ᠰᠢᠨᠬᠤᠸᠠ ᠨᠤᠲ ᠬᠦᠬᠡᠬᠤᠲᠠ ᠶᠢᠨ 8 ᠰᠠᠷ᠎ᠠ ᠶᠢᠨ 4 ᠤ ᠡᠳᠦᠷ ᠤᠨ ᠴᠠᠬᠢᠯᠭᠠᠨ ᠮᠡᠳᠡᠭᠡ ᠦᠪᠦᠷ | ᠮᠤᠩᠭᠤᠯ ᠤᠨ ᠤᠷᠳᠤ ᠴᠠᠭᠠᠨ ᠬᠡᠷᠡᠮ ᠤᠨ ᠲᠡᠦᠬᠡ ᠰᠤᠶᠤᠯ ᠤᠨ ᠦᠵᠡᠰᠭᠦᠯᠡᠩ 8 ᠰᠠᠷ᠎ᠠ ᠶᠢᠨ 10 ᠤ ᠡᠳᠦᠷ | ᠦᠪᠦᠷ ᠮᠤᠩᠭᠤᠯ ᠤᠨ ᠦᠵᠡᠰᠭᠦᠯᠡᠩ ᠤᠨ ᠤᠷᠳᠤᠨ ᠳᠤ ᠨᠡᠭᠡᠭᠡᠯᠲᠡ ᠪᠠᠨ ᠬᠢᠨ᠎ᠡ᠃ ᠡᠶᠢᠨ ᠬᠦ ᠦᠪᠦᠷ ᠮᠤᠩᠭᠤᠯ | ᠠᠩᠬᠠᠳᠠᠬᠴᠢ ᠤᠳᠠᠭ᠎ᠠ ᠪᠠᠨ ᠤᠷᠳᠤ ᠴᠠᠭᠠᠨ ᠬᠡᠷᠡᠮ ᠤᠨ ᠦᠪ ᠢᠶᠠᠷ ᠰᠡᠳᠦᠪᠯᠡᠭᠰᠡᠨ ᠲᠤᠰᠬᠠᠢ ᠦᠵᠡᠰᠭᠦᠯᠡᠩ | ᠵᠤᠬᠢᠶᠠᠨ ᠪᠠᠶᠢᠭᠤᠯᠵᠦ ᠪᠠᠶᠢᠭ᠎ᠠ ᠪᠠ ᠦᠵᠡᠰᠭᠦᠯᠡᠩ ᠢ ᠦᠵᠡᠭᠴᠢᠳ ᠲᠤ ᠲᠦᠯᠦᠪᠦᠷᠢ ᠦᠭᠡᠢ ᠰᠤᠨᠢᠷᠬᠠᠭᠤᠯᠬᠤ ᠪᠠᠷ | ᠪᠤᠢ᠃ | | | | | | ᠲᠤᠰ ᠤᠳᠠᠭ᠎ᠠ ᠶᠢᠨ ᠦᠵᠡᠰᠭᠦᠯᠡᠩ ᠨᠢ ᠦᠰᠦᠭ ᠵᠢᠷᠤᠬ ᠢ ᠬᠠᠪᠰᠤᠷᠭᠠᠨ ᠦᠵᠡᠭᠦᠯᠬᠦ᠂ ᠪᠤᠳᠠᠳᠤ | ᠦᠵᠡᠮᠵᠢ ᠶᠢ ᠳᠠᠭᠤᠷᠢᠶᠠᠨ ᠦᠵᠡᠭᠦᠯᠬᠦ᠂ ᠬᠠᠮ ᠵᠠᠭᠤᠴᠢᠯᠠᠭᠤᠷ ᠤᠨ ᠲᠤᠭ᠍ᠨᠤᠯᠤᠬᠢ ᠶᠢ ᠤᠶᠠᠯᠳᠤᠭᠤᠯᠤᠨ ᠤᠯᠠᠨ | ᠬᠠᠷᠠᠭᠠᠰᠤ ᠠᠴᠠ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠤᠷᠳᠤ ᠴᠠᠭᠠᠨ ᠬᠡᠷᠡᠮ ᠤᠨ ᠦᠵᠡᠮᠵᠢ | ᠲᠦᠷᠬᠦ ᠶᠢ ᠳᠡᠯᠭᠡᠨ᠂ ᠤᠷᠳᠤ ᠴᠠᠭᠠᠨ ᠬᠡᠷᠡᠮ ᠢ ᠬᠠᠮᠠᠭᠠᠯᠠᠬᠤ ᠲᠦᠷᠦ ᠶᠢᠨ ᠪᠤᠳᠤᠯᠭ᠎ᠠ ᠬᠠᠤᠯᠢ ᠲᠦᠷᠢᠮ᠂ ᠤᠷᠲᠤ | ᠴᠠᠭᠠᠨ ᠬᠡᠷᠡᠮ ᠤᠨ ᠬᠤᠯᠪᠤᠬᠳᠠᠬᠤ ᠲᠡᠦᠬᠡ ᠰᠤᠶᠤᠯ ᠤᠨ ᠮᠡᠳᠡᠯᠭᠡ᠂ ᠤᠷᠳᠤ ᠴᠠᠭᠠᠨ ᠬᠡᠷᠡᠮ ᠢ ᠬᠠᠮᠢᠶᠠᠷᠴᠦ | ᠬᠠᠮᠠᠭᠠᠯᠠᠬᠰᠠᠨ ᠠᠵᠢᠯ ᠤᠨ ᠦᠷ᠎ᠠ ᠪᠦᠲᠦᠭᠡᠯ ᠵᠡᠷᠭᠡ ᠶᠢ ᠤᠬᠠᠭᠤᠯᠤᠨ ᠰᠤᠷᠲᠠᠯᠴᠢᠯᠠᠬᠤ ᠶᠢ ᠵᠤᠷᠢᠵᠠᠢ᠃ | ᠦᠪᠦᠷ ᠮᠤᠩᠭᠤᠯ ᠨᠢ ᠤᠷᠳᠤ ᠴᠠᠭᠠᠨ ᠬᠡᠷᠡᠮ ᠤᠨ ᠦᠪ ᠢᠶᠠᠷ ᠪᠠᠶᠠᠯᠢᠬ᠂ ᠬᠠᠷᠢᠶᠠᠨ ᠳᠠᠭᠠᠨ 7570 | ᠺᠢᠯᠤᠮᠤᠲᠷ ᠤᠷᠳᠤ ᠲᠠᠢ᠂ ᠮᠠᠨ ᠤ ᠤᠯᠤᠰ ᠤᠨ ᠤᠷᠲᠤ ᠴᠭᠠᠨ ᠬᠡᠷᠡᠮ ᠤᠨ ᠨᠡᠶᠢᠲᠡ ᠤᠷᠲᠤ ᠶᠢᠨ ᠭᠤᠷᠪᠠᠨ ᠤ | ᠨᠢᠬᠡ ᠶᠢ ᠡᠵᠡᠯᠡᠵᠦ ᠪᠤᠢ᠃ ᠦᠪᠦᠷ ᠮᠤᠩᠭᠤᠯ ᠤᠨ ᠬᠠᠷᠢᠶᠠᠨ ᠳᠠᠬᠢ ᠤᠷᠳᠤ ᠴᠠᠭᠠᠨ ᠬᠡᠷᠡᠮ ᠨᠢ ᠲᠡᠦᠬᠡ ᠶᠢᠨ 9 | ᠱᠠᠲᠤ ᠦᠶ᠎ᠡ ᠶᠢᠨ 11 ᠲᠦᠷᠦ ᠶᠢ ᠡᠯᠡᠭᠡᠵᠦ᠂ ᠦᠪᠦᠷ ᠮᠤᠩᠭᠤᠯ ᠤᠨ 12 ᠠᠶᠢᠮᠠᠬ ᠬᠤᠲᠠ ᠶᠢᠨ 76 ᠬᠤᠰᠢᠭᠤ | ᠰᠢᠶᠠᠨ ︵ᠬᠤᠲᠠ᠂ ᠲᠤᠭᠤᠷᠢᠬ︶ ᠢ ᠰᠤᠨᠳᠠᠯᠠᠵᠦ᠂ ᠤᠯᠤᠰ ᠳᠠᠶᠠᠭᠠᠷ ᠲᠤ ᠬᠠᠮᠤᠬ ᠤᠨ ᠤᠷᠲᠤ ᠪᠦᠭᠡᠳ ᠤᠯᠠᠨ | ᠲᠦᠷᠦ ᠳᠠᠮᠵᠢᠬᠰᠠᠨ᠂ ᠤᠯᠠᠨ ᠭᠠᠵᠠᠷ ᠤᠷᠤᠨ ᠰᠤᠨᠳᠠᠯᠠᠬᠰᠠᠨ ᠢᠶᠠᠷ ᠢᠶᠠᠨ ᠤᠨᠴᠠᠯᠠᠬᠳᠠᠨᠠ᠃ |