠎ᠠ ᠶᠢᠨ ᠳᠣᠣᠷ᠎ᠠ᠂ ᠦᠢᠯᠡᠰ ᠪᠦᠲᠦᠭᠡᠬᠦ ᠲᠠᠪᠴᠠᠩ ᠬᠠᠩᠭᠠᠬᠤ᠂ ᠡᠬᠡ ᠬᠡᠯᠡ ᠰᠣᠶᠣᠯ ᠢᠶᠠᠨ ᠨᠠᠨᠳᠢᠩᠨᠠᠨ ᠬᠠᠶᠢᠷᠠᠯᠠᠬᠤ᠂ ᠬᠠᠮᠠᠭᠠᠯᠠᠨ ᠬᠥᠭᠵᠢᠭᠦᠯᠬᠦ ᠪᠠᠷ ᠵᠣᠷᠢᠯᠭ᠎ᠠ ᠪᠠᠨ ᠪᠣᠯᠭᠠᠭᠰᠠᠨ ᠡᠨᠡ ᠪᠦᠯᠬᠦᠮ ᠨᠢ᠂ ᠨᠠᠮ ᠤᠨ ᠦᠨᠳᠦᠰᠦᠲᠡᠨ ᠤ ᠲᠤᠬᠠᠢ ᠲᠥᠷᠥ  ᠶᠢᠨ ᠪᠣᠳᠣᠯᠭ᠎ᠠ ᠪᠠ ᠴᠥᠭᠡᠨ ᠲᠣᠭᠠᠲᠤ ᠦᠨᠳᠦᠰᠦᠲᠡᠨ ᠤ ᠦᠭᠡ ᠬᠡᠯᠡ ᠦᠰᠦᠭ ᠪᠢᠴᠢᠭ ᠢ ᠬᠠᠮᠠᠭᠠᠯᠠᠨ ᠬᠥᠭᠵᠢᠭᠦᠯᠬᠦ ᠪᠣᠳᠣᠯᠭ᠎ᠠ ᠴᠢᠭᠯᠡᠯᠲᠡ ᠶᠢ ᠪᠠᠷᠢᠮᠲᠠᠯᠠᠨ᠂ ᠮᠣᠩᠭᠤᠯ ᠬᠡᠯᠡ ᠰᠣᠶᠣᠯ ᠤᠨ ᠬᠥᠭᠵᠢᠯᠲᠡ ᠳᠤ ᠨᠡᠩ ᠥᠷᠭᠡᠨ ᠲᠠᠪᠴᠠᠩ ᠬᠠᠩᠭᠠᠬᠤ ᠪᠠᠷ ᠵᠣᠷᠢᠯᠲᠠ ᠪᠠᠨ ᠪᠣᠯᠭᠠᠭᠰᠠᠨ ᠪᠠᠶᠢᠯ᠎ᠠ᠃  
ᠸᠧᠢ ᠰᠢᠶᠠᠩ ᠴᠦᠨ ︵ ︽ᠠᠰᠠᠭᠠᠶ᠎ᠠ  ︾ ᠪᠦᠯᠬᠦᠮ ᠤᠨ ᠭᠤᠣᠯ ᠡᠭᠦᠰᠬᠡᠨ ᠪᠠᠶᠢᠭᠤᠯᠤᠭᠴᠢ︶  ᠂ ᠴᠢᠩᠭᠢᠰ ᠬᠠᠭᠠᠨ  ᠤ ᠬᠠᠰ ᠲᠠᠮᠠᠭ᠎ᠠ ᠪᠠ  ᠲᠥᠪ ᠬᠥᠷᠥᠭ   ᠤᠨ ᠰᠡᠷᠭᠦᠭᠡᠭᠴᠢ᠂ ᠪᠡᠭᠡᠵᠢᠩ ᠤᠨ ᠲᠦᠩᠯᠢᠶᠣᠣ ᠬᠤᠲᠠ ᠶᠢᠨ ᠬᠤᠳᠠᠯᠳᠤᠭᠠᠴᠢᠳ ᠤᠨ ᠡᠪᠯᠡᠯ ᠤᠨ ᠳᠡᠳ᠋ ᠳᠠᠷᠤᠭ᠎ᠠ
ᠰᠠᠷᠠᠭᠤᠯ ︵ ︽ᠠᠰᠠᠭᠠᠶ᠎ᠠ︾ ᠪᠦᠯᠬᠦᠮ ᠤᠨ ᠭᠤᠣᠯ ᠡᠭᠦᠰᠬᠡᠨ ᠪᠠᠶᠢᠭᠤᠯᠤᠭᠴᠢ︶  ᠂ ᠦᠨᠳᠦᠰᠦᠲᠡᠨ ᠤ ᠬᠡᠪᠯᠡᠯ ᠤᠨ ᠬᠤᠷᠢᠶᠠᠨ ᠤ ᠨᠠᠶᠢᠷᠠᠭᠤᠯᠤᠭᠴᠢ᠂ 2008 ᠣᠨ ᠳᠤ ᠪᠡᠭᠡᠵᠢᠩ ᠤᠨ ᠮᠣᠩᠭᠤᠯ ᠬᠡᠯᠡ ᠰᠣᠶᠣᠯ ᠤᠨ ᠠᠩᠭᠢ ᠶᠢ ᠡᠭᠦᠰᠬᠡᠨ ᠪᠠᠶᠢᠭᠤᠯᠤᠭᠴᠢ
ᠶᠢᠨ᠂ ᠪᠠᠭᠠᠲᠤᠷ ︵ ︽ᠠᠰᠠᠭᠠᠶ᠎ᠠ︾ ᠪᠦᠯᠬᠦᠮ ᠤᠨ ᠡᠭᠦᠰᠬᠡᠨ ᠭᠤᠣᠯ ᠪᠠᠶᠢᠭᠤᠯᠤᠭᠴᠢ︶ ᠪᠡᠭᠡᠵᠢᠩ ᠤᠨ ᠱᠢ ᠰᠢᠤᠸᠠᠨ ᠵᠢᠦᠢ ᠪᠡᠯᠡ ᠣᠷᠤᠭᠤᠯᠤᠯᠲᠠ ᠶᠢᠨ ᠬᠠᠮᠢᠶᠠᠷᠤᠯᠲᠠ ᠶᠢᠨ ᠬᠢᠵᠠᠭᠠᠷᠲᠤ ᠺᠣᠮᠫᠠᠨᠢ ᠶᠢᠨ ᠶᠡᠷᠦᠩᠬᠡᠢ ᠵᠠᠬᠢᠷᠤᠯ
ᠵᠠᠩ ᠳ᠋ᠠ ᠾᠦᠢ ︵ᠲᠤᠰᠬᠠᠢ ᠮᠡᠷᠭᠡᠵᠢᠯᠲᠡᠨ︶ ᠴᠢᠩᠭᠢᠰ ᠬᠠᠭᠠᠨ ᠤ 17 ᠳ᠋ᠤᠭᠠᠷ ᠦᠶ᠎ᠡ ᠶᠢᠨ ᠣᠮᠪᠣᠯᠣ ᠠᠯᠲᠠᠨ ᠬᠠᠭᠠᠨ ᠤ ᠬᠤᠶᠢᠴᠢᠰ
ᠠᠯᠳᠠᠷᠲᠤ ᠳᠠᠭᠤᠴᠢᠨ ᠠᠯᠲᠠᠨᠴᠡᠴᠡᠭ ᠰᠠᠨᠠᠯ ᠪᠣᠳᠣᠯ ᠢᠶᠠᠨ ᠰᠣᠯᠢᠯᠴᠠᠯ᠎ᠠᠪᠢᠳᠠᠨ ᠤ ᠢᠷᠡᠭᠡᠳᠦᠢ
ᠠᠮᠧᠷᠢᠺᠠ ᠳᠤᠮᠳᠠᠳᠤ ᠶᠢᠨ ᠠᠷᠠᠯᠵᠢᠶ᠎ᠠ ᠶᠢ ᠠᠬᠢᠭᠤᠯᠬᠤ ᠨᠡᠶᠢᠭᠡᠮᠯᠢᠭ ᠤᠨ ᠲᠡᠷᠢᠭᠦᠯᠡᠭᠴᠢ ᠡᠦ᠂ ᠪᠠᠭᠠᠲᠤᠷᠠᠬᠤᠢ ᠲᠠᠯᠠᠪᠤᠷ ᠤᠨ ᠬᠡᠰᠡᠭ ᠵᠢᠷᠤᠭ
︽ᠠᠰᠠᠭᠠᠶ᠎ᠠ︾ ᠪᠦᠯᠬᠦᠮ ᠤᠨ ᠡᠭᠦᠰᠬᠡᠨ ᠪᠠᠶᠢᠭᠤᠯᠤᠭᠴᠢ ᠶᠢᠨ ᠬᠠᠮᠲᠤ ᠶᠢᠨ ᠵᠢᠷᠤᠭ
ᠬᠠᠮᠲᠤ ᠶᠢᠨ ᠵᠢᠷᠤᠭᠳᠡᠯᠡᠬᠡᠢ ᠶᠢᠨ ᠡᠬᠡ ᠬᠡᠯᠡᠨ ᠤ ᠡᠳᠦᠷᠯᠢᠭ ᠤᠨ ᠢᠷᠡᠯᠲᠡ      ᠪᠧᠩᠭᠠᠯᠴᠤᠳ ᠫᠠᠺᠢᠰᠲ᠋ᠠᠨ ᠳᠤ ᠬᠠᠷᠢᠶᠠᠯᠠᠭᠳᠠᠵᠤ ᠪᠠᠶᠢᠭᠰᠠᠨ 1952 ᠣᠨ ᠤ 2 ᠳ᠋ᠤᠭᠠᠷ ᠰᠠᠷ᠎ᠠ ᠶᠢᠨ 21  ᠤ ᠡᠳᠦᠷ ᠪᠧᠩᠭᠠᠯ ᠬᠡᠯᠡ ᠶᠢ ᠠᠯᠪᠠᠨ ᠤ ᠬᠡᠯᠡ ᠪᠣᠯᠭᠠᠬᠤ ᠶᠢᠨ ᠲᠥᠯᠥᠭᠡ ᠠᠷᠠᠳ ᠢᠷᠭᠡᠳ ᠵᠢᠭᠰᠠᠭᠠᠯ ᠴᠤᠭᠯᠠᠭᠠᠨ ᠶᠠᠪᠤᠭᠤᠯᠤᠭᠰᠠᠨ ᠳᠤ ᠫᠠᠺᠢᠰᠲ᠋ᠠᠨ ᠤ ᠴᠠᠭᠳᠠᠭ᠎ᠠ 5 ᠬᠥᠮᠥᠨ ᠢ ᠫᠤᠤᠳᠠᠨ ᠠᠯᠠᠭᠰᠠᠨ ᠪᠠᠶᠢᠨ᠎ᠠ᠃ ᠪᠧᠩᠭᠠᠯ ᠤᠯᠤᠰ ᠲᠤᠰᠠᠭᠠᠷ ᠲᠣᠭᠲᠠᠨᠢᠭᠰᠠᠨ ᠤ ᠰᠡᠭᠦᠯᠡᠷ᠂ ᠦᠭᠡ ᠬᠡᠯᠡᠨ ᠤ ᠲᠥᠯᠥᠭᠡ ᠲᠡᠮᠡᠴᠡᠭᠰᠡᠨ ᠡᠳᠡᠭᠡᠷ ᠬᠥᠮᠥᠨ ᠳᠤ ᠳᠤᠷᠠᠰᠬᠠᠯ  ᠤᠨ ᠬᠥᠰᠢᠶ᠎ᠡ ᠪᠣᠰᠬᠠᠵᠤ ᠥᠭᠭᠦᠭᠰᠡᠨ ᠪᠠᠶᠢᠯ᠎ᠠ᠃      1999 ᠣᠨ ᠤ 11 ᠳ᠋ᠦ᠋ᠭᠡᠷ ᠰᠠᠷ᠎ᠠ ᠳᠤ ᠣᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠰᠤᠷᠭᠠᠨ ᠬᠥᠮᠥᠵᠢᠯ ᠰᠢᠨᠵᠢᠯᠡᠬᠦ ᠤᠬᠠᠭᠠᠨ  ᠰᠣᠶᠣᠯ ᠤᠨ ᠪᠠᠶᠢᠭᠤᠯᠭ᠎ᠠ ᠶᠢᠨ ᠶᠡᠷᠦᠳᠡ ᠶᠢᠨ ᠬᠤᠷᠠᠯ  ᠳᠡᠭᠡᠷ᠎ᠡ᠂ 2000 ᠣᠨ  ᠠᠴᠠ ᠡᠬᠢᠯᠡᠨ ᠵᠢᠯ ᠪᠣᠯᠭᠠᠨ ᠤ 2 ᠳ᠋ᠤᠭᠠᠷ ᠰᠠᠷ᠎ᠠ ᠶᠢᠨ 21 ᠤ ᠡᠳᠦᠷ ᠢ ᠳᠡᠯᠡᠬᠡᠢ ᠶᠢᠨ ᠡᠬᠡ ᠬᠡᠯᠡᠨ ᠤ ᠡᠳᠦᠷᠯᠢᠭ ᠭᠡᠵᠤ ᠲᠣᠭᠲᠠᠭᠠᠭᠰᠠᠨ ᠪᠠᠶᠢᠨ᠎ᠠ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠷᠠᠳᠢᠣ᠋ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号