ᠳᠤᠷᠵᠢᠰᠠᠩᠪᠤ ᠶᠢᠨ ︽ᠪᠠᠭᠠᠷᠢᠨ ᠳᠡᠦᠬᠡ ᠶᠢᠨ ᠡᠷᠢᠬᠡᠨ ᠮᠦᠬᠦᠯᠢᠭ︾ ᠨᠤᠮ ᠢ ᠳᠠᠷᠬᠠᠭᠠᠬᠤ ᠠᠵᠢᠯᠯᠠᠭ᠎ᠠ ᠶᠠᠪᠤᠭᠳᠠᠪᠠ
ᠨᠡᠶᠢᠲᠡᠯᠡᠭᠰᠡᠨ ᠴᠠᠭ᠄
2018-07-03
      ᠰᠢᠨᠬᠤᠸᠠ ᠮᠣᠩᠭᠤᠯ  ᠨᠧᠲ ᠬᠦᠬᠡᠬᠤᠳᠠ ᠶᠢᠨ 7 ᠰᠠᠷ᠎ᠠ ᠶᠢᠨ 1 ᠤ ᠡᠳᠤᠷ ᠤᠨ ᠴᠠᠬᠢᠯᠭᠠᠨ ᠮᠡᠳᠡᠭᠡ 6 ᠰᠠᠷ᠎ᠠ ᠶᠢᠨ 28 ᠤ ᠡᠳᠦᠷ ᠤᠨ ᠦᠳᠡ ᠠᠴᠠ ᠡᠮᠦᠨ᠎ᠡ᠂ ᠵᠤᠬᠢᠶᠠᠯᠴᠢ᠂ ᠳᠡᠦᠬᠡᠴᠢᠨ ᠳᠤᠷᠵᠢᠰᠠᠩᠪᠤ ᠶᠢᠨ ︽ᠪᠠᠭᠠᠷᠢᠨ ᠳᠡᠦᠬᠡ ᠶᠢᠨ ᠡᠷᠢᠬᠡᠨ ᠮᠦᠬᠦᠯᠢᠭ︾ ᠨᠤᠮ ᠢ ᠳᠠᠷᠬᠠᠭᠠᠬᠤ ᠠᠵᠢᠯᠯᠠᠭ᠎ᠠ ᠵᠢᠴᠢ ᠰᠤᠳᠤᠯᠤᠨ ᠶᠠᠷᠢᠯᠴᠠᠬᠤ ᠬᠤᠷᠠᠯ ᠦᠪᠦᠷ ᠮᠣᠩᠭᠤᠯ  ᠤᠨ ᠪᠠᠭᠠᠷᠢᠨ ᠪᠠᠷᠠᠭᠤᠨ ᠬᠤᠰᠢᠭᠤᠨ ᠳᠤ ᠶᠠᠪᠤᠭᠳᠠᠪᠠ᠃      ᠰᠤᠳᠤᠯᠤᠨ ᠶᠠᠷᠢᠯᠴᠠᠬᠤ ᠬᠤᠷᠠᠯ ᠳᠤ᠂ ᠨᠡᠶᠢᠬᠡᠮ ᠤᠨ ᠡᠯ᠎ᠡ ᠡᠳᠡᠭᠡᠳ ᠤᠨ ᠡᠷᠳᠡᠮᠳᠡᠨ ᠮᠡᠷᠬᠡᠵᠢᠯᠳᠡᠳ ᠤᠷᠤᠯᠴᠠᠬᠤ ᠶᠢᠨ ᠬᠠᠮᠳᠤ ᠳᠤᠷᠵᠢᠰᠠᠩᠪᠤ ᠭᠤᠸᠠᠢ ᠶᠢᠨ ᠲᠠᠯᠠ ᠶᠢᠨ ᠳᠠᠪᠠᠭᠠᠨ ᠳᠤ ᠪᠠᠨ ᠳᠤᠭᠤᠷᠪᠢᠨ ᠪᠦᠳᠦᠭᠡᠭᠰᠡᠨ ︽ᠪᠠᠭᠠᠷᠢᠨ ᠳᠡᠦᠬᠡ ᠶᠢᠨ ᠡᠷᠢᠬᠡᠨ ᠮᠦᠬᠦᠯᠢᠭ︾ ᠤᠨ ᠳᠤᠭᠤᠷᠢᠨ ᠳᠤ ᠪᠤᠳᠤᠯ ᠰᠠᠨᠠᠯ ᠢᠶᠠᠨ ᠳᠡᠯᠭᠡᠵᠦ᠂ ᠳᠤᠰ ᠨᠤᠮ ᠤᠨ ᠤᠷᠤᠨ ᠨᠤᠳᠤᠭ ᠤᠨ ᠳᠡᠦᠬᠡ ᠰᠤᠳᠤᠯᠭᠠᠨ ᠳᠤ ᠦᠵᠡᠭᠦᠯᠬᠦ ᠨᠦᠯᠦᠭᠡ ᠳᠤᠰᠬᠠᠯ᠂ ᠵᠤᠬᠢᠶᠠᠮᠵᠢ᠂ ᠬᠡᠯᠡ ᠬᠡᠯᠡᠯᠭᠡ ᠶᠢᠨ ᠲᠠᠯ᠎ᠠ ᠪᠠᠷ ᠦᠨᠡᠯᠡᠯᠳᠡ ᠬᠢᠭᠰᠡᠨ ᠪᠠᠶᠢᠨ᠎ᠠ᠃      ︽ᠪᠠᠭᠠᠷᠢᠨ ᠳᠡᠦᠬᠡ ᠶᠢᠨ ᠡᠷᠢᠬᠡᠨ ᠮᠦᠬᠦᠯᠢᠭ︾ ᠬᠡᠮᠡᠬᠦ ᠨᠤᠮ ᠨᠢ ᠦᠪᠦᠷ ᠮᠣᠩᠭᠤᠯ  ᠤᠨ ᠰᠤᠶᠤᠯ ᠤᠨ ᠬᠡᠪᠯᠡᠯ ᠤᠨ ᠬᠤᠷᠢᠶᠠᠨ ᠠᠴᠠ ᠬᠡᠪᠯᠡᠭᠳᠡᠵᠦ᠂ ᠲᠦᠴᠢᠨ ᠲᠦᠮᠡ ᠰᠢᠬᠠᠮ ᠦᠰᠦᠭ ᠲᠠᠢ ᠪᠠᠶᠢᠵᠦ᠂ ︽ᠴᠢᠩ ᠤᠯᠤᠰ ᠤᠨ ᠦᠶ᠎ᠡ ᠶᠢᠨ ᠪᠠᠭᠠᠷᠢᠨ ᠤ ᠲᠡᠦᠬᠡᠨ ᠬᠦᠮᠦᠰ︾᠂ ︽ᠪᠠᠭᠠᠷᠢᠨ ᠳᠤ ᠮᠤᠷᠳᠠᠵᠦ ᠢᠷᠡᠭᠰᠡᠨ ᠴᠢᠩ ᠤᠯᠤᠰ ᠤᠨ ᠭᠦᠩᠵᠦ ᠭᠡᠭᠡ ᠨᠠᠷ︾᠂ ︽ᠦᠩᠭᠡᠷᠡᠭᠰᠡᠨ ᠳᠡᠦᠬᠡ ᠶᠢᠨ ᠤᠴᠢᠭ ᠰᠦᠪᠡᠭᠴᠢ︾᠂ ︽ᠬᠠᠭᠤᠴᠢᠨ ᠴᠠᠭ ᠤᠨ ᠲᠤᠮᠦ ᠪᠠᠶᠠᠴᠤᠳ︾᠂ ︽ᠴᠢᠬᠤᠯᠠ ᠬᠡᠷᠡᠭ ᠤᠨ ᠳᠡᠮᠳᠡᠭᠯᠡᠯ︾᠂ ︽ᠨᠤᠳᠤᠭ ᠤᠨ ᠴᠤᠤᠳᠦ ᠬᠦᠮᠦᠰ︾᠂ ︽ᠦᠪ ᠰᠤᠶᠤᠯ︾᠂ ︽ᠡᠷᠳᠡᠨ ᠤ ᠪᠠᠭᠤᠷᠢ︾᠂ ︽ᠮᠦᠷᠳᠡᠯᠭᠡ ᠰᠦᠪᠡᠭᠴᠢᠯᠡᠯ︾ ᠭᠡᠬᠦ ᠬᠡᠳᠦᠨ ᠪᠦᠯᠦᠭ ᠢᠶᠠᠷ ᠵᠤᠬᠢᠶᠠᠮᠵᠢᠯᠠᠭᠳᠠᠵᠦ᠂ ᠪᠠᠭᠠᠷᠢᠨ ᠤ ᠳᠡᠦᠬᠡ ᠰᠤᠶᠤᠯ᠂ ᠳᠡᠦᠬᠡᠨ ᠬᠦᠮᠦᠰ᠂ ᠲᠤᠮᠤ ᠴᠢᠬᠤᠯᠠ ᠬᠡᠷᠡᠭ ᠶᠠᠪᠤᠳᠠᠯ ᠤᠨ ᠲᠠᠯ᠎ᠠ ᠪᠠᠷ ᠯᠠᠪᠯᠠᠯᠳᠠ ᠶᠢᠨ ᠦᠷᠳᠡᠭ ᠲᠠᠢ᠃      ᠳᠤᠷᠵᠢᠰᠠᠩᠪᠤ᠂ 1946 ᠤᠨ ᠤ ᠪᠢᠯᠢᠭ ᠤᠨ ᠤᠯᠠᠷᠢᠯ ᠤᠨ 9 ᠰᠠᠷ᠎ᠠ ᠶᠢᠨ 21 ᠳᠤ ᠪᠠᠭᠠᠷᠢᠨ ᠪᠠᠷᠠᠭᠤᠨ ᠬᠤᠰᠢᠭᠤᠨ ᠤ ᠴᠠᠭᠠᠨᠮᠦ᠋ᠷᠡᠨ ᠰᠤᠮᠤᠨ ᠤ ᠲᠠᠪᠤᠨᠬᠤᠸᠠ ᠳᠤ ᠲᠦᠷᠦᠵᠠᠢ᠃ ᠲᠡᠷᠡᠪᠡᠷ᠂ ︽ᠪᠠᠭᠠᠷᠢᠨ ᠳᠡᠦᠬᠡ ᠶᠢᠨ ᠡᠷᠢᠬᠡᠨ ᠮᠦᠭᠦᠯᠢᠭ︾ ᠠᠴᠠ ᠭᠠᠳᠠᠨ᠎ᠠ ︽ᠠᠷᠪᠠᠨ ᠬᠤᠶᠠᠷ ᠵᠢᠯ ᠤᠨ ᠠᠮᠢᠳᠠᠨ ᠤ ᠦᠯᠢᠭᠡᠷ︾ ︵ᠨᠠᠶᠢᠷᠠᠭᠤᠯᠤᠨ ᠵᠤᠬᠢᠶᠠᠪᠠ︶᠂ ︽ᠪᠠᠭᠠᠷᠢᠨ ᠪᠠᠷᠠᠭᠤᠨ ᠬᠤᠰᠢᠭᠤᠨ ᠤ ᠭᠠᠵᠠᠷ ᠰᠢᠷᠤᠢ ᠶᠢᠨ ᠦᠭᠡᠷᠡᠴᠢᠯᠡᠯᠳᠡ ᠶᠢᠨ ᠬᠦᠳᠡᠯᠭᠡᠭᠡᠨ︾ ︵ᠬᠢᠳᠠᠳ ᠬᠡᠪᠯᠡᠯ᠂ ᠭᠤᠤᠯᠯᠠᠨ ᠨᠠᠶᠢᠷᠠᠭᠤᠯᠪᠠ︶᠂ ︽ᠪᠠᠷᠠᠭᠤᠨ ᠪᠠᠭᠠᠷᠢᠨ ᠤ ᠰᠦᠮ᠎ᠡ ᠬᠡᠶᠢᠳ︾ ︵ᠨᠠᠶᠢᠷᠠᠭᠤᠯᠤᠨ ᠵᠤᠬᠢᠶᠠᠪᠠ︶᠂ ︽ᠪᠠᠷᠠᠭᠤᠨ ᠪᠠᠭᠠᠷᠢᠨ ᠤ ᠰᠤᠶᠤᠯ ᠳᠡᠦᠬᠡ ᠶᠢᠨ ᠱᠦᠭᠦᠮᠡᠭ︾᠂ ︽ᠪᠠᠭᠠᠷᠢᠨ ᠤ ᠪᠤᠭᠤᠷᠤᠯ ᠳᠡᠦᠬᠡ ᠶᠢᠨ ᠱᠦᠭᠦᠮᠡᠭ︾ ︵ᠨᠠᠶᠢᠷᠠᠭᠤᠯᠤᠨ ᠵᠤᠬᠢᠶᠠᠪᠠ︶ ᠵᠡᠷᠭᠡ ᠨᠤᠮ ᠬᠡᠪᠯᠡᠭᠦᠯᠵᠤ ᠨᠤᠳᠤᠭ ᠪᠠᠭᠠᠷᠢᠨ ᠤ ᠪᠠᠨ ᠰᠢᠮᠡᠯᠢᠭ ᠬᠦᠷᠦᠰᠦᠨ ᠳᠤ ᠰᠤᠶᠤᠯ ᠤᠨ ᠬᠤᠷ᠎ᠠ ᠶᠢ ᠱᠠᠭᠢᠭᠤᠯᠵᠦ ᠶᠠᠪᠤᠭᠰᠠᠭᠠᠷ ᠁ ︵ᠬᠦᠰᠡᠯᠡᠩ︶
 
ᠢᠷᠡᠯᠲᠡ᠄ ᠰᠢᠨᠬᠤᠸᠠ ᠮᠣᠩᠭᠤᠯ ᠨᠧᠲ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号