— ᠨᠠᠢᠮᠠᠨ ᠵᠠᠭᠤᠨ ᠤ ᠲᠡᠷᠳᠡᠭᠡᠬᠢ ᠤᠢᠢᠭᠤᠷᠵᠢᠨ ᠮᠤᠩᠭᠤᠯ ᠦᠰᠦᠭ ᠤᠨ ᠤᠨᠢᠰᠤᠭ᠎ᠠ ᠲᠠᠶᠢᠯᠤᠬᠳᠠᠵᠤ ᠮᠤᠩᠭᠤᠯ | ᠦᠰᠦᠭ ᠪᠢᠴᠢᠭ ᠤᠨ ᠲᠡᠦᠬᠡ ᠮᠤᠩᠭᠤᠯ ᠰᠤᠶᠤᠯ ᠤᠨ ᠲᠡᠦᠬᠡ ᠶᠢᠨ ᠰᠤᠳᠤᠯᠭᠠᠨ ᠳᠤ ᠬᠤᠪᠤᠷ ᠨᠠᠨᠳᠢᠨ ᠪᠠᠷᠢᠮᠳᠠ | ᠬᠠᠩᠭᠠᠯ᠎ᠠ | | | ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠤᠳᠤᠯᠤᠬᠴᠢ᠂ | ᠫᠷᠦᠹᠧᠰᠰᠤᠷ ᠪᠤ · ᠪᠤᠯᠠᠬ ᠤᠨ ᠲᠠᠪᠰᠢᠬᠦᠯᠦᠭᠰᠡᠨ ︽ᠡᠷᠢᠶᠡᠨ ᠬᠤᠳᠠ ᠠᠴᠠ ᠤᠯᠳᠠᠬᠰᠠᠨ ᠱᠠᠩ ᠤᠯᠤᠰ ᠤᠨ | ᠦᠶ᠎ᠠ ᠶᠢᠨ ᠬᠠᠰ ︿ᠰᠦᠯᠳᠡ﹀ ᠳ᠋ᠠᠬᠢᠤᠢᠢᠭᠤᠷᠵᠢᠨ ᠮᠤᠩᠭᠤᠯ ᠪᠢᠴᠢᠭ︾ ᠬᠡᠮᠡᠬᠦ ᠬᠠᠮᠤᠬ ᠤᠨ ᠰᠢᠨ᠎ᠠ ᠰᠤᠳᠤᠯᠭᠠᠨ ᠤ | ᠦᠬᠦᠯᠡᠯ ᠨᠢ ᠲᠦᠷᠦᠬᠦᠬᠡᠨ ᠶᠠᠪᠤᠭᠳᠠᠭᠰᠠᠨᠲ᠋ᠤᠮᠳᠠᠳᠤ ᠤᠷᠤᠰ ᠮᠤᠩᠭᠤᠯ · ᠭᠤᠷᠪᠠᠳᠤᠭᠠᠷ ᠬᠤᠭᠤᠴᠠᠭᠠᠨ ᠤ | ᠮᠤᠩᠭᠤᠯ ᠲᠦᠷᠦᠯ ᠬᠡᠯᠡᠨ ᠤ ᠰᠤᠳᠤᠯᠤᠯ ᠤᠨ ᠤᠯᠠᠨᠤᠯᠤᠰ ᠤᠨ ᠡᠷᠳᠡᠮ ᠰᠢᠨᠵᠢᠯᠡᠬᠡᠨ ᠤ ᠰᠤᠳᠤᠯᠤᠨ | ᠶᠠᠷᠢᠯᠴᠠᠬᠤ ᠬᠤᠷᠠᠯ ᠳᠤ ᠤᠷᠤᠯᠴᠠᠬᠰᠠᠨ ᠡᠷᠳᠡᠮᠳᠡᠨ ᠰᠤᠳᠤᠯᠭᠠᠳᠠᠳ ᠤᠨᠠᠩᠬᠠᠷᠤᠯ ᠢ ᠶᠡᠭᠡ ᠪᠠᠷ ᠲᠠᠳᠠᠯ᠎ᠠ᠃ ᠡᠨᠡ | ᠬᠦ ᠬᠠᠰ ︽ᠰᠦᠯᠳᠠ︾ ᠳᠠᠬᠢ ᠤᠢᠢᠭᠤᠷᠵᠢᠨ ᠮᠤᠩᠭᠤᠯ ᠦᠰᠦᠭ ᠢ ᠤᠷᠴᠢᠭᠤᠯᠤᠨᠲ᠋ᠠᠶᠢᠯᠤᠬᠰᠠᠨ ᠶᠠᠪᠤᠳᠠᠯ ᠨᠢ | ᠮᠤᠩᠭᠤᠯ ᠦᠰᠦᠭ ᠪᠢᠴᠢᠭ ᠤᠨ ᠲᠡᠦᠬᠡ᠂ ᠮᠤᠩᠭᠤᠯ ᠰᠤᠶᠤᠯ ᠤᠨ ᠲᠡᠦᠬᠡ ᠶᠢᠨ ᠰᠤᠳᠤᠯᠭᠠᠨ ᠳ᠋ᠤ᠋ᠬᠤᠪᠤᠷ ᠨᠠᠨᠳᠢᠨ | ᠪᠤᠳᠠᠳᠠᠢ ᠪᠠᠷᠢᠮᠳᠠ ᠬᠠᠩᠭᠠᠭᠰᠠᠨ ᠪᠠᠶᠢᠨ᠎ᠠ᠃ | ᠦᠩᠬᠡᠨ ᠲᠠᠯ᠎ᠠ ᠪᠤᠯᠤᠨ ᠠᠷᠤ ᠲᠠᠯ᠎ᠠ ᠳᠤᠨᠢ ᠡᠷᠳᠡᠨ ᠤ ᠤᠢᠢᠭᠤᠷᠵᠢᠨ ᠮᠤᠩᠭᠤᠯ ᠦᠰᠦᠭ ᠢ | ᠰᠡᠶᠢᠯᠦᠭᠰᠡᠨ ᠲᠤᠰ ᠬᠠᠰ ︽ᠰᠦᠯᠳᠡ︾ ᠪᠤᠯ 40 ᠰᠡᠨᠲ᠋ᠢᠮᠧᠲᠷ ᠤᠷᠳᠤ᠂ 2000 ᠭᠷᠡᠮᠬᠦ᠋ᠨᠳᠦ ᠭᠠᠤᠯᠢᠨ | ᠪᠠᠷᠢᠭᠤᠯ ᠲᠠᠢ ᠬᠠᠰ ︽ᠰᠦᠯᠳᠡ︾ ᠪᠠᠶᠢᠵᠤ᠂ ᠡᠵᠡᠨ ᠬᠠᠭᠠᠨ ᠤ ᠡᠷᠬᠡ ᠮᠡᠳᠡᠯ ᠪᠠ ᠪᠠᠶᠢᠷᠢ | ᠰᠠᠭᠤᠷᠢ ᠪᠠᠨᠤᠯᠠᠮᠵᠢᠯᠠᠨ ᠵᠠᠯᠭᠠᠮᠵᠢᠯᠠᠬᠤ ᠳᠤ ᠬᠡᠷᠡᠭᠯᠡᠳᠡᠭ ᠪᠡᠯᠬᠡ ᠲᠡᠮᠳᠡᠭ ᠤᠨ ᠴᠢᠨᠠᠷᠳᠠᠢ ᠶᠤᠰᠤᠯᠠᠯ ᠤᠨ ᠬᠡᠷᠡᠭᠰᠡᠯ | ᠪᠤᠯᠬᠤ ᠶᠤᠮ᠃ ᠬᠠᠮᠢᠶ᠎ᠠ ᠪᠦᠬᠦᠢ ᠲᠤᠰᠬᠠᠢ ᠮᠡᠷᠬᠡᠵᠢᠯᠳᠡᠨ ᠤ ᠬᠢᠨᠠᠨ ᠲᠤᠬᠳᠠᠭᠠᠯᠳᠠ ᠶᠢ ᠦᠨᠳᠦᠰᠦᠯᠡᠪᠡᠯ᠂ ᠲᠤᠰ | ᠬᠠᠰ ︽ᠰᠦᠯᠳᠠ︾ ᠳᠠᠬᠢ ᠤᠢᠢᠭᠤᠷᠵᠢᠨᠮᠤᠩᠭᠤᠯ ᠦᠰᠦᠭ ᠨᠢ 12 ᠳ᠋ᠤᠭᠠᠷ ᠵᠠᠭᠤᠨ ᠤ ᠰᠡᠬᠦᠯᠴᠢ ᠪᠤᠶᠤ 13 | ᠳ᠋ᠤᠭᠠᠷ ᠵᠠᠭᠤᠨ ᠤ ᠡᠬᠢᠨ ᠤ ᠦᠶ᠎ᠡ ᠳᠤ ᠰᠡᠶᠢᠯᠦᠭᠳᠡᠵᠦ᠂ᠤᠳᠤ ᠠᠴᠠ 800 ᠭᠠᠷᠤᠢ ᠵᠢᠯ ᠤᠨ ᠲᠡᠦᠬᠡ ᠲᠠᠢ ᠪᠤᠯᠵᠠᠢ᠃ | | ᠲᠤᠰ ᠰᠤᠳᠤᠯᠭᠠᠨ ᠢ ᠭᠠᠷᠳᠠᠨ ᠬᠢᠭᠰᠡᠨ ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ | ᠤᠬᠠᠭᠠᠨ ᠤᠬᠦ᠋ᠷᠢᠶᠡᠯᠡᠩ ᠤᠨ ᠰᠤᠳᠤᠯᠤᠬᠴᠢ᠂ ᠫᠷᠦᠹᠧᠰᠰᠤᠷ ᠪᠤ · ᠪᠤᠯᠠᠬ ᠰᠤᠷᠪᠤᠯᠵᠢᠯᠠᠬᠴᠢ ᠳᠤ᠄ ︽ᠪᠢ ᠡᠨᠡ ᠵᠢᠯ ᠤᠨ | 6 ᠰᠠᠷ᠎ᠠ ᠶᠢᠨ7 ᠤ ᠡᠳᠦᠷ ᠲᠤᠰ ᠬᠠᠰ ︿ᠰᠦᠯᠳᠡ﹀ ᠶᠢ ᠬᠤᠷᠢᠶᠠᠨ ᠬᠠᠳᠠᠭᠠᠯᠠᠬᠴᠢ ᠵᠤᠤ ᠸᠧᠢ ᠵᠧᠩ | ᠠᠪᠤᠭᠠᠢ ᠠᠴᠠ ᠬᠠᠰ ︿ ᠰᠦᠯᠳᠡ﹀ ᠳᠠᠬᠢ ᠡᠷᠳᠡᠨ ᠤ ᠤᠢᠢᠭᠤᠷᠵᠢᠨ ᠮᠤᠩᠭᠤᠯ ᠦᠰᠦᠭ ᠢ ᠤᠷᠴᠢᠭᠤᠯᠤᠨ ᠲᠠᠶᠢᠯᠬᠤ | ᠬᠦᠨᠳᠦ ᠡᠬᠦᠷᠬᠡ ᠶᠢ ᠬᠦᠯᠢᠶᠡᠵᠦ ᠠᠪᠴᠠᠢ᠃ᠡᠨᠡ ᠬᠦ ᠤᠢᠢᠭᠤᠷᠵᠢᠨ ᠮᠤᠩᠭᠤᠯ ᠦᠰᠦᠭ ᠢ ᠵᠦᠪ ᠤᠩᠰᠢᠬᠤ ᠳᠤ ᠠᠯᠢ | ᠲᠠᠯ᠎ᠠ ᠠᠴᠠ ᠨᠢ ᠤᠷᠢᠳ ᠢᠶᠠᠷ ᠤᠩᠰᠢᠬᠤ ᠪᠤᠢ ᠬᠡᠳᠡᠭᠪᠤᠯ ᠵᠠᠩᠬᠢᠯᠠᠭ᠎ᠠ ᠶᠢᠨ ᠠᠰᠠᠭᠤᠳᠠᠯ ᠪᠤᠯᠤᠨ᠎ᠠ᠃ ᠤᠴᠢᠷ ᠨᠢ | ᠬᠡᠷᠪᠡ ᠮᠤᠩᠭᠤᠯ ᠪᠢᠴᠢᠭ ᠤᠨ ᠪᠢᠴᠢᠯᠬᠡ ᠶᠢᠨ ᠮᠦᠷᠯᠡᠯ ᠶᠤᠰᠤᠭᠠᠷᠵᠡᠬᠦᠨ ᠠᠴᠠ ᠪᠠᠷᠠᠭᠤᠨᠰᠢ ᠤᠩᠰᠢᠪᠠᠯ | ᠤᠳᠬ᠎ᠠ ᠶᠢ ᠨᠢ ᠲᠠᠶᠢᠯᠵᠤ ᠴᠢᠳᠠᠬᠤ ᠦᠬᠡᠢ ᠪᠦᠬᠡᠳ ᠱᠠᠯ ᠲᠡᠮᠡᠢ ᠵᠦᠢᠯ ᠪᠤᠯᠳᠠᠬ᠃ ︿ᠮᠤᠩᠭᠤᠯ ᠤᠨ ᠨᠢᠭᠤᠴᠠ | ᠲᠤᠪᠴᠢᠶᠠᠨ﹀ ᠤ ᠬᠢᠳᠠᠳ ᠭᠠᠯᠢᠬᠯᠠᠯ ᠤᠨ ᠮᠤᠩᠭᠤᠯ ᠦᠬᠡᠰ ᠪᠤᠯᠤᠨ ᠮᠢᠩ ᠤᠯᠤᠰ ᠤᠨ ᠦᠶ᠎ᠠ ᠶᠢᠨ︿ ᠤᠢᠢᠭᠤᠷ | ᠪᠢᠴᠢᠭ ᠤᠨ ᠬᠢᠴᠢᠶᠡᠯ ﹀ ᠵᠡᠷᠬᠡ ᠰᠤᠷᠪᠤᠯᠵᠢ ᠪᠢᠴᠢᠭ ᠢ ᠴᠦᠮ ᠬᠢᠳᠠᠳ ᠪᠢᠴᠢᠭ ᠤᠨ | ᠲᠠᠳᠬᠠᠯ ᠵᠶ᠋ᠠᠷᠪᠠᠷᠠᠭᠤᠨ ᠠᠴᠠ ᠵᠡᠬᠦᠨᠰᠢ ᠤᠩᠰᠢᠳᠠᠬ ᠵᠢᠱᠢᠶ᠎ᠠ ᠪᠠᠰᠠ ᠬᠠᠷᠠᠬᠳᠠᠳᠠᠬ᠃ ᠪᠢ ᠡᠬᠦᠨ ᠠᠴᠠ ᠰᠡᠳᠡᠯᠳᠡ | ᠤᠯᠵᠤ᠂ ᠬᠠᠰ ︿ᠰᠦᠯᠳᠡ﹀ ᠳᠠᠬᠢ ᠤᠢᠢᠭᠤᠷᠵᠢᠨ ᠮᠤᠩᠭᠤᠯ ᠦᠰᠦᠭ ᠤᠨ ᠮᠦᠷᠯᠡᠯ ᠢ ᠪᠠᠷᠠᠭᠤᠨ ᠲᠠᠯ᠎ᠠ ᠠᠴᠠ | ᠡᠬᠢᠯᠡᠵᠦ ᠵᠡᠬᠦᠨᠰᠢ ᠪᠠᠨ ᠤᠩᠰᠢᠭᠠᠳᠤᠳᠬᠠ ᠶᠢ ᠨᠢ ᠬᠤᠯᠪᠤᠵᠤ ᠴᠢᠳᠠᠪᠠ᠂ ᠦᠩᠬᠡᠨ ᠲᠠᠯ᠎ᠠ ᠪᠠ ᠠᠷᠤ ᠲᠠᠯ᠎ᠠ | ᠬᠤᠶᠠᠷ ᠲᠠᠯ᠎ᠠ ᠶᠢᠨ ᠵᠢᠷᠭᠤᠭᠠᠨ ᠡᠷᠳᠡᠨ ᠤ ᠮᠤᠩᠭᠤᠯᠦᠬᠡ ᠶᠢ ᠬᠤᠯᠪᠤᠨ ᠤᠩᠰᠢᠪᠠᠯ᠄ ᠡᠾᠦ᠋ᠩᠨᠦ ︿ᠮᠤᠩᠭᠤᠯ﹀ ᠤᠨ | ᠶᠡᠭᠡ ᠸᠠᠩ᠂ ᠬᠦᠨᠦᠬᠡᠯᠳᠡᠨ ᠮᠠᠩᠭᠤᠰ ᠢ ᠤᠰᠠᠳᠬᠠᠬᠤ ᠵᠡᠪᠰᠡᠭ ᠬᠡᠳᠡᠭ ᠦᠬᠡ ᠪᠤᠯᠤᠨ᠎ᠠ︾ ᠬᠡᠵᠦ | ᠲᠠᠨᠢᠯᠴᠠᠭᠤᠯᠤᠯ᠎ᠠ᠃ | ᠲᠤᠰ ᠰᠤᠳᠤᠯᠭᠠᠨ ᠤ ᠦᠷ᠎ᠠ ᠪᠦᠳᠦᠬᠡᠯ ᠤᠨ ᠠᠴᠢ ᠬᠤᠯᠪᠤᠬᠳᠠᠯ ᠤᠨ ᠲᠤᠬᠠᠢ ᠪᠤ · ᠪᠤᠯᠠᠬ | ᠫᠷᠦᠹᠧᠰᠰᠤᠷᠰᠤᠷᠪᠤᠯᠵᠢᠯᠠᠬᠴᠢ ᠳᠤ᠄ ︽ᠪᠢᠳᠡ ᠲᠤᠰ ᠬᠠᠰ ︿ᠰᠦᠯᠳᠡ﹀ ᠳᠠᠬᠢ ᠤᠢᠢᠭᠤᠷᠵᠢᠨ ᠮᠤᠩᠭᠤᠯ | ᠦᠰᠦᠭ ᠢ ᠰᠤᠳᠤᠯᠬᠤ ᠪᠠᠷᠲ᠋ᠠᠮᠵᠢᠭᠤᠯᠤᠨ᠂ ᠲᠤᠬᠠᠢ ᠶᠢᠨ ᠦᠶ᠎ᠠ ᠳᠤ ᠮᠤᠩᠭᠤᠯ ᠬᠡᠯᠡᠨ ᠤ ᠤᠷᠤᠭᠤᠯ ᠤᠨ | ᠡᠬᠡᠰᠢᠭ ᠨᠢᠬᠡᠨᠳᠡ ᠪᠤᠢ ᠪᠤᠯᠤᠬᠰᠠᠨ︔ᠵᠢᠭᠠᠬᠤ ᠶᠢᠨ ᠲᠡᠶᠢᠨ ᠢᠯᠭᠠᠯ ᠪᠤᠯᠤᠨ ᠬᠠᠷᠢᠶᠠᠯᠠᠬᠤ ᠶᠢᠨ ᠲᠡᠶᠢᠨ ᠢᠯᠭᠠᠯ | ᠬᠠᠷᠢᠯᠴᠠᠨ ᠰᠡᠯᠬᠦᠴᠡᠵᠦ ᠪᠠᠶᠢᠬᠰᠠᠨ ᠵᠡᠷᠬᠡ ᠵᠦᠢᠯ ᠢᠤᠯᠵᠤ ᠮᠡᠳᠡᠯ᠎ᠡ᠃ 12 ᠳ᠋ᠤᠭᠠᠷ ᠵᠠᠭᠤᠨ ᠤ ᠰᠡᠬᠦᠯᠴᠢ ᠪᠤᠶᠤ | 13 ᠳ᠋ᠤᠭᠠᠷ ᠵᠠᠭᠤᠨ ᠤ ᠡᠬᠢᠨ ᠤ ᠦᠶ᠎ᠡ ᠳᠤ ᠰᠡᠶᠢᠯᠦᠭᠳᠡᠭᠰᠡᠨᠲ᠋ᠤᠰ ᠬᠠᠰ ︿ᠰᠦᠯᠳᠡ﹀ ᠳᠠᠬᠢ ᠤᠢᠢᠭᠤᠷᠵᠢᠨ | ᠮᠤᠩᠭᠤᠯ ᠦᠰᠦᠭ ᠨᠢ ᠨᠡᠶᠢᠳᠡ ᠳᠤ ᠮᠡᠳᠡᠷᠡᠭᠳᠡᠵᠦ ᠪᠠᠶᠢᠭ᠎ᠠ ᠬᠠᠮᠤᠬ ᠤᠨᠡᠷᠳᠡᠨ ᠤ ᠤᠢᠢᠭᠤᠷᠵᠢᠨ ᠮᠤᠩᠭᠤᠯ | ᠦᠰᠦᠭ ᠤᠨ ᠲᠤᠷᠠᠰᠬᠠᠯ ᠪᠤᠯᠬᠤ 1225 ᠤᠨ ᠤ ᠴᠢᠩᠬᠢᠰ ᠤᠨ ᠴᠢᠯᠠᠭᠤᠨ ᠪᠢᠴᠢᠭ ᠡᠴᠠᠴᠤ ᠡᠷᠳᠡ ᠪᠠᠶᠢᠳᠠᠬ᠃ | ᠲᠤᠰ ᠬᠠᠰ ︿ᠰᠦᠯᠳᠡ﹀ ᠳᠠᠬᠢ ᠤᠢᠢᠭᠤᠷᠵᠢᠨ ᠮᠤᠩᠭᠤᠯ ᠦᠰᠦᠭ ᠢ ᠤᠷᠴᠢᠭᠤᠯᠵᠤ ᠲᠠᠶᠢᠯᠤᠬᠰᠠᠨᠶᠠᠪᠤᠳᠠᠯ ᠨᠢ | ᠮᠤᠩᠭᠤᠯ ᠦᠰᠦᠭ ᠪᠢᠴᠢᠭ ᠤᠨ ᠲᠡᠦᠬᠡ᠂ ᠮᠤᠩᠭᠤᠯ ᠰᠤᠶᠤᠯ ᠤᠨ ᠲᠡᠦᠬᠡ ᠶᠢᠨ ᠰᠤᠳᠤᠯᠭᠠᠨ ᠳᠤ ᠤᠯᠳᠠᠬᠤᠶ᠎ᠠ | ᠪᠡᠷᠬᠡ ᠪᠤᠳᠠᠳᠠᠢ ᠬᠡᠷᠡᠴᠢ ᠪᠠᠷᠢᠮᠳᠠ ᠪᠤᠯᠬᠤ ᠪᠠᠷ ᠦᠯᠦ ᠪᠠᠷᠠᠮ ᠲᠤᠰ ᠰᠤᠳᠤᠯᠭᠠᠨ ᠳᠤ ᠮᠠᠰᠢ ᠢᠳᠡᠪᠬᠢᠳᠡᠢ | ᠦᠢᠯᠡᠳᠦᠯᠦᠵᠡᠬᠦᠯᠬᠦ ᠨᠢ ᠲᠠᠮᠵᠢᠬ ᠦᠬᠡᠢ︾ ᠬᠡᠵᠦ ᠶᠠᠷᠢᠯ᠎ᠠ᠃ |