︽ᠦᠪᠦᠷ ᠮᠣᠩᠭᠤᠯ ᠰᠤᠳᠤᠯᠤᠯ︾ ᠠᠩᠬ᠎ᠠ ᠤᠳᠠᠭ᠎ᠠ ᠦᠪᠦᠷ ᠮᠣᠩᠭᠤᠯ ᠤᠨ ᠰᠤᠶᠤᠯ ᠤᠨ ᠨᠠᠶᠢᠷ ᠲᠤ ᠤᠷᠤᠯᠴᠠᠪᠠ
ᠨᠡᠶᠢᠲᠡᠯᠡᠭᠰᠡᠨ ᠴᠠᠭ᠄
2018-08-20
      ᠰᠢᠨᠬᠤᠸᠠ ᠨᠧᠲ ᠬᠦᠬᠡᠬᠤᠳᠠ ᠶᠢᠨ 8 ᠰᠠᠷ᠎ᠠ ᠶᠢᠨ 17 ᠤ ᠡᠳᠤᠷ ᠤᠨ ᠴᠠᠬᠢᠯᠭᠠᠨ ᠮᠡᠳᠡᠭᠡ ︵ᠯᠢ ᠴᠢᠶᠠᠨ︶ ᠠᠷᠪᠠᠨ ᠲᠠᠪᠤᠳᠤᠭᠠᠷ ᠬᠤᠭᠤᠴᠠᠭᠠᠨ ᠤ ᠲᠤᠮᠳᠠᠳᠤ ᠤᠯᠤᠰ • ᠦᠪᠦᠷ ᠮᠣᠩᠭᠤᠯ ᠤᠨ ᠲᠠᠯ᠎ᠠ ᠨᠤᠳᠤᠭ ᠤᠨ ᠭᠤᠤᠯ ᠰᠡᠳᠤᠪᠳᠤ ᠹᠤᠷᠦ᠋ᠮ ᠤᠨ ︽ᠦᠪᠦᠷ ᠮᠣᠩᠭᠤᠯ ᠰᠤᠳᠤᠯᠤᠯ︾ ᠤᠨ ᠰᠠᠯᠪᠤᠷᠢ ᠹᠤᠷᠦ᠋ᠮ 19 ᠤ ᠡᠳᠤᠷ ᠶᠠᠪᠤᠭᠳᠠᠬᠤ ᠪᠠᠷ ᠪᠤᠢ᠂ ᠡᠨᠡ ᠨᠢ ︽ᠦᠪᠦᠷ ᠮᠣᠩᠭᠤᠯ ᠰᠤᠳᠤᠯᠤᠯ︾ ᠠᠩᠭ᠎ᠠ ᠤᠳᠠᠭ᠎ᠠ ᠲᠠᠯ᠎ᠠ ᠨᠤᠳᠤᠭ ᠤᠨ ᠰᠤᠶᠤᠯ ᠤᠨ ᠨᠠᠶᠢᠷ ᠲᠤ ᠤᠷᠤᠯᠴᠠᠵᠦ ᠪᠠᠶᠢᠭ᠎ᠠ ᠶᠠᠪᠤᠳᠠᠯ ᠪᠤᠯᠤᠨ᠎ᠠ᠃      ᠤᠶᠢᠯᠠᠭᠠᠭᠰᠠᠨ ᠢᠶᠠᠷ᠂ ︽ᠦᠪᠦᠷ ᠮᠣᠩᠭᠤᠯ ᠰᠤᠳᠤᠯᠤᠯ︾ ᠤᠨ ᠹᠤᠷᠦ᠋ᠮ ᠤᠨ ᠡᠯ᠎ᠡ ᠲᠦᠷᠦᠯ ᠤᠨ ᠪᠡᠯᠡᠳᠬᠡᠯ ᠠᠵᠢᠯ ᠨᠢᠬᠡᠨᠳᠡ ᠪᠡᠯᠡᠬᠡᠨ ᠪᠤᠯᠪᠠ᠃ ᠡᠮᠦᠨ᠎ᠡ ᠨᠢ ᠬᠢᠵᠤ ᠪᠠᠶᠢᠭᠰᠠᠨ ︽ᠦᠪᠦᠷ ᠮᠣᠩᠭᠤᠯ ᠰᠤᠳᠤᠯᠤᠯ︾ ᠤᠨ ᠰᠤᠳᠤᠯᠭᠠᠨ ᠤ ᠰᠡᠳᠤᠪ ᠨᠢ ᠨᠢᠬᠡᠨᠳᠡ ᠲᠠᠭᠤᠰᠪᠠ᠂ ᠡᠬᠦᠨ ᠳᠤ 5 ᠲᠤᠮᠤ ᠰᠡᠳᠤᠪ ᠪᠠᠭᠳᠠᠨ᠎ᠠ᠃ ᠡᠬᠦᠨ ᠠᠴᠠ ᠭᠠᠳᠠᠨ᠎ᠠ᠂ ᠨᠡᠶᠢᠬᠡᠮ ᠳᠤ ᠬᠠᠨᠳᠤᠨ ᠡᠬᠡ ᠪᠢᠴᠢᠭ ᠡᠯᠰᠡᠬᠦ ᠠᠵᠢᠯ ᠨᠢ ᠲᠠᠭᠤᠰᠴᠤ᠂ ᠡᠯ᠎ᠡ ᠡᠳᠡᠭᠡᠳ ᠤᠨ 10 ᠭᠠᠷᠤᠢ ᠰᠢᠯᠢᠳᠡᠭ ᠦᠬᠦᠯᠡᠯ ᠨᠢ ᠹᠤᠷᠦ᠋ᠮ ᠳᠤ ᠤᠷᠤᠯᠴᠠᠵᠤ ᠰᠤᠳᠤᠯᠤᠨ ᠶᠠᠷᠢᠯᠴᠠᠬᠤ ᠪᠤᠯᠤᠨ᠎ᠠ᠃      ᠦᠪᠦᠷ ᠮᠣᠩᠭᠤᠯ ᠤᠨ ᠦᠪᠡᠷᠳᠡᠬᠡᠨ ᠵᠠᠰᠠᠬᠤ ᠤᠷᠤᠨ ᠤ ᠨᠡᠶᠢᠬᠡᠮ ᠤᠨ ᠰᠢᠨᠵᠢᠯᠡᠬᠦ ᠤᠬᠠᠭᠠᠨ ᠤ ᠬᠢᠨ ᠬᠤᠯᠪᠤᠭᠠᠳᠤ ᠬᠤᠷᠠᠯ ᠤᠨ ᠲᠡᠷᠢᠬᠦᠯᠡᠭᠴᠢ ᠬᠠᠩ ᠱᠤᠸᠠᠨ ᠵᠦ᠂ ᠲᠤᠰ ᠤᠳᠠᠭᠠᠨ ᠤ ᠹᠤᠷᠦ᠋ᠮ ᠨᠢ ︽ᠦᠪᠦᠷ ᠮᠣᠩᠭᠤᠯ ᠰᠤᠳᠤᠯᠤᠯ︾ ᠤᠨ ᠰᠤᠳᠤᠯᠭᠠᠨ ᠤ ᠠᠵᠢᠯ ᠠᠯᠪᠠᠨ ᠶᠤᠰᠤᠭᠠᠷ ᠡᠬᠢᠯᠡᠭᠰᠡᠨ ᠢ ᠬᠠᠷᠠᠭᠤᠯᠵᠤ ᠪᠠᠶᠢᠨ᠎ᠠ᠃ ᠲᠤᠰ ᠤᠳᠠᠭᠠᠨ ᠤ ᠹᠤᠷᠦ᠋ᠮ ᠢᠶᠠᠷ ᠲᠤᠬᠢᠶᠠᠯ ᠪᠤᠯᠭᠠᠨ ︽ᠦᠪᠦᠷ ᠮᠣᠩᠭᠤᠯ ᠰᠤᠳᠤᠯᠤᠯ︾ ᠤᠨ ᠢᠵᠢ ᠪᠦᠷᠢᠨ ᠤᠨᠤᠯ ᠤᠨ ᠰᠢᠰᠲ᠋ᠧᠮ᠂ ︽ᠦᠪᠦᠷ ᠮᠣᠩᠭᠤᠯ ᠰᠤᠳᠤᠯᠤᠯ︾ ᠤᠨ ᠰᠤᠳᠤᠯᠭᠠᠨ ᠤ ᠲᠠᠪᠴᠠᠩ ᠪᠠᠶᠢᠭᠤᠯᠤᠨ ᠤᠯᠠᠨ ᠡᠷᠳᠡᠮᠳᠡᠨ ᠮᠡᠷᠬᠡᠵᠢᠯᠳᠡᠨ᠂ ᠡᠷᠳᠡᠮ ᠰᠢᠨᠵᠢᠯᠡᠬᠡᠨ ᠤ ᠪᠠᠶᠢᠭᠤᠯᠤᠮᠵᠢ ᠶᠢ ᠲᠦᠪᠯᠡᠷᠡᠬᠦᠯᠦᠨ ᠬᠠᠮᠳᠤ ᠪᠠᠷ ᠦᠪᠦᠷ ᠮᠣᠩᠭᠤᠯ ᠳᠤ ᠪᠦᠬᠦ ᠲᠠᠯ᠎ᠠ ᠶᠢᠨ ᠤᠯᠠᠨ ᠬᠠᠷᠠᠭᠠᠰᠤ ᠠᠴᠠ ᠰᠤᠳᠤᠯᠵᠤ᠂ ᠦᠪᠦᠷ ᠮᠣᠩᠭᠤᠯ ᠤᠨ ᠦᠯᠢᠬᠡᠷ ᠢ ᠰᠠᠶᠢᠳᠤᠷ ᠶᠠᠷᠢᠵᠤ ᠭᠠᠳᠠᠨᠠᠬᠢ ᠬᠦᠮᠦᠰ ᠲᠤ ᠦᠪᠦᠷ ᠮᠣᠩᠭᠤᠯ ᠢ ᠤᠶᠢᠯᠠᠭᠠᠭᠤᠯᠬᠤ ᠵᠠᠮ ᠨᠡᠮᠡᠭᠳᠡᠬᠦᠯᠬᠦ ᠶᠢ ᠬᠦᠰᠡᠵᠤ ᠪᠠᠶᠢᠨ᠎ᠠ ᠬᠡᠵᠡᠢ᠃
 
ᠢᠷᠡᠯᠲᠡ᠄ ᠰᠢᠨᠬᠤᠸᠠ ᠨᠧᠲ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号