ᠲᠡᠭᠡᠳᠤ ᠶᠢᠨ ᠭᠡᠭᠡᠨ ᠪᠤᠯ ᠼᠠᠩᠶᠠᠩᠵᠠᠮᠰᠤ ᠮᠥᠨ ᠪᠤᠯᠬᠤ ᠶᠢ ᠨᠤᠳᠠᠯᠠᠬᠤ ᠶᠢᠨ ᠤᠴᠢᠷ
ᠨᠡᠶᠢᠲᠡᠯᠡᠭᠰᠡᠨ ᠴᠠᠭ᠄
2018-09-14
      — ︽ᠼᠠᠩᠶᠠᠩᠵᠠᠮᠰᠤ ᠶᠢᠨ ᠨᠠᠮᠳᠠᠷ︾ ᠤᠨ ᠡᠷᠳᠡᠮ ᠰᠢᠨᠵᠢᠯᠡᠬᠡᠨ ᠤ ᠬᠤᠷᠠᠯ ᠲᠠᠢ ᠬᠤᠯᠪᠤᠬᠳᠠᠭᠤᠯᠤᠬᠰᠠᠨ ᠰᠤᠷᠪᠤᠯᠵᠢᠯᠠᠭ᠎ᠠ              ᠠᠯᠠᠱᠠ ᠨᠤᠳᠤᠭ ᠪᠤᠯ ᠢᠷᠠᠭᠤ ᠪᠠᠶᠠᠯᠢᠭ ᠰᠤᠶᠤᠯ ᠤᠯᠠᠮᠵᠢᠯᠠᠯ ᠲᠠᠢ᠂ ᠥᠯᠢᠬᠡᠷ ᠲᠤᠤᠯᠢ᠂ ᠬᠠᠭᠤᠴᠢ ᠲᠡᠤᠬᠡ ᠶᠡᠬᠡᠳᠠᠢ ᠭᠠᠵᠠᠷ ᠣᠰᠣᠨ ᠪᠢᠯᠡ︕ ᠡᠨᠡ ᠨᠤᠳᠤᠭ ᠲᠤ ᠵᠢᠷᠭᠤᠳᠤᠭᠠᠷ ᠲᠥᠷᠢ ᠶᠢᠨ ᠲᠠᠯᠠᠢ ᠯᠠᠮᠠ᠂ ᠠᠯᠳᠠᠷᠳᠤ ᠢᠷᠠᠭᠤ ᠨᠠᠶᠢᠷᠠᠭᠴᠢ ᠼᠠᠩᠶᠠᠩᠵᠠᠮᠰᠤ ᠰᠠᠭᠠᠳᠠᠨ ᠡᠷᠳᠡᠮ ᠨᠤᠮ ᠢ ᠲᠠᠯᠠᠢ ᠶᠡᠭᠡ ᠲᠡᠯᠬᠡᠵᠤ ᠪᠠᠶᠢᠭᠰᠠᠨ ᠲᠡᠤᠬᠡ ᠲᠠᠢ᠃ ᠡᠶᠢᠨᠬᠦ ᠲᠡᠭᠡᠳᠦ ᠶᠢᠨ ᠬᠡᠭᠡᠨ ᠤ ᠱᠠᠰᠢᠨ ᠲᠡᠯᠭᠡᠭᠰᠡᠨ ᠦᠨᠡᠨ ᠪᠤᠳᠠᠳᠤ ᠦᠢᠯᠡ ᠠᠵᠢᠯᠯᠠᠭ᠎ᠠ ᠬᠢᠭᠡᠳ ᠦᠯᠢᠭᠡᠷ ᠲᠤᠮᠤᠬ ᠨᠢ ᠬᠤᠶᠢᠴᠢ ᠥᠶ᠎ᠡ ᠶᠢᠨ ᠬᠥᠮᠤᠰ ᠤᠨ ᠠᠩᠬᠠᠷᠣᠯ ᠰᠣᠨᠢᠷᠬᠠᠯ ᠢ ᠶᠡᠭᠡᠳᠡ ᠳᠠᠳᠠᠵᠣ᠂ ᠨᠡᠩ ᠴᠦ ᠰᠣᠳᠣᠯᠭᠠᠳᠠᠳ ᠲᠤ ᠲᠡᠤᠬᠡᠨ ᠬᠥᠮᠤᠨ ᠼᠠᠩᠶᠠᠩᠵᠠᠮᠰᠤ ᠶᠢᠨ ᠤᠯᠠ ᠮᠥᠷ ᠪᠠ ᠲᠡᠤᠬᠡ ᠨᠠᠮᠳᠠᠷ ᠢ ᠬᠠᠶᠢᠨ ᠰᠤᠳᠤᠯᠬᠤ ᠡᠷᠳᠡᠮ ᠰᠢᠨᠵᠢᠯᠡᠬᠡᠨ ᠤ ᠤᠷᠤᠨ ᠵᠠᠢ ᠶᠢ ᠥᠯᠡᠳᠡᠬᠡᠵᠤ ᠥᠭᠭᠦᠭᠰᠡᠨ ᠪᠠᠶᠢᠨ᠎ᠠ᠃            ᠳᠦᠷᠦᠬᠦᠭᠡᠨ᠂ ᠠᠩᠬᠠᠳᠠᠭᠴᠢ ᠬᠤᠭᠤᠴᠠᠭᠠᠨ ᠤ ︽ᠼᠠᠩᠶᠠᠩᠵᠠᠮᠰᠤ ᠶᠢᠨ ᠨᠠᠮᠳᠠᠷ︾ ᠤᠨ ᠡᠷᠳᠡᠮ ᠰᠢᠨᠵᠢᠯᠡᠬᠡᠨ ᠤ ᠰᠠᠭᠤᠳᠠᠯ ᠤᠨ ᠬᠤᠷᠠᠯ ᠪᠠᠶᠠᠨᠬᠤᠳᠠ ᠳᠤ ᠠᠮᠵᠢᠯᠳᠠ ᠲᠠᠢ ᠬᠤᠷᠠᠯᠳᠤᠵᠤ᠂ ᠬᠤᠷᠠᠯ ᠢ ᠠᠯᠠᠱᠠ ᠵᠡᠭᠦᠨ ᠬᠤᠰᠢᠭᠤᠨ ᠤ ᠤᠯᠤᠰ ᠲᠥᠷᠤ ᠶᠢᠨ ᠵᠥᠪᠯᠡᠯᠬᠡᠨ ᠭᠤᠤᠯᠯᠠᠨ ᠡᠷᠬᠢᠯᠡᠵᠤ᠂ ᠠᠯᠠᠱᠠ ᠵᠡᠭᠦᠨ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ ᠲᠠᠭᠠᠭᠠᠴᠢᠯᠠᠨ ᠡᠷᠬᠢᠯᠡᠪᠡ᠃ ᠭᠠᠨᠰᠤ ᠮᠤᠵᠢ᠂ ᠬᠥᠬᠡᠨᠠᠭᠤᠷ ᠮᠤᠵᠢ᠂ ᠭᠤᠸᠠᠩᠳᠥ᠋ᠩ ᠮᠤᠵᠢ ᠪᠠ ᠲᠥᠪᠡᠳ ᠤᠨ ᠥᠪᠡᠷᠳᠡᠬᠡᠨ ᠵᠠᠰᠠᠬᠤ ᠤᠷᠤᠨ ᠵᠡᠷᠬᠡ ᠡᠯ᠎ᠡ ᠮᠤᠵᠢ ᠤᠷᠤᠨ ᠤ ᠲᠡᠤᠬᠡ ᠰᠤᠶᠤᠯ ᠤᠨ ᠰᠤᠳᠤᠯᠭᠠᠨ ᠤ ᠡᠷᠳᠡᠮᠳᠡᠨ ᠰᠤᠳᠤᠯᠭᠠᠳᠠᠨ ᠵᠢᠴᠢ ᠠᠯᠠᠱᠠ ᠠᠶᠢᠮᠠᠭ ᠤᠨ ᠲᠡᠤᠬᠡ ᠰᠤᠳᠤᠯᠤᠯ ᠤᠨ ᠬᠢᠨ ᠬᠤᠷᠠᠯ ᠳᠤ ᠤᠷᠤᠯᠴᠠᠭᠰᠠᠨ ᠶᠤᠮ᠃ ᠬᠤᠷᠠᠯ ᠲᠡᠬᠡᠷ᠎ᠡ᠂ ᠡᠷᠳᠡᠮᠳᠡᠨ ᠰᠤᠳᠤᠯᠭᠠᠳᠠᠳ ᠠᠴᠠ ︽ᠲᠡᠤᠬᠡ ᠶᠢ ᠬᠥᠨᠳᠤᠳᠬᠡᠨ᠂ ᠥᠨᠡᠡ ᠢ ᠡᠷᠬᠢᠮᠯᠡᠭᠦ︾ ᠵᠠᠷᠴᠢᠮ ᠢᠶᠠᠷ ᠲᠡᠤᠬᠡ ᠰᠤᠶᠤᠯ ᠤᠨ ᠰᠣᠳᠣᠯᠭᠠᠳᠠᠳ ᠼᠠᠩᠶᠠᠩᠵᠠᠮᠰᠤ ᠶᠢᠨ ᠨᠠᠮᠳᠠᠷ᠂ ᠱᠠᠰᠢᠨ ᠤ ᠤᠨᠤᠯ᠂ ᠰᠢᠯᠥᠭ ᠵᠤᠬᠢᠶᠠᠯ ᠵᠡᠷᠬᠡ ᠲᠠᠯ᠎ᠠ ᠪᠠᠷ ᠥᠷᠬᠡᠨ ᠬᠡᠪᠴᠢᠶ᠎ᠡ ᠲᠠᠢ ᠰᠤᠳᠤᠯᠤᠨ ᠶᠠᠷᠢᠯᠴᠠᠭᠰᠠᠨ ᠪᠢᠯᠡ᠃      ᠵᠢᠷᠭᠤᠳᠤᠭᠠᠷ ᠲᠥᠷᠢ ᠶᠢᠨ ᠲᠠᠯᠠᠢ ᠯᠠᠮᠠ ᠼᠠᠩᠶᠠᠩᠵᠠᠮᠰᠤ ᠪᠤᠯ ᠲᠥᠪᠡᠳ ᠥᠨᠳᠤᠰᠤᠳᠡᠨ ᠤ ᠠᠯᠳᠠᠷᠳᠤ ᠢᠷᠠᠭᠤ ᠨᠠᠶᠢᠷᠠᠭᠴᠢ ᠪᠤᠯᠤᠨ᠎ᠡ᠃ ᠲᠠᠷᠡ ᠠᠷᠪᠠᠨ ᠲᠠᠪᠤᠨ ᠨᠠᠰᠤ ᠲᠠᠢ ᠲᠠᠯᠠᠢ ᠯᠠᠮᠠ ᠪᠠᠷ ᠲᠤᠳᠤᠯᠠᠭᠳᠠᠵᠤ᠂ ᠪᠤᠳᠠᠯᠠ ᠤᠷᠳᠤᠨ ᠳᠤ ᠵᠠᠯᠠᠭᠳᠠᠨ᠂ ᠬᠤᠷᠢᠨ ᠲᠥᠷᠪᠡᠨ ᠨᠠᠰᠤ ᠲᠠᠢ ᠲᠥᠪᠡᠳ ᠤᠨ ᠲᠡᠬᠡᠳᠤ ᠲᠠᠪᠬᠤᠷᠭᠠᠳᠠᠨ ᠤ ᠬᠢᠮᠤᠷᠠᠯᠳᠤᠭᠠᠨ ᠲᠤᠮᠳᠠ ᠪᠡᠬᠡᠵᠢᠩ ᠳᠤ ᠬᠥᠷᠬᠡᠭᠳᠡᠭᠦ ᠵᠠᠮ ᠳᠠᠭᠠᠨ ᠶᠠᠭᠠᠬᠢᠭᠰᠠᠨ ᠨᠢ ᠲᠤᠳᠤ ᠪᠤᠰᠤ ᠪᠤᠯᠤᠭᠰᠠᠨ ᠬᠡᠵᠤ ᠪᠢᠴᠢᠭ ᠮᠠᠲ᠋ᠧᠷᠢᠶᠠᠯ ᠳᠤ ᠲᠡᠮᠳᠡᠭᠯᠡᠵᠤ ᠪᠤᠢ᠃ ᠡᠶᠢᠨᠬᠦ ᠼᠠᠩᠶᠠᠩᠵᠠᠮᠰᠤ ᠶᠢᠨ ᠲᠤᠤᠷᠠᠳᠤ ᠬᠠᠭᠠᠰ ᠨᠠᠰᠤᠨ ᠤ ᠲᠤᠬᠠᠢ ᠡᠷᠳᠡᠮ ᠰᠢᠨᠵᠢᠯᠡᠬᠡᠨ ᠤ ᠬᠥᠷᠢᠶᠡᠨ᠎ᠡ ᠠᠳᠠᠯᠢ ᠪᠤᠰᠤ ᠪᠠᠷ ᠬᠡᠯᠡᠯᠴᠡᠳᠡᠭ ᠪᠤᠯᠪᠠᠴᠤ ᠬᠥᠬᠡᠨᠠᠭᠤᠷ ᠲᠤ ᠬᠥᠩᠭ᠎ᠠ ᠨᠠᠭᠤᠷ ᠤᠨ ᠬᠥᠪᠡᠬᠡᠨ ᠳᠤ ᠬᠤᠷᠢᠨ ᠲᠠᠪᠤᠨ ᠨᠠᠰᠤ ᠲᠠᠢ ᠲᠠᠭᠠᠯᠠᠯ ᠲᠡᠭᠦᠰᠪᠡ ᠬᠡᠳᠡᠭ ᠪᠠ ᠵᠢᠷᠠᠨ ᠲᠥᠷᠪᠡᠨ ᠨᠠᠰᠤᠨ ᠰᠡᠭᠦᠳᠡᠷ ᠬᠥᠷᠳᠡᠯ᠎ᠡ ᠠᠮᠢᠳᠤᠷᠠᠵᠤ ᠪᠠᠶᠢᠭᠠᠳ ᠠᠯᠠᠱᠠ ᠳᠤ ᠲᠠᠭᠠᠯᠠᠯ ᠲᠡᠭᠦᠰᠪᠡ ᠬᠡᠳᠡᠭ ᠬᠤᠶᠠᠷ ᠵᠥᠢᠯ ᠤᠨ ᠬᠡᠯᠡᠯᠬᠡ ᠨᠢ ᠥᠷᠬᠡᠨ ᠤᠯᠠᠨ ᠡᠷᠳᠡᠮᠳᠡᠨ ᠮᠡᠷᠬᠡᠳ ᠤᠨ ᠠᠩᠬᠠᠷᠤᠯ ᠢ ᠲᠠᠳᠠᠭᠰᠠᠭᠠᠷ ᠢᠷᠡᠭᠰᠡᠨ ᠪᠠᠶᠢᠨ᠎ᠠ᠃      ᠵᠢᠷᠭᠤᠳᠤᠭᠠᠷ ᠲᠥᠷᠢ ᠶᠢᠨ ᠲᠠᠯᠠᠢ ᠯᠠᠮᠠ ᠼᠠᠩᠶᠠᠩᠵᠠᠮᠰᠤ ᠠᠯᠠᠱᠠ ᠨᠤᠳᠤᠭ ᠲᠤ ᠰᠠᠭᠠᠳᠠᠵᠤ᠂ ᠱᠠᠰᠢᠨ ᠲᠡᠯᠬᠡᠭᠰᠡᠨ ᠥᠢᠯᠠ ᠶᠠᠪᠤᠳᠠᠯ ᠨᠢ ᠠᠯᠠᠱᠠ ᠨᠤᠳᠤᠭ ᠲᠤ ᠢᠷᠠᠭᠤ ᠪᠠᠶᠠᠯᠢᠭ ᠰᠤᠶᠤᠯ ᠤᠯᠠᠮᠵᠢᠯᠠᠯ᠂ ᠥᠯᠢᠬᠡᠷ ᠲᠡᠤᠬᠡ ᠪᠠ ᠱᠠᠰᠢᠨ ᠤ ᠲᠡᠤᠬᠡ ᠰᠤᠶᠤᠯ ᠢ ᠥᠯᠡᠳᠡᠬᠡᠵᠤ ᠥᠭᠭᠦᠭᠰᠡᠨ ᠪᠢᠯᠡ᠃ ᠡᠨᠡᠭᠦ ᠭᠤᠷᠪᠠᠨ ᠵᠠᠭᠤ ᠭᠠᠷᠤᠢ ᠵᠢᠯ ᠤᠨ ᠲᠤᠷᠰᠢ ᠥᠪᠯᠡᠨ ᠬᠤᠷᠠᠮᠳᠤᠭᠤᠯᠤᠭᠰᠠᠨ ᠬᠥᠨ ᠵᠤᠵᠠᠭᠠᠨ ᠱᠠᠰᠢᠨ ᠤ ᠰᠤᠶᠤᠯ᠂ ᠰᠥᠮ᠎ᠡ ᠬᠡᠶᠢᠳ ᠵᠢᠴᠢ ᠲᠡᠤᠬᠡᠨ ᠪᠤᠳᠠᠰ ᠡᠳᠤᠬᠡ ᠪᠤᠯᠳᠠᠯ᠎ᠠ ᠪᠥᠷᠢᠨ ᠪᠥᠳᠤᠨ ᠬᠠᠳᠠᠭᠠᠯᠠᠭᠳᠠᠭᠰᠠᠭᠠᠷ ᠪᠠᠶᠢᠳᠠᠭ᠃ ᠬᠡᠳᠡᠯ᠎ᠡ ᠡᠷᠳᠡᠮ ᠰᠢᠨᠵᠢᠯᠡᠬᠡᠨ ᠤ ᠬᠥᠷᠢᠶᠡᠨ᠎ᠡ ᠵᠢᠷᠭᠤᠳᠤᠭᠠᠷ ᠲᠥᠷᠢ ᠶᠢᠨ ᠲᠠᠯᠠᠢ ᠯᠠᠮᠠ ᠼᠠᠩᠶᠠᠩᠵᠠᠮᠰᠤ ᠠᠯᠠᠱᠠ ᠨᠤᠳᠤᠭ ᠲᠤ ᠰᠥᠮ᠎ᠡ ᠬᠡᠶᠢᠳ ᠪᠠᠶᠢᠭᠤᠯᠤᠨ ᠱᠠᠰᠢᠨ ᠲᠡᠯᠬᠡᠵᠤ ᠪᠠᠶᠢᠭᠠᠳ ᠵᠢᠷᠠᠨ ᠲᠥᠷᠪᠡᠨ ᠨᠠᠰᠤ ᠲᠠᠢ ᠲᠠᠭᠠᠯᠠᠯ ᠲᠡᠭᠦᠰᠪᠡ ᠬᠡᠳᠡᠭ ᠬᠡᠯᠡᠯᠬᠡ ᠳᠤ ᠰᠣᠳᠣᠯᠭᠠᠳᠠᠳ ᠥᠪᠡᠷ ᠥᠪᠡᠷ ᠤᠨ ᠥᠵᠡᠯᠳᠡ ᠪᠠᠨ ᠪᠠᠷᠢᠮᠳᠠᠯᠠᠵᠤ᠂ ᠣᠳᠣ ᠪᠣᠯᠳᠠᠯ᠎ᠠ ᠰᠠᠨᠠᠯ ᠨᠢᠬᠡᠳᠴᠤ ᠴᠢᠳᠠᠭᠠᠳᠤᠢ ᠪᠠᠶᠢᠭᠰᠠᠭᠠᠷ᠃ ᠲᠠᠷᠤᠢ ᠠᠯᠠᠱᠠ ᠳᠤ ᠱᠠᠵᠢᠨ ᠨᠤᠮ ᠲᠡᠯᠭᠡᠵᠤ ᠪᠠᠶᠢᠬᠰᠠᠨ ᠲᠡᠭᠡᠳᠤ ᠶᠢᠨ ᠭᠡᠭᠡᠨ ᠪᠤᠯ ᠼᠠᠩᠶᠠᠩᠵᠠᠮᠰᠤ ᠮᠥᠨ ᠪᠤᠯᠬᠤ ᠶᠢ ᠰᠠᠨᠠᠯ ᠨᠢᠭᠡᠳᠡᠢ ᠨᠤᠳᠠᠯᠠᠭ᠎ᠠ ᠥᠭᠡᠢ ᠪᠠᠶᠢᠬᠰᠠᠭᠠᠷ ᠶᠤᠮ᠃ ᠡᠶᠢᠨᠬᠦ ᠲᠤᠰ ᠤᠳᠠᠭᠠᠨ ᠤ ︽ᠼᠠᠩᠶᠠᠩᠵᠠᠮᠰᠤ ᠶᠢᠨ ᠨᠠᠮᠳᠠᠷ︾ ᠤᠨ ᠡᠷᠳᠡᠮ ᠰᠢᠨᠵᠢᠯᠡᠬᠡᠨ ᠤ ᠰᠠᠭᠤᠳᠠᠯ ᠤᠨ ᠬᠤᠷᠠᠯ ᠨᠢ ᠠᠯᠠᠱᠠ ᠬᠤᠰᠢᠭᠤᠨ ᠤ ᠢᠵᠠᠭᠤᠷᠳᠠᠨ ᠤ ᠬᠡᠷ ᠪᠥᠯᠢ ᠳᠤ ᠲᠥᠷᠤᠵᠤ ᠥᠰᠥᠭᠰᠡᠨ ᠯᠠᠮᠠᠳᠠᠨ ᠠᠭᠸᠠᠩᠯᠾᠥ᠋ᠨᠳᠥ᠋ᠪᠳᠡᠷᠵᠢ ︵ᠠᠭᠸᠠᠩᠳᠤᠷᠵᠢ︶  ᠶᠢᠨ 1757 ᠤᠨ ᠳᠤ ᠪᠢᠴᠢᠵᠤ ᠲᠠᠭᠤᠰᠬᠠᠭᠰᠠᠨ ︽ᠼᠠᠩᠶᠠᠩᠵᠠᠮᠰᠤ ᠶᠢᠨ ᠨᠠᠮᠳᠠᠷ︾ ᠪᠤᠯᠤᠨ ︽ᠵᠢᠷᠭᠤᠳᠤᠭᠠᠷ ᠲᠥᠷᠢ ᠶᠢᠨ ᠲᠠᠯᠠᠢ ᠯᠠᠮᠠ ᠶᠢᠨ ᠨᠢᠭᠤᠴᠠ ᠨᠠᠮᠳᠠᠷ︾ ︵ᠬᠢᠳᠠᠳ ᠬᠡᠪᠯᠡᠯ︶ ᠬᠡᠭᠦ ᠬᠤᠶᠠᠷ ᠲᠡᠪᠳᠡᠷ ᠨᠤᠮ ᠢᠶᠠᠷ ᠪᠠᠷᠢᠮᠳᠠ ᠪᠤᠯᠭᠠᠵᠤ᠂ ᠠᠯᠠᠱᠠ ᠪᠤᠯ ᠵᠢᠷᠭᠤᠳᠤᠭᠠᠷ ᠲᠥᠷᠢ ᠶᠢᠨ ᠲᠠᠯᠠᠢ ᠯᠠᠮᠠ ᠼᠠᠩᠶᠠᠩᠵᠠᠮᠰᠤ ᠶᠢᠨ ᠰᠥᠮ᠎ᠡ ᠬᠡᠶᠢᠳ ᠪᠠᠶᠢᠭᠤᠯᠤᠨ ᠱᠠᠰᠢᠨ ᠲᠡᠯᠬᠡᠵᠤ ᠪᠠᠶᠢᠭᠰᠠᠨ ᠭᠠᠵᠠᠷ ᠪᠤᠯᠬᠤ ᠪᠠᠷ ᠪᠠᠷᠠᠬᠤ ᠥᠬᠡᠢ ᠲᠡᠭᠦᠨ ᠤ ᠱᠠᠷᠢᠯ ᠢ ᠪᠥᠳᠤᠨ ᠢᠶᠠᠷ ᠨᠢ ᠰᠤᠪᠤᠷᠭᠠᠯᠠᠨ ᠰᠢᠳᠤᠵᠤ ᠪᠠᠶᠢᠭᠰᠠᠨ ᠭᠠᠵᠠᠷ ᠪᠤᠯᠤᠨ᠎ᠡ ᠬᠡᠳᠡᠭ ᠢ ᠰᠤᠳᠤᠯᠤᠨ ᠨᠤᠳᠠᠯᠠᠵᠤ᠂ ᠡᠷᠳᠡᠮ ᠰᠢᠨᠵᠢᠯᠡᠬᠡᠨ ᠤ ᠬᠦᠷᠢᠶᠡᠨ ᠳᠤ ᠳ᠋ᠥᠩᠨᠡᠯᠳᠡ ᠶᠢᠨ ᠴᠢᠨᠠᠷᠳᠠᠢ ᠰᠤᠳᠤᠯᠭᠠᠨ ᠤ ᠥᠷ᠎ᠠ ᠪᠥᠳᠤᠮᠵᠢ ᠭᠠᠷᠭᠠᠬᠤ ᠵᠤᠷᠢᠯᠭ᠎ᠠ ᠪᠠᠷ ᠶᠠᠪᠤᠭᠳᠠᠭᠰᠠᠨ ᠪᠥᠬᠡᠳ ᠡᠷᠳᠡᠮᠳᠡᠨ ᠮᠡᠷᠬᠡᠳ ᠠᠴᠠ ᠡᠭᠦᠨ ᠢ ᠨᠤᠳᠠᠯᠠᠬᠤ ᠶᠢᠨ ᠲᠥᠯᠤᠬᠡ ᠼᠠᠩᠶᠠᠩᠵᠠᠮᠰᠤ ᠶᠢᠨ ᠤᠯᠠᠮᠵᠢᠯᠠᠯ ᠶᠠᠷᠢᠶ᠎ᠠ᠂ ᠲᠡᠤᠬᠡ ᠵᠤᠬᠢᠶᠠᠯ᠂ ᠥᠯᠢᠬᠡᠷ ᠲᠤᠮᠤᠭ᠂ ᠲᠡᠤᠬᠡᠨ ᠪᠤᠳᠠᠰ ᠵᠡᠷᠬᠡ ᠪᠠᠷ ᠲᠤᠰ ᠲᠤᠰ ᠤᠨ ᠥᠵᠡᠯᠳᠡ ᠪᠠᠨ ᠨᠤᠳᠠᠯᠠᠭᠰᠠᠨ ᠪᠠᠶᠢᠨ᠎ᠠ᠃            ᠬᠤᠷᠠᠯ ᠲᠡᠬᠡᠷ᠎ᠡ᠂ ᠥᠪᠤᠷ ᠮᠤᠩᠭᠤᠯ ᠤᠨ ᠥᠪᠡᠷᠳᠡᠬᠡᠨ ᠵᠠᠰᠠᠬᠤ ᠤᠷᠤᠨ ᠤ ᠰᠤᠶᠤᠯ ᠲᠡᠤᠬᠡ ᠰᠤᠳᠤᠯᠬᠤ ᠤᠷᠳᠤᠨ ᠤ ᠰᠤᠳᠤᠯᠤᠭᠴᠢ G · ᠴᠤᠭᠳᠤ ᠶᠢᠨ ᠨᠤᠳᠠᠯᠠᠭᠰᠠᠨ ᠢᠶᠠᠷ᠂ ᠵᠢᠷᠭᠤᠳᠤᠭᠠᠷ ᠲᠥᠷᠢ ᠶᠢᠨ ᠲᠠᠯᠠᠢ ᠯᠠᠮᠠ ᠼᠠᠩᠶᠠᠩᠵᠠᠮᠰᠤ ᠶᠢᠨ ᠨᠢᠬᠡ ᠨᠠᠰᠤᠨ ᠤ ᠥᠩᠬᠡᠷᠡᠯᠳᠡ ᠶᠢᠨ ᠲᠤᠬᠠᠢ ᠡᠷᠳᠡᠮ ᠰᠢᠨᠵᠢᠯᠡᠬᠡᠨ ᠤ ᠬᠥᠷᠢᠶᠡᠨ᠎ᠡ ᠠᠳᠠᠯᠢ ᠪᠤᠰᠤ ᠥᠵᠡᠯᠳᠡ ᠲᠠᠢ ᠪᠠᠶᠢᠳᠠᠭ᠃ ᠬᠡᠪᠡᠴᠤ ︽ᠲᠡᠬᠡᠳᠤ ᠶᠢᠨ ᠬᠡᠬᠡᠨ ᠲᠠᠨ᠎ᠠ ᠰᠢᠷ᠎ᠠ ᠲᠡᠤᠬᠡ ᠴᠠᠳᠢᠬ ᠲᠡᠪᠳᠡᠷ︾᠂ ᠠᠭᠸᠠᠩᠯᠾᠥ᠋ᠨᠳᠥ᠋ᠪᠳᠡᠷᠵᠢ ᠶᠢᠨ ᠪᠢᠴᠢᠭᠰᠡᠨ ︽ᠼᠠᠩᠶᠠᠩᠵᠠᠮᠰᠤ ᠶᠢᠨ ᠨᠠᠮᠳᠠᠷ︾ ᠪᠤᠯᠤᠨ ︽ᠵᠢᠷᠭᠤᠳᠤᠭᠠᠷ ᠲᠥᠷᠢ ᠶᠢᠨ ᠲᠠᠯᠠᠢ ᠯᠠᠮᠠ ᠶᠢᠨ ᠨᠢᠭᠤᠴᠠ ᠨᠠᠮᠳᠠᠷ︾ ᠬᠡᠭᠦ ᠬᠤᠶᠠᠷ ᠨᠤᠮ ᠳᠤ ᠼᠠᠩᠶᠠᠩᠵᠠᠮᠰᠤ ᠶᠢᠨ ᠨᠠᠮᠳᠠᠷ ᠢ ᠪᠥᠷᠢᠨ ᠲᠡᠮᠳᠡᠭᠯᠡᠵᠤ ᠪᠤᠢ᠃ ᠡᠳᠡᠬᠡᠷ ᠪᠢᠴᠢᠭ ᠮᠠᠲ᠋ᠧᠷᠢᠶᠠᠯ ᠳᠤ ᠼᠠᠩᠶᠠᠩᠵᠠᠮᠰᠤ ᠠᠯᠠᠱᠠ ᠳᠤ ᠭᠤᠴᠢᠨ ᠵᠢᠯ ᠱᠠᠰᠢᠨ ᠲᠡᠯᠬᠡᠵᠤ ᠪᠠᠶᠢᠭᠠᠳ 1746 ᠤᠨ ᠳᠤ ᠤᠳᠤ ᠶᠢᠨ ᠠᠯᠠᠱᠠ ᠵᠡᠭᠦᠨ ᠬᠤᠰᠢᠭᠤᠨ ᠤ ᠴᠤᠭᠲᠤᠬᠦ᠋ᠷᠢᠶ᠎ᠡ ᠶᠢᠨ ᠮᠤᠨᠵᠢᠯᠠᠩ ᠬᠡᠶᠢᠳ ᠳᠤ ᠲᠠᠭᠠᠯᠠᠯ ᠲᠡᠭᠦᠰᠥᠭᠰᠡᠨ ᠪᠥᠭᠦ᠋ᠢᠯᠡ ᠶᠠᠪᠤᠴᠠ ᠶᠢ ᠲᠡᠮᠳᠡᠭᠯᠡᠭᠰᠡᠨ ᠪᠠᠶᠢᠨ᠎ᠠ᠃ ᠡᠭᠦᠨᠴᠢᠯᠡᠨ 1757 ᠤᠨ ᠳᠤ ᠱᠠᠰᠢᠨ ᠢ ᠪᠠᠳᠠᠷᠠᠭᠤᠯᠤᠭᠴᠢ ᠰᠥᠮ᠎ᠡ ᠳᠤ ᠠᠩᠬ᠎ᠠ ᠬᠡᠪᠯᠡᠭᠳᠡᠭᠰᠡᠨ ᠠᠭᠸᠠᠩᠯᠾᠥ᠋ᠨᠳᠥ᠋ᠪᠳᠡᠷᠵᠢ ᠶᠢᠨ ᠪᠢᠴᠢᠭᠰᠡᠨ ︽ᠲᠡᠭᠷᠢ ᠶᠢᠨ ᠶᠠᠳᠤᠭ᠎ᠠ ᠶᠢᠨ ᠡᠬᠡᠰᠢᠭ︾ ᠬᠡᠮᠡᠭᠦ ᠼᠠᠩᠶᠠᠩᠵᠠᠮᠰᠤ ᠶᠢᠨ ᠨᠠᠮᠳᠠᠷ᠂ ᠯᠤᠪᠰᠠᠩᠳᠥ᠋ᠪᠳᠡᠨᠵᠠᠮᠼᠤ ᠶᠢᠨ ᠪᠢᠴᠢᠭᠰᠡᠨ ︽ᠲᠡᠬᠡᠳᠤ ᠶᠢᠨ ᠬᠡᠬᠡᠨᠳᠡᠨ ᠤ ᠨᠠᠮᠳᠠᠷ ᠤᠨ ᠵᠠᠯᠪᠠᠷᠢᠯ ᠰᠢᠯᠥᠭᠯᠡᠯ ᠠᠳᠢᠰᠳᠢᠳ ᠪᠥᠭᠦᠨ ᠭᠠᠷᠬᠤᠢ ᠬᠡᠮᠡᠭᠳᠡᠭᠦ ᠤᠷᠤᠰᠢᠪᠠᠢ︾ ᠨᠤᠮ᠂ ᠪᠠᠶᠠᠰᠬᠤᠯᠠᠩ ᠤᠨ ᠪᠢᠴᠢᠭᠰᠡᠨ ︽ᠵᠢᠷᠭᠤᠳᠤᠭᠠᠷ ᠲᠥᠷᠢ ᠶᠢᠨ ᠲᠠᠯᠠᠢ ᠯᠠᠮᠠ ᠼᠠᠩᠶᠠᠩᠵᠠᠮᠰᠤ ᠶᠢᠨ ᠠᠯᠠᠱᠠ ᠳᠤᠷ ᠮᠤᠷᠢᠯᠠᠨ ᠢᠷᠡᠭᠰᠡᠨ ᠴᠠᠳᠢᠭ ᠤᠷᠤᠰᠢᠪᠠᠢ︾ ᠨᠤᠮ ᠵᠡᠷᠬᠡ ᠴᠢᠬᠤᠯᠠ ᠲᠡᠤᠬᠡᠨ ᠪᠢᠴᠢᠭ ᠮᠠᠲ᠋ᠧᠷᠢᠶᠠᠯ ᠪᠠᠶᠢᠭ᠎ᠠ ᠤᠴᠢᠷ ᠠᠴᠠ ᠵᠢᠷᠭᠤᠳᠤᠭᠠᠷ ᠲᠥᠷᠢ ᠶᠢᠨ ᠲᠠᠯᠠᠢ ᠯᠠᠮᠠ ᠼᠠᠩᠶᠠᠩᠵᠠᠮᠰᠤ ᠲᠤᠤᠷᠠᠳᠤ ᠬᠠᠭᠠᠰ ᠨᠠᠰᠤ ᠪᠠᠨ ᠠᠯᠠᠱᠠ ᠳᠤ ᠥᠩᠬᠡᠷᠡᠭᠦᠯᠥᠭᠰᠡᠨ ᠬᠡᠳᠡᠭ ᠢ ᠬᠡᠷᠡᠴᠢᠯᠡᠵᠤ ᠪᠤᠯᠤᠨ᠎ᠡ ᠬᠡᠵᠡᠢ᠃             ︽ᠼᠠᠩᠶᠠᠩᠵᠠᠮᠰᠤ ᠶᠢᠨ ᠨᠠᠮᠳᠠᠷ︾ ᠤᠨ ᠰᠤᠳᠤᠯᠭᠠᠨ ᠨᠢ ᠨᠡᠶᠢᠬᠡᠮ ᠤᠨ ᠲᠠᠶᠠᠭᠠᠷ ᠤᠨ ᠠᠩᠬᠠᠷᠤᠯ ᠳᠤ ᠬᠥᠷᠴᠤ᠂ ᠤᠯᠤᠰ ᠤᠨ ᠲᠤᠳᠤᠭᠠᠳᠤ ᠭᠠᠳᠠᠭᠠᠳᠤ ᠶᠢᠨ ᠰᠤᠳᠤᠯᠤᠭᠴᠢᠳ ᠤᠨ ᠰᠤᠳᠤᠯᠭᠠᠨ ᠤ ᠬᠠᠮᠳᠤ ᠶᠢᠨ ᠰᠡᠳᠤᠪ ᠪᠤᠯᠵᠤ ᠪᠠᠶᠢᠭ᠎ᠠ ᠶᠤᠮ ᠪᠠᠶᠢᠨ᠎ᠠ᠃ ᠬᠤᠷᠠᠯ ᠲᠡᠬᠡᠷ᠎ᠡ᠂ ᠲᠥᠪᠡᠳ ᠤᠨ ᠼᠠᠩᠶᠠᠩᠵᠠᠮᠰᠤ ᠶᠢᠨ ᠰᠤᠶᠤᠯ ᠤᠨ ᠰᠤᠳᠤᠯᠭᠠᠨ ᠤ ᠨᠡᠶᠢᠬᠡᠮᠯᠢᠭ ᠤᠨ ᠨᠠᠷᠢᠨ ᠪᠢᠴᠢᠭ ᠤᠨ ᠲᠠᠷᠤᠭ᠎ᠠ ᠴᠡᠷᠡᠨᠶᠠᠩᠼᠤᠨ ᠤ ᠲᠠᠨᠢᠯᠴᠠᠭᠤᠯᠬᠤ ᠪᠠᠷ᠂ ᠼᠠᠩᠶᠠᠩᠵᠠᠮᠰᠤ ᠪᠤᠯ ᠤᠯᠤᠰ ᠤᠨ ᠲᠤᠳᠤᠭᠠᠳᠤ ᠭᠠᠳᠠᠭᠠᠳᠤ ᠶᠢᠨ ᠰᠤᠳᠤᠯᠤᠭᠴᠢᠳ ᠤᠨ ᠬᠠᠯᠠᠭᠤᠨ ᠵᠤᠭᠤᠭ ᠪᠤᠯᠵᠤ ᠪᠠᠶᠢᠭ᠎ᠠ ᠪᠤᠯᠪᠠᠴᠤ ᠡᠷᠳᠡᠮ ᠰᠢᠨᠵᠢᠯᠡᠬᠡᠨ ᠤ ᠬᠥᠷᠢᠶᠡᠨ᠎ᠡ ᠵᠤᠬᠢᠬᠤ ᠮᠠᠷᠭᠤᠭᠠᠨ ᠲᠠᠢ ᠪᠠᠶᠢᠳᠠᠭ ᠮᠥᠷᠳᠡᠬᠡᠨ ᠡᠨᠡ ᠲᠤᠬᠠᠢ ᠨᠠᠷᠢᠨ ᠥᠢᠯᠠᠭᠠᠵᠤ᠂ ᠬᠥᠨᠵᠡᠬᠡᠢ ᠰᠤᠳᠤᠯᠥᠬᠰᠠᠨ ᠬᠥᠮᠤᠨ ᠬᠠᠷᠢᠴᠠᠩᠭᠤᠢ ᠴᠥᠬᠡᠨ ᠪᠠᠶᠢᠨ᠎ᠠ᠃ ᠬᠥᠰᠡᠭᠦ ᠨᠢ ᠨᠡᠩ ᠤᠯᠠᠨ ᠡᠷᠳᠡᠮᠳᠡᠨ ᠰᠤᠳᠤᠯᠤᠭᠴᠢᠳ ᠼᠠᠩᠶᠠᠩᠵᠠᠮᠰᠤ ᠶᠢᠨ ᠰᠤᠶᠤᠯ ᠤᠨ ᠰᠤᠳᠤᠯᠭᠠᠨ ᠳᠤ ᠤᠷᠤᠯᠴᠠᠵᠤ᠂ ᠬᠠᠮᠳᠤ ᠶᠢᠨ ᠴᠢᠷᠮᠠᠶᠢᠯᠭ᠎ᠠ ᠪᠠᠷ ᠼᠠᠩᠶᠠᠩᠵᠠᠮᠰᠤ ᠶᠢᠨ ᠰᠤᠶᠤᠯ ᠢ ᠮᠤᠩᠭᠤᠯ᠂ ᠲᠥᠪᠡᠳ ᠰᠤᠶᠤᠯ ᠤᠨ ᠨᠡᠷᠡᠳᠤ ᠲᠡᠮᠳᠡᠭ ᠪᠤᠯᠭᠠᠵᠤ᠂ ᠨᠠᠶᠢᠬᠡᠮ ᠲᠠᠶᠠᠭᠠᠷ ᠲᠤ ᠮᠤᠩᠭᠤᠯ᠂ ᠲᠥᠪᠡᠳ ᠰᠤᠶᠤᠯ ᠢ ᠥᠢᠯᠠᠭᠠᠭᠤᠯᠤᠨ᠎ᠡ᠃ ᠮᠠᠨ ᠤ ᠨᠠᠶᠢᠬᠡᠮᠯᠢᠭ ᠲᠠᠷᠠᠭ᠎ᠠ ᠠᠯᠬᠤᠮ ᠳᠤ᠂ ᠼᠠᠩᠶᠠᠩᠵᠠᠮᠰᠤ ᠶᠢᠨ ᠨᠢᠬᠡ ᠨᠠᠰᠤᠨ ᠤ ᠨᠠᠮᠳᠠᠷ᠂ ᠤᠷᠤᠨ ᠰᠠᠭᠤᠴᠠ᠂ ᠰᠢᠯᠥᠭ ᠵᠤᠬᠢᠶᠠᠯ ᠤᠨ ᠲᠤᠬᠠᠢ ᠨᠤᠮ ᠲᠡᠪᠳᠡᠷ ᠬᠡᠪᠯᠡᠭᠦᠯᠵᠤ᠂ ᠲᠡᠤᠬᠡ ᠶᠢ ᠬᠥᠨᠳᠤᠳᠬᠡᠵᠤ ᠥᠨᠡᠨ ᠢ ᠡᠷᠬᠢᠮᠯᠡᠨ ᠼᠠᠩᠶᠠᠩᠵᠠᠮᠰᠤ ᠶᠢᠨ ᠰᠤᠶᠤᠯ ᠢ ᠠᠭᠤᠳᠠᠯᠯᠠᠨ ᠰᠤᠳᠤᠯᠵᠤ᠂ ᠲᠤᠮᠳᠠᠳᠤ ᠶᠢᠨ ᠥᠨᠳᠤᠰᠤᠳᠡᠨ ᠤ ᠰᠤᠶᠤᠯ ᠢ ᠬᠥᠭᠵᠢᠬᠡᠨ ᠪᠠᠳᠠᠷᠠᠭᠤᠯᠬᠤ ᠳᠤ ᠬᠤᠪᠢ ᠨᠡᠮᠡᠷᠢᠯᠡᠭᠦ ᠪᠠᠷ ᠴᠢᠷᠮᠠᠶᠢᠨ ᠠᠵᠢᠯᠯᠠᠨ᠎ᠠ ᠬᠡᠵᠤ ᠬᠤᠶᠢᠰᠢᠳᠠ ᠶᠢᠨ ᠠᠵᠢᠯ ᠤᠨ ᠴᠢᠭᠯᠡᠯ ᠢ ᠨᠠᠷᠢᠨ ᠲᠠᠨᠢᠯᠴᠠᠭᠤᠯᠪᠠ᠃             ︽ᠼᠠᠩᠶᠠᠩᠵᠠᠮᠰᠤ ᠶᠢᠨ ᠨᠠᠮᠳᠠᠷ︾ ᠤᠨ ᠡᠷᠳᠡᠮ ᠰᠢᠨᠵᠢᠯᠡᠬᠡᠨ ᠤ ᠰᠠᠭᠤᠳᠠᠯ ᠤᠨ ᠬᠤᠷᠠᠯ ᠲᠡᠬᠡᠷ᠎ᠡ᠂ ᠥᠷᠬᠡᠨ ᠤᠯᠠᠨ ᠰᠤᠳᠤᠯᠤᠭᠴᠢᠳ ᠡᠷᠳᠡᠮ ᠰᠢᠨᠵᠢᠯᠡᠬᠡᠨ ᠤ ᠬᠥᠷᠢᠶᠡᠨ᠎ᠡ ᠡᠷᠡᠬᠡᠯᠵᠡᠭᠡ ᠲᠠᠢ ᠵᠥᠢᠯᠡᠰ ᠤᠨ ᠲᠤᠭᠤᠷᠢᠨ ᠳᠤ ᠴᠢᠯᠤᠬᠡᠳᠠᠢ ᠶᠠᠷᠢᠯᠴᠠᠭᠰᠠᠨ ᠪᠠᠶᠢᠨ᠎ᠠ᠃ ᠡᠨᠡᠭᠦ ᠠᠵᠢᠯᠯᠠᠭ᠎ᠠ ᠪᠠᠷ ᠲᠠᠮᠵᠢᠵᠤ ᠼᠠᠩᠶᠠᠩᠵᠠᠮᠰᠤ ᠶᠢᠨ ᠰᠤᠶᠤᠯ ᠢ ᠤᠯᠠᠮ ᠨᠢᠬᠡ ᠠᠯᠬᠤᠮ ᠠᠭᠤᠳᠠᠯᠯᠠᠨ ᠰᠤᠳᠤᠯᠵᠤ᠂ ᠰᠤᠳᠤᠯᠭᠠᠨ ᠤ ᠬᠥᠷᠢᠶ᠎ᠡ ᠬᠡᠪᠴᠢᠶ᠎ᠡ ᠪᠠᠨ ᠥᠷᠬᠡᠳᠬᠡᠨ ᠼᠠᠩᠶᠠᠩᠵᠠᠮᠰᠤ ᠬᠡᠳᠡᠭ ᠰᠤᠶᠤᠯ ᠤᠨ ᠨᠡᠷᠡᠳᠤ ᠬᠥᠮᠤᠨ ᠢᠶᠠᠷ ᠭᠤᠤᠯ ᠰᠡᠳᠤᠪ ᠪᠤᠯᠭᠠᠭᠰᠠᠨ ᠵᠢᠭᠤᠯᠴᠢᠯᠠᠯ ᠤᠨ ᠨᠡᠷᠡᠳᠤ ᠲᠡᠮᠳᠡᠭ ᠢ ᠡᠭᠦᠳᠴᠤ᠂ ᠠᠯᠠᠱᠠ ᠶᠢᠨ ᠪᠥᠭᠦ ᠬᠢᠵᠠᠭᠠᠷ ᠤᠨ ᠵᠢᠭᠤᠯᠴᠢᠯᠠᠯ ᠤᠨ ᠬᠥᠭᠵᠢᠯᠳᠡ ᠶᠢ ᠲᠥᠯᠬᠢᠨ ᠠᠬᠢᠭᠤᠯᠬᠤ ᠪᠠ ᠲᠡᠯᠡᠬᠡᠢ ᠶᠢᠨ ᠵᠤᠭᠠᠴᠠᠯ ᠤᠨ ᠬᠠᠷᠠᠯᠳᠠᠳᠤ ᠤᠷᠤᠨ ᠪᠤᠯᠭᠠᠨ ᠬᠥᠭᠵᠢᠭᠦᠯᠭᠦ ᠳᠤ ᠢᠳᠡᠪᠬᠢ ᠥᠢᠯᠡᠳᠤᠯ ᠥᠵᠡᠭᠦᠯᠥᠭᠰᠡᠨ ᠨᠢᠬᠡ ᠤᠳᠠᠭᠠᠨ ᠤ ᠰᠤᠶᠤᠯ ᠤᠨ ᠲᠤᠮᠤᠬᠠᠨ ᠠᠵᠢᠯᠯᠠᠭ᠎ᠠ ᠪᠤᠯᠵᠤ ᠥᠩᠬᠡᠷᠡᠯ᠎ᠡ ᠬᠡᠳᠡᠭ ᠲᠤ ᠢᠳᠡᠬᠡᠯ ᠲᠥᠭᠦᠷᠡᠩ ᠪᠠᠶᠢᠨ᠎ᠠ᠃            ᠠᠩᠬᠠᠳᠠᠭᠴᠢ ᠬᠤᠭᠤᠴᠠᠭᠠᠨ ᠤ ︽ᠼᠠᠩᠶᠠᠩᠵᠠᠮᠰᠤ ᠶᠢᠨ ᠨᠠᠮᠳᠠᠷ︾ ᠤᠨ ᠡᠷᠳᠡᠮ ᠰᠢᠨᠵᠢᠯᠡᠬᠡᠨ ᠤ ᠰᠠᠭᠤᠳᠠᠯ ᠤᠨ ᠬᠤᠷᠠᠯ ᠨᠢ ᠡᠶᠢᠨᠬᠦ ᠠᠯᠠᠱᠠ ᠨᠤᠳᠤᠭ ᠤᠨ ᠰᠤᠶᠤᠯ ᠤᠨ ᠥᠢᠯᠡᠰ ᠤᠨ ᠬᠡᠶᠢᠮᠤᠷᠢ ᠶᠢ ᠮᠠᠨᠳᠤᠭᠤᠯᠵᠤ᠂ ᠠᠮᠵᠢᠯᠳᠠ ᠲᠠᠢ ᠰᠠᠶᠢᠬᠠᠨ ᠥᠨᠳᠤᠷᠯᠡᠭᠰᠡᠨ ᠪᠢᠯᠡ᠃ ᠡᠭᠦᠨ ᠠᠴᠠ ᠭᠠᠳᠠᠨ᠎ᠠ᠂ ᠪᠠᠰᠠ ᠨᠢᠬᠡᠨ ᠪᠠᠶᠠᠷᠯᠠᠭᠤᠰᠢᠳᠠᠢ ᠴᠢᠮᠡᠭᠡ ᠶᠢ ᠤᠩᠰᠢᠭᠴᠢᠳ ᠲᠤ ᠪᠠᠨ ᠶᠠᠷᠢᠮᠠᠷ ᠪᠠᠶᠢᠨ᠎ᠠ᠃ ᠲᠠᠷᠤᠢ ᠠᠯᠠᠱᠠ ᠨᠤᠳᠤᠭ ᠤᠨ ᠬᠥᠨ ᠵᠤᠵᠠᠭᠠᠨ ᠲᠡᠤᠬᠡ ᠰᠤᠶᠤᠯ ᠢ ᠲᠡᠯᠡᠬᠡᠢ ᠳ᠋ᠠᠬᠢᠨ ᠳᠤ ᠠᠯᠳᠠᠷᠰᠢᠭᠤᠯᠬᠤ ᠪᠠᠷ᠂ ᠨᠡᠩ ᠴᠦ ᠠᠯᠳᠠᠷᠳᠤ ᠡᠷᠳᠡᠮᠳᠡᠨ ᠼᠠᠩᠶᠠᠩᠵᠠᠮᠰᠤ ᠶᠢᠨ ᠥᠯᠢᠬᠡᠷ ᠲᠡᠤᠬᠡ᠂ ᠥᠢᠯᠠ ᠶᠠᠪᠤᠳᠠᠯ ᠢ ᠤᠯᠠᠨ ᠲᠠᠶᠠᠭᠠᠷ ᠲᠤ ᠥᠢᠯᠠᠭᠠᠭᠤᠯᠬᠤ ᠶᠢᠨ ᠲᠥᠯᠤᠬᠡ ᠥᠪᠤᠷ ᠮᠤᠩᠭᠤᠯ ᠤᠨ ᠥᠪᠡᠷᠳᠡᠬᠡᠨ ᠵᠠᠰᠠᠬᠤ ᠤᠷᠤᠨ ᠤ ᠰᠤᠶᠤᠯ ᠲᠡᠤᠬᠡ ᠰᠤᠳᠤᠯᠬᠤ ᠤᠷᠳᠤᠨ ᠤ ᠰᠤᠳᠤᠯᠤᠭᠴᠢ G · ᠴᠤᠭᠳᠤ᠂ ᠠᠯᠠᠱᠠ ᠵᠡᠭᠦᠨ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠨ ᠤ ᠲᠡᠳ᠋ ᠲᠡᠷᠢᠭᠦᠯᠡᠭᠴᠢ ᠸᠧᠢ ᠷᠠᠨ ᠨᠠᠷ ᠤᠨ ᠨᠠᠶᠢᠷᠠᠭᠤᠯᠵᠤ ᠪᠢᠴᠢᠭᠰᠡᠨ ︽ᠼᠠᠩᠶᠠᠩᠵᠠᠮᠰᠤ ᠶᠢᠨ ᠰᠤᠩᠭᠤᠯᠳᠠ — ᠠᠯᠠᠱᠠ︾᠂ ︽ᠼᠠᠩᠶᠠᠩᠵᠠᠮᠰᠤ ᠪᠠ ᠠᠬᠸᠠᠩᠳᠠᠨᠳᠠᠷ︾ ᠵᠡᠷᠬᠡ ᠭᠤᠷᠪᠠᠨ ᠰᠠᠶᠢᠬᠠᠨ ᠨᠤᠮ ᠤᠳᠠᠯ ᠥᠬᠡᠢ ᠤᠩᠰᠢᠭᠴᠢ ᠲᠠᠨ ᠤ ᠬᠡᠬᠡᠨ ᠮᠡᠯᠮᠡᠢ ᠶᠢ ᠮᠢᠯᠢᠶᠠᠬᠤ ᠪᠠᠷ ᠪᠠᠶᠢᠨ᠎ᠠ᠃
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号