ᠰᠡᠳᠬᠦᠯ ᠤᠨ ᠠᠩᠬᠠᠨ ᠤ ᠬᠡᠪᠯᠡᠯ ᠭᠡᠭᠴᠢ ᠰᠡᠳᠬᠦᠯ ᠡᠷᠬᠢᠯᠡᠭᠰᠡᠨ ᠬᠠᠷᠠᠯᠳᠠ ᠵᠤᠷᠢᠯᠳᠠ᠂ ᠭᠡᠪ ᠨᠠᠮᠪᠠ | ᠂ ᠪᠤᠯᠦᠩ ᠲᠠᠪᠴᠠᠩ ᠢ ᠬᠡᠷᠬᠢᠨ ᠲᠦᠰᠦᠪᠯᠡᠭᠰᠡᠨ᠂ ᠶᠠᠮᠠᠷ ᠨᠠᠶᠢᠷᠠᠭᠤᠯᠤᠬᠴᠢᠳ ᠢᠶᠠᠷ ᠪᠦᠷᠢᠯᠳᠦᠭᠰᠡᠨ᠂ ᠡᠬᠡ ᠪᠢᠴᠢᠭ | ᠢᠯᠡᠭᠡᠭᠦ ᠱᠠᠭᠠᠷᠳᠠᠯᠭ᠎ᠠ ᠬᠡᠬᠦ ᠮᠡᠳᠦ ᠶᠢᠨ ᠴᠠᠭ ᠦᠶ᠎ᠠ ᠶᠢᠨ ᠢᠮ ᠲᠠᠮᠠᠭ᠎ᠠ ᠪᠦᠬᠦᠢ ᠮᠡᠳᠡᠭᠡ ᠵᠠᠩᠬᠢ ᠶᠢ ᠲᠡᠮᠳᠡᠭᠯᠡᠵᠦ | ᠪᠠᠶᠢᠳᠠᠭ ᠪᠤᠯᠬᠤᠷ ᠲᠡᠷᠡ ᠨᠢ ᠲᠠᠷᠤᠢᠰᠡᠳᠬᠦᠯ ᠤᠨ ᠬᠤᠷᠢᠶᠠᠨ ᠠᠴᠠ ᠤᠩᠰᠢᠭᠴᠢᠳ ᠲᠤ ᠭᠠᠷᠳᠠᠭᠤᠯᠤᠬᠰᠠᠨ | ᠨᠢᠭᠤᠷ ᠵᠤᠯᠭᠠᠬᠤ ᠭᠠᠷ ᠤᠨ ᠪᠡᠯᠡᠭ ᠪᠤᠯᠳᠠᠭ᠂ᠡᠶᠢᠮᠦ ᠠᠴᠠ ᠲᠡᠬᠦᠨ ᠢ ᠰᠡᠳᠬᠦᠯ ᠤᠨ ᠲᠦᠷᠦᠭᠰᠡᠨ ᠡᠳᠦᠷ ᠤᠨ | ᠦᠨᠡᠮᠯᠡᠯ ᠭᠡᠵᠦ ᠴᠦ ᠶᠠᠷᠢᠳᠠᠭ ᠠᠵᠢ᠃ ᠡᠬᠦᠨ ᠢᠶᠠᠷ ᠵᠶ᠋ᠠᠨᠰᠢᠯᠳᠠᠭᠠᠯᠠᠬᠳᠠᠵᠤ ᠰᠡᠳᠬᠦᠯ ᠤᠨ ᠤᠤᠭᠠᠨ ᠳ᠋ᠤᠭᠠᠷ | ᠮᠠᠰᠢ ᠶᠡᠭᠡ ᠬᠠᠳᠠᠭᠠᠯᠠᠬᠤ ᠦᠨ᠎ᠡ ᠦᠷᠳᠡᠭ ᠲᠠᠢ ᠪᠠᠶᠢᠳᠠᠭ᠃ 12ᠰᠠᠷ᠎ᠠ ᠶᠢᠨ 15 ᠤ ᠡᠳᠦᠷ᠂ ︽ᠠᠩᠬᠠᠳᠤᠭᠠᠷ | ᠬᠤᠭᠤᠴᠠᠭᠠᠨ ᠤ ᠪᠦᠬᠦ ᠤᠯᠤᠰ ᠤᠨ ᠮᠤᠩᠭᠤᠯ ᠰᠡᠳᠬᠦᠯ ᠤᠨ ᠤᠤᠭᠠᠨᠳᠤᠭᠠᠷ ᠤᠨ ᠦᠵᠡᠰᠭᠦᠯᠡᠩ︾ | ᠬᠦᠬᠡᠬᠤᠳᠠ ᠳᠤ ᠦᠯᠵᠡᠢ ᠲᠠᠢ ᠰᠠᠶᠢᠬᠠᠨ ᠶᠠᠪᠤᠬᠳᠠᠪᠠ᠃ ᠲᠤᠰ ᠦᠵᠡᠰᠭᠦᠯᠡᠩ ᠪᠤᠯ ᠪᠦᠬᠦᠳᠡᠨᠠᠶᠢᠷᠠᠮᠳᠠᠬᠤ | ᠲᠤᠮᠳᠠᠳᠤ ᠠᠷᠠᠳ ᠤᠯᠤᠰ ᠪᠠᠶᠢᠭᠤᠯᠤᠬᠳᠠᠬᠰᠠᠨ 70 ᠵᠢᠯ ᠤᠨ ᠤᠢ ᠶᠢ ᠲᠤᠷᠠᠰᠬᠠᠨ ᠪᠡᠯᠭᠡᠯᠡᠬᠦ ᠶᠢᠨ ᠲᠦᠯᠦᠬᠡ | ︽ᠮᠤᠩᠭᠤᠯ ᠤᠨ ᠨᠢᠭᠤᠴᠠ ᠲᠤᠪᠴᠢᠶᠠᠨ︾ ᠰᠤᠷᠪᠤᠯᠵᠢ ᠪᠢᠴᠢᠭ ᠤᠨ ᠬᠦᠷᠢᠶᠠᠯᠠᠩ᠂ ᠲᠤᠮᠳᠠᠳᠤ ᠤᠯᠤᠰ ᠤᠨ ᠮᠤᠩᠭᠤᠯ | ᠰᠡᠳᠬᠦᠯ ᠰᠤᠳᠤᠯᠬᠤ ᠬᠤᠷᠠᠯ᠂ ᠦᠪᠦᠷ ᠮᠤᠩᠭᠤᠯ ᠤᠨ ᠵᠢᠷᠤᠬᠳᠤ ᠰᠡᠳᠬᠦᠯ ᠤᠨ ᠬᠤᠷᠢᠶ᠎ᠠ᠂ ︽ᠮᠤᠩᠭᠤᠯ | ᠡᠯᠧᠮᠧᠨ᠋ᠲ︾ ᠰᠤᠶᠤᠯ ᠤᠨᠦᠪ ᠤᠨ ᠬᠢᠵᠠᠭᠠᠷᠳᠤ ᠺᠤᠮᠫᠠᠨᠢ ᠠᠴᠠ ᠭᠤᠤᠯᠯᠠᠨ ᠡᠷᠬᠢᠯᠡᠵᠦ᠂ ᠴᠢᠨᠤᠰ · ᠴᠤᠬᠳᠤᠨᠠᠷᠠᠨ᠂ | ᠮ᠊ · ᠽᠠᠳᠠᠨᠪᠠᠯ᠂ ᠫᠥ᠊ · ᠦᠯᠵᠡᠢ᠂ᠴ᠊ · ᠮᠤᠩᠭᠤᠯᠵᠠᠪ᠂ ᠮᠦᠰᠦᠴᠢᠨ᠂ ᠰᠤᠳᠦᠪᠢᠯᠢᠭ ᠨᠠᠷ ᠠᠴᠠ ᠲᠠᠭᠠᠭᠠᠴᠢᠯᠠᠨ | ᠡᠷᠬᠢᠯᠡᠭᠰᠡᠨ ᠪᠠᠶᠢᠨ᠎ᠠ᠃ | ᠦᠵᠡᠰᠬᠦᠯᠡᠩ ᠳᠤ ᠮᠠᠨ ᠤ ᠤᠯᠤᠰ ᠤᠨ ᠨᠠᠢᠮᠠᠨ ᠮᠤᠵᠢ ᠤᠷᠤᠨ ᠤ 1949 — 2019 ᠤᠨ | ᠬᠦᠷᠳᠡᠯᠡᠬᠢ 70 ᠵᠢᠯ ᠤᠨ ᠲᠤᠷᠰᠢᠬᠢ ᠰᠢᠨ᠎ᠡ ᠪᠠᠷ ᠭᠡᠪᠯᠡᠯ ᠡᠷᠬᠢᠯᠡᠭᠰᠡᠨ 400 ᠭᠠᠷᠤᠢ ᠮᠤᠩᠭᠤᠯ ᠰᠡᠳᠬᠦᠯ ᠤᠨ | ᠠᠩᠬᠠᠨ ᠤ ᠳ᠋ᠤᠭᠠᠷ ᠪᠤᠯᠤᠨᠲ᠋ᠤᠰᠬᠠᠢ ᠬᠡᠪᠯᠡᠯ ᠤᠨ ᠰᠡᠳᠬᠦᠯ ᠢ ᠤᠯᠤᠰ ᠲᠦᠷᠦ ᠤᠨᠤᠯ ᠤᠨ ᠰᠡᠳᠬᠦᠯ᠂ ᠤᠷᠠᠨ | ᠵᠤᠬᠢᠶᠠᠯ ᠤᠷᠠᠯᠢᠭ ᠤᠨ ᠰᠡᠳᠬᠦᠯ᠂ᠶᠡᠷᠦᠩᠬᠡᠶᠢᠯᠡᠭᠰᠡᠨ ᠰᠡᠳᠬᠦᠯ᠂ ᠡᠷᠳᠡᠮ ᠰᠢᠨᠵᠢᠯᠡᠬᠡᠨ ᠤ ᠰᠡᠳᠬᠦᠯ᠂ ᠲᠤᠰᠬᠠᠢ | ᠬᠡᠪᠯᠡᠯ ᠤᠨ ᠰᠡᠳᠬᠦᠯ᠂ ᠪᠤᠰᠤᠳ ᠲᠦᠷᠦᠯ ᠤᠨᠰᠡᠳᠬᠦᠯ ᠬᠡᠮᠡᠨ 6 ᠭᠡᠰᠡᠭ ᠬᠤᠪᠢᠶᠠᠨ ᠲᠡᠯᠭᠡᠨ ᠦᠵᠡᠭᠦᠯᠪᠡ᠃ | | ᠦᠵᠡᠰᠬᠦᠯᠡᠩ ᠳᠤ ᠤᠷᠤᠯᠴᠠᠬᠰᠠᠨ ᠮᠤᠩᠭᠤᠯ ᠰᠡᠳᠬᠦᠯ ᠤᠨ ᠤᠤᠭᠠᠨ ᠳ᠋ᠤᠭᠠᠷ ᠢ ᠭᠤᠤᠯᠳᠠᠭᠤ | ︽ᠮᠤᠩᠭᠤᠯ ᠤᠨᠨᠢᠭᠤᠴᠠ ᠲᠤᠪᠴᠢᠶᠠᠨ︾ ᠰᠤᠷᠪᠤᠯᠵᠢ ᠪᠢᠴᠢᠭ ᠤᠨ ᠬᠦᠷᠢᠶᠠᠯᠠᠩ ᠠᠴᠠ ᠬᠤᠷᠢᠶᠠᠨ ᠴᠤᠬᠯᠠᠭᠤᠯᠵᠤ᠂ ᠮ᠊ | · ᠽᠠᠳᠠᠨᠪᠠᠯ᠂ ᠫᠥ᠊ ·ᠦᠯᠵᠡᠢ᠂ ᠴ᠊ · ᠮᠤᠩᠭᠤᠯᠵᠠᠪ᠂ ᠮᠦᠰᠦᠴᠢᠨ᠂ ᠰᠤᠳᠦᠪᠢᠯᠢᠭ ᠨᠠᠷ ᠠᠴᠠ ᠭᠡᠰᠡᠭ ᠮᠤᠩᠭᠤᠯ | ᠰᠡᠳᠬᠦᠯ ᠤᠨ ᠤᠤᠭᠠᠨ ᠳ᠋ᠤᠭᠠᠷ ᠢᠬᠠᠩᠭᠠᠬᠰᠠᠨ ᠪᠠᠶᠢᠨ᠎ᠠ᠃ ᠲᠡᠳᠡ ᠨᠠᠷ ᠭᠡᠳᠦᠨ ᠠᠷᠪᠠᠨ ᠵᠢᠯ ᠤᠨ ᠲᠤᠷᠰᠢ ᠤᠯᠠᠨ | ᠭᠠᠵᠠᠷ ᠲᠤ ᠬᠦᠷᠴᠦ᠂ ᠴᠤᠬᠯᠠᠭᠤᠯᠤᠬᠰᠠᠨᠨᠤᠮ ᠢᠶᠠᠷ ᠢᠶᠠᠨ ᠤᠡᠭᠰᠢᠬᠴᠢ ᠤᠯᠠᠨ ᠤ ᠬᠡᠬᠡᠨ ᠮᠠᠯᠮᠠᠢ ᠶᠢ ᠮᠢᠯᠢᠶᠠᠵᠤ᠂ | ᠤᠶᠤᠨ ᠰᠠᠨᠠᠭ᠎ᠠ ᠶᠢ ᠪᠠᠶᠠᠰᠬᠠᠬᠤ ᠰᠤᠶᠤᠯ ᠤᠨ ᠬᠦᠷᠳᠡᠭᠡᠯ ᠪᠤᠯᠭᠠᠨ ᠲᠡᠭᠡᠵᠢᠯᠡᠭᠰᠡᠨ ᠪᠠᠶᠢᠨ᠎ᠠ᠃ | | ᠰᠡᠳᠬᠦᠯ ᠤᠨ ᠤᠤᠭᠠᠨ ᠳ᠋ᠤᠭᠠᠷ ᠲᠤ ᠰᠡᠳᠬᠦᠯ ᠡᠷᠬᠢᠯᠡᠬᠦ ᠬᠠᠷᠠᠯᠳᠠ᠂ ᠴᠠᠭ ᠦᠶ᠎ᠠ ᠶᠢᠨ ᠲᠡᠦᠭᠡᠳᠦ | ᠠᠬᠤᠢ᠂ᠤᠩᠰᠢᠬᠴᠢᠳ ᠲᠤ ᠢᠯᠡᠭᠡᠭᠦ ᠦᠭᠡ᠂ ᠨᠠᠶᠢᠷᠠᠭᠤᠯᠤᠬᠴᠢ ᠶᠢᠨ ᠦᠬᠡ ᠪᠠ ᠭᠡᠪᠯᠡᠯ ᠡᠬᠢᠯᠡᠬᠦ ᠦᠬᠡ᠂ ᠰᠡᠳᠬᠦᠯ | ᠡᠷᠬᠢᠯᠡᠬᠦ ᠦᠬᠡ ᠵᠢᠴᠢ ᠪᠤᠯᠤᠩ ᠡᠬᠢᠯᠡᠭᠦ ᠦᠬᠡ ᠬᠡᠬᠦ ᠮᠡᠳᠦ ᠶᠢᠨ ᠮᠡᠳᠡᠭᠡ ᠵᠠᠩᠬᠢ ᠢᠯᠡᠷᠡᠳᠡᠭ ᠪᠤᠯᠬᠤᠷ ᠦᠨᠡᠨ | ᠪᠤᠳᠠᠳᠤ ᠲᠡᠦᠬᠡ ᠶᠢᠨ ᠮᠠᠲᠧᠷᠢᠶᠠᠯ ᠪᠤᠶᠤ ᠬᠡᠷᠡᠴᠢ ᠪᠠᠷᠢᠮᠳᠠ ᠶᠢᠨ ᠴᠢᠨᠠᠷᠳᠠᠢ ᠬᠠᠶᠢᠨ ᠰᠤᠳᠤᠯᠬᠤ ᠦᠨ᠎ᠡ ᠦᠷᠳᠡᠭ ᠢ | ᠪᠤᠢ ᠪᠤᠯᠭᠠᠳᠠᠭ᠃ ᠰᠡᠳᠬᠦᠯ ᠤᠨ ᠤᠤᠭᠠᠨ ᠳ᠋ᠤᠭᠠᠷ ᠨᠢ ᠴᠠᠭ ᠦᠶᠡᠴᠢ ᠰᠢᠨᠵᠢ᠂ ᠵᠢᠭᠠᠨ ᠵᠢᠯᠤᠭᠤᠳᠬᠤ ᠰᠢᠨᠵᠢ᠂ | ᠮᠠᠲᠧᠷᠢᠶᠠᠯ ᠤᠨ ᠰᠢᠨᠵᠢ᠂ ᠤᠷᠠᠯᠢᠭ ᠤᠨ ᠰᠢᠨᠵᠢ᠂ ᠲᠤᠷᠠᠰᠤᠨᠢᠷᠬᠠᠯ ᠤᠨ ᠰᠢᠨᠵᠢ᠂ ᠮᠡᠳᠡᠯᠭᠡ ᠶᠢᠨ ᠰᠢᠨᠵᠢ᠂ ᠰᠤᠷᠪᠤᠯᠵᠢ | ᠪᠢᠴᠢᠭ ᠤᠨ ᠰᠢᠨᠵᠢ ᠲᠠᠢ ᠪᠤᠳᠠᠳᠤ ᠵᠦᠢᠯᠡᠰ ᠪᠤᠯᠬᠤᠷ ᠲᠡᠬᠦᠨ ᠢ ᠬᠤᠷᠢᠶᠠᠨ ᠬᠠᠳᠠᠭᠠᠯᠠᠬᠤ ᠨᠢ ᠴᠢᠬᠤᠯᠠ ᠶᠡᠭᠡ | ᠨᠠᠶᠢᠭᠡᠮ ᠤᠨ ᠤᠳᠬ᠎ᠠ ᠦᠢᠯᠡᠳᠦᠯ ᠲᠠᠢ ᠪᠠᠶᠢᠳᠠᠭ ᠶᠤᠮ᠃ | ︽ᠰᠤᠷᠪᠤᠯᠵᠢ ᠪᠢᠴᠢᠭ ᠤᠨ ᠦᠨ᠎ᠠ ᠦᠷᠳᠡᠭ ᠪᠦᠬᠦᠢ ᠮᠤᠩᠭᠤᠯ ᠰᠡᠳᠬᠦᠯ ᠤᠨ ᠤᠤᠭᠠᠨ ᠳ᠋ᠤᠭᠠᠷ ᠨᠢ ᠵᠦᠪᠬᠡᠨ | ᠰᠦᠮ᠎ᠠ ᠮᠦᠽᠧᠢ ᠪᠤᠶᠤ ᠨᠤᠮ ᠤᠨ ᠰᠠᠩ᠂ ᠨᠤᠮ ᠤᠨ ᠬᠦᠮᠦᠷᠭᠡ ᠳᠤ ᠬᠡᠪᠳᠡᠭᠡᠳ ᠯᠡ ᠪᠠᠶᠢᠵᠤ ᠪᠤᠯᠬᠤ ᠦᠬᠡᠢ᠃ | ᠨᠡᠩ ᠴᠢᠬᠤᠯᠠ ᠨᠢ ᠲᠦᠭ ᠲᠦᠮᠡᠨ ᠠᠷᠠᠳ ᠲᠦᠮᠡᠨ ᠲᠠᠢ ᠤᠢᠢᠷᠠᠳᠤᠵᠤ᠂ ᠠᠴᠢᠶᠠᠯᠠᠵᠤ ᠪᠠᠶᠢᠭ᠎ᠠ ᠰᠢᠯᠢᠳᠡᠭ | ᠤᠯᠠᠮᠵᠢᠯᠠᠯᠳᠤ ᠰᠤᠶᠤᠯ ᠢ ᠬᠦᠮᠦᠰ ᠤᠨᠡᠳᠦᠷ ᠲᠤᠳᠤᠮ ᠤᠨ ᠠᠮᠢᠳᠤᠷᠠᠯ ᠳᠤ ᠠᠭᠤᠰᠬᠠᠨ ᠰᠢᠩᠭᠡᠭᠡᠵᠦ᠂ | ᠬᠦᠮᠦᠰ ᠤᠨ ᠤᠶᠤᠨ ᠰᠠᠨᠠᠭᠠᠨ ᠤ ᠡᠯᠧᠮᠧᠨ᠋ᠲ ᠪᠤᠯᠭᠠᠨᠬᠤᠪᠢᠷᠠᠭᠤᠯᠬᠤ ᠭᠡᠷᠡᠭᠳᠡᠢ᠃ ᠪᠢᠳᠡ ᠦᠨ᠎ᠡ ᠴᠠᠨ᠎ᠠ | ᠪᠦᠬᠦᠢ ᠦᠪ ᠰᠤᠶᠤᠯ ᠢᠶᠠᠨ ᠬᠠᠮᠠᠭᠠᠯᠠᠬᠤ ᠭᠡᠷᠡᠭᠳᠠᠢ᠃ ᠬᠡᠷᠪᠡ ᠦᠩᠭᠡᠷᠡᠭᠰᠡᠨ ᠳᠤ ᠪᠢᠳᠠ ᠡᠶᠢᠮᠦᠷᠬᠦᠤ | ᠤᠬᠠᠮᠰᠠᠷ ᠲᠠᠨᠢᠯᠳᠠ ᠦᠬᠡᠢ ᠪᠠᠶᠢᠳᠠᠯ ᠳᠤ ᠡᠳᠡᠭᠡᠷ ᠢ ᠬᠦᠩᠭᠡᠪᠴᠢᠯᠡᠭᠰᠡᠨ ᠪᠤᠯ ᠠᠭᠤᠴᠢᠯᠠᠵᠤ ᠪᠤᠯᠬᠤ ᠶᠤᠮ | ᠭᠡᠪᠡᠴᠤ ᠤᠳᠤᠬᠢ ᠪᠠᠶᠢᠳᠠᠯ ᠳᠤ ᠡᠶᠢᠮᠦᠷᠬᠦ ᠤᠬᠠᠮᠰᠠᠷ ᠲᠠᠨᠢᠯᠳᠠ ᠪᠠᠶᠢᠵᠤ ᠪᠠᠶᠢᠭᠠᠳ ᠡᠭᠦᠨ ᠢ ᠬᠦᠨᠳᠦᠳᠭᠡᠬᠦ ᠦᠬᠡᠢ | ᠶᠤᠮ ᠪᠤᠯ ᠲᠠᠨᠢᠯᠳᠠ ᠶᠢᠨ ᠠᠰᠠᠭᠤᠳᠠᠯ᠂ ᠬᠠᠷᠢᠭᠤᠴᠠᠯᠭ᠎ᠠ ᠶᠢᠨ ᠠᠰᠠᠭᠤᠳᠠᠯ ᠪᠤᠯᠤᠨ᠎ᠠ︾ ᠭᠡᠵᠦ ᠲᠤᠮᠳᠠᠳᠤ ᠤᠯᠤᠰ ᠤᠨ | ᠮᠤᠩᠭᠤᠯ ᠰᠡᠳᠬᠦᠯ ᠰᠤᠳᠤᠯᠬᠤ ᠬᠤᠷᠠᠯ ᠤᠨ ᠲᠠᠷᠤᠭ᠎ᠠ ᠪᠠᠶᠠᠨᠪᠤᠯᠠᠭ ᠭᠤᠸᠠᠢ ᠲᠤᠰ ᠤᠳᠠᠭᠠᠨ ᠤ | ᠦᠵᠡᠰᠭᠦᠯᠡᠩ ᠤᠨᠠᠴᠢ ᠬᠤᠯᠪᠤᠬᠳᠠᠯ ᠤᠨ ᠲᠤᠬᠠᠢ ᠶᠠᠷᠢᠨ᠎ᠠ᠃ | ︽ᠮᠤᠩᠭᠤᠯ ᠤᠨ ᠨᠢᠭᠤᠴᠠ ᠲᠤᠪᠴᠢᠶᠠᠨ︾ ᠰᠤᠷᠪᠤᠯᠵᠢ ᠪᠢᠴᠢᠭ ᠤᠨ ᠬᠦᠷᠢᠶᠠᠯᠠᠩ ᠤᠨ ᠵᠠᠬᠢᠷᠤᠯ | ᠴᠢᠨᠤᠰ ·ᠴᠤᠬᠳᠤᠨᠠᠷᠠᠨ ᠮᠤᠩᠭᠤᠯ ᠰᠡᠳᠬᠦᠯ ᠤᠨ ᠤᠤᠭᠠᠨ ᠳ᠋ᠤᠭᠠᠷ ᠢ ᠴᠤᠬᠯᠠᠭᠤᠯᠤᠬᠰᠠᠨ ᠶᠠᠪᠤᠴᠠ | ᠦᠩᠭᠡᠷᠡᠯᠳᠡ ᠪᠠᠨᠲ᠋ᠠᠨᠢᠯᠴᠠᠭᠤᠯᠬᠤ ᠳᠠᠭᠠᠨ ︽︿ᠲᠦᠮᠡᠨ ᠲᠠᠪᠬᠤᠷ ᠠᠰᠠᠷ ᠲᠡᠭᠰᠢ ᠭᠠᠵᠠᠷ ᠠᠴᠠ ᠪᠤᠰᠤᠨ᠎ᠠ᠂ ᠲᠦᠮᠡᠨ | ᠭᠠᠵᠠᠷ ᠤᠨ ᠠᠶᠠᠨ ᠠᠩᠬᠠᠨ ᠤᠠᠯᠬᠤᠮ ᠠᠴᠠ ᠡᠬᠢᠯᠡᠨ᠎ᠠ﹀ ᠦᠨᠦᠳᠦᠷ ᠤᠨ ᠮᠤᠩᠭᠤᠯ ᠰᠡᠳᠬᠦᠯ ᠤᠳ ᠮᠦᠨ ᠴᠤ | ᠠᠩᠬᠠᠨ ᠤ ᠠᠯᠬᠤᠮ ᠠᠴᠠ ᠡᠬᠢᠯᠡᠭᠰᠡᠨ ᠪᠠᠶᠢᠳᠠᠭ᠂ ᠶᠠᠭ ᠡᠶᠢᠮᠦ ᠠᠴᠠ ᠠᠩᠬᠠᠨ ᠤ ᠳ᠋ᠤᠭᠠᠷ ᠭᠡᠭᠴᠢ ᠮᠠᠰᠢ ᠴᠢᠬᠤᠯᠠ | ᠦᠨ᠎ᠡ ᠦᠷᠳᠡᠭ ᠲᠠᠢ ᠶᠤᠮ᠃ ᠦᠨᠦᠳᠦᠷ ᠪᠢᠳᠠᠮᠤᠩᠭᠤᠯ ᠰᠡᠳᠬᠦᠯ ᠤᠨ ᠤᠤᠭᠠᠨ ᠳ᠋ᠤᠭᠠᠷ ᠤᠨ ᠦᠵᠡᠰᠭᠦᠯᠡᠩ | ᠡᠷᠬᠢᠯᠡᠵᠦ ᠪᠠᠶᠢᠭ᠎ᠠ ᠪᠤᠯ ᠲᠠᠷᠤᠢ ︿ᠤᠭ ᠰᠠᠨᠠᠭ᠎ᠠ ᠪᠠᠨ ᠦᠯᠦᠮᠠᠷᠳᠠᠨ ᠡᠭᠦᠷᠭᠡ ᠬᠠᠷᠢᠭᠤᠴᠠᠯᠭ᠎ᠠ ᠪᠠᠨ ᠪᠠᠳᠤ | ᠴᠡᠭᠡᠵᠢᠯᠡᠵᠦ﹀ ᠪᠠᠶᠢᠭ᠎ᠠ ᠶᠠᠪᠤᠳᠠᠯ ᠪᠤᠯᠤᠨ᠎ᠠ︾ ᠭᠡᠵᠦ ᠤᠴᠢᠷᠯᠠᠨ ᠶᠠᠷᠢᠬᠰᠠᠨᠪᠠᠶᠢᠨᠠ᠃ | ᠲᠤᠰ ᠤᠳᠠᠭᠠᠨ ᠤ ᠦᠵᠡᠰᠭᠦᠯᠡᠩ ᠳᠤ ᠪᠠᠰᠠ ︽ᠮᠤᠩᠭᠤᠯ ᠤᠨ ᠨᠢᠭᠤᠴᠠ ᠲᠤᠪᠴᠢᠶᠠᠨ︾ ᠰᠤᠷᠪᠤᠯᠵᠢ | ᠪᠢᠴᠢᠭ ᠤᠨᠬᠦ᠋ᠷᠢᠶᠠᠯᠠᠩ ᠤᠨ ︽ᠮᠤᠩᠭᠤᠯ ᠰᠤᠳᠤᠯᠤᠯ ᠤᠨ ᠡᠷᠳᠡᠮ ᠰᠢᠨᠵᠢᠯᠡᠭᠡᠨ ᠤ ᠰᠡᠳᠬᠦᠯ ᠤᠨ | ᠮᠠᠲᠧᠷᠢᠶᠠᠯ ᠤᠨ ᠲᠠᠰᠤᠭ︾ ᠤᠨᠨᠡᠭᠡᠭᠡᠯᠳᠡ ᠶᠢᠨ ᠶᠤᠰᠤᠯᠠᠯ ᠢ ᠶᠠᠪᠤᠬᠳᠠᠭᠤᠯᠵᠤ᠂ ᠲᠤᠰ ᠲᠠᠰᠤᠭ ᠲᠤ 10 ᠭᠠᠷᠤᠢ | ᠤᠯᠤᠰ ᠤᠨ 56 ᠲᠦᠷᠦᠯ ᠤᠨ 5000ᠭᠠᠷᠤᠢ ᠮᠤᠩᠭᠤᠯ ᠰᠤᠳᠤᠯᠤᠯ ᠤᠨ ᠡᠷᠳᠡᠮ ᠰᠢᠨᠵᠢᠯᠡᠭᠡᠨ ᠤ ᠰᠡᠳᠬᠦᠯ ᠢ | ᠬᠤᠷᠢᠶᠠᠨ ᠴᠤᠬᠯᠠᠭᠤᠯᠤᠬᠰᠠᠨ ᠪᠠᠶᠢᠨ᠎ᠠ᠃ ᠮᠠᠲᠧᠷᠢᠶᠠᠯ ᠤᠨᠲ᠋ᠠᠰᠤᠭ ᠲᠤ ︽ᠦᠪᠦᠷ ᠮᠤᠩᠭᠤᠯ ᠤᠨ ᠨᠡᠶᠢᠭᠡᠮ ᠤᠨ | ᠰᠢᠨᠵᠢᠯᠡᠬᠦ ᠤᠬᠠᠭᠠᠨ︾᠂ ︽ᠲᠤᠮᠳᠠᠳᠤ ᠤᠯᠤᠰ ᠤᠨ ᠮᠤᠩᠭᠤᠯᠰᠤᠳᠤᠯᠤᠯ︾᠂ ︽ᠮᠤᠩᠭᠤᠯ ᠤᠨ ᠰᠤᠳᠤᠯᠤᠯ︾᠂ | ︽ᠦᠨᠳᠦᠰᠦᠳᠡᠨ ᠤ ᠷᠠᠳᠢᠣ᠋ ᠲᠧᠯᠸᠢᠰ ᠰᠤᠨᠢᠨ ᠮᠡᠳᠡᠭᠡ ᠬᠡᠪᠯᠡᠯ︾ ᠵᠡᠷᠭᠡᠰᠡᠳᠬᠦᠯ ᠤᠨ ᠬᠢᠨ ᠠᠴᠠ ᠡᠷᠳᠡᠮ | ᠰᠢᠨᠵᠢᠯᠡᠭᠡᠨ ᠤ ᠰᠡᠳᠬᠦᠯ ᠢᠶᠠᠨ ᠬᠠᠨᠳᠢᠪᠯᠠᠭᠰᠠᠨ ᠪᠠᠶᠢᠨ᠎ᠠ᠃ | | | | | | | | | | | |