︽ᠪᠠᠷᠠᠭᠤᠨᠰᠢ ᠵᠤᠷᠴᠢᠭᠰᠠᠠ ᠲᠡᠮᠳᠡᠭᠯᠡᠯ︾ ᠳᠤ ᠪᠡᠴᠢᠨ ᠪᠠᠭᠰᠢ ᠴᠢᠯᠠᠭᠤ ᠠᠴᠠ ᠬᠠᠭ᠎ᠠ ᠦᠰᠦᠷᠦᠡ ᠭᠠᠷᠴᠦ | ᠢᠷᠡᠭᠰᠡᠡ ᠦᠯᠢᠭᠡᠷ ᠢ ᠬᠦᠮᠦᠰ ᠪᠦᠷ ᠰᠠᠶᠢᠨ ᠮᠡᠳᠡᠵᠦ ᠪᠠᠶᠢᠨ᠎ᠠ᠃ ᠭᠡᠳᠡᠯ᠎ᠠ ᠴᠢᠯᠠᠭᠤ ᠶᠢᠨ ᠲᠤᠮᠳᠠ ᠠᠴᠠ ᠦᠰᠦᠭ | ᠪᠢᠴᠢᠭ ᠢᠯᠡᠷᠡᠨ᠎ᠠ᠂ ᠲᠡᠷᠡ ᠮᠦᠷᠳᠡᠭᠡᠡ ᠪᠠᠰᠠ ︽ᠬᠦᠭᠡ ᠮᠤᠩᠭᠤᠯ︾ ᠭᠡᠰᠡᠡ ᠤᠷᠠᠠ ᠪᠢᠴᠢᠯᠭᠡ ᠶᠢᠨ ᠲᠠᠳᠠᠯᠠᠭᠠᠠ | ᠲᠢᠭ ᠤᠨ ᠮᠤᠩᠭᠤᠯ ᠦᠰᠦᠭ ᠢᠯᠡᠷᠡᠭᠦ ᠶᠢ ᠬᠡᠡ ᠭᠡᠳ ᠠᠷᠪᠠᠠ ᠵᠡᠭᠦᠳᠦᠨ ᠳᠤ ᠴᠦ ᠪᠠᠶᠢᠭᠰᠠᠠ ᠦᠭᠡᠢ ᠭᠡᠷᠡᠭ᠃ ᠡᠨᠡ | ᠦᠰᠦᠭ ᠢ ᠦᠵᠡᠭᠰᠡᠡ ᠪᠦᠬᠦᠨ ᠭᠠᠶᠢᠬᠠᠰᠢ ᠠᠯᠳᠠᠵᠦ᠂ ︽ᠶᠠᠮᠠᠷ ᠰᠤᠨᠢᠨ ᠶᠤᠮ ᠡ᠂ ᠡᠨᠡ ᠦᠨᠡᠬᠡᠷ ᠲᠡᠭᠷᠢ ᠠᠴᠠ | ᠢᠪᠡᠭᠡᠭᠰᠡᠡ ᠰᠢᠭ ᠬᠠᠴᠢᠨ ᠶᠠᠪᠤᠳᠠᠯ ᠡ︕︾ ᠭᠡᠵᠦ ᠱᠠᠭᠰᠢᠵᠠᠭᠠᠨᠠ᠃ | | | ︽ᠬᠦᠭᠡ ᠮᠤᠩᠭᠤᠯ︾ ᠭᠡᠰᠡᠡ ᠤᠷᠠᠠ ᠪᠢᠴᠢᠯᠭᠡ ᠶᠢᠨ ᠦᠰᠦᠭ ᠢᠯᠡᠷᠡᠭᠰᠡᠡ ᠡᠨᠡᠬᠦ ᠭᠤᠪᠢ ᠶᠢᠨ ᠮᠠᠨᠤ | ᠴᠢᠯᠠᠭᠤ ᠤᠳᠤ ᠰᠢᠯᠢ ᠶᠢᠨ ᠭᠤᠤᠯ ᠠᠶᠢᠮᠠᠭ ᠤᠨ ᠪᠤᠳᠠᠷ ᠮᠢᠬᠠᠠ ᠴᠢᠯᠠᠭᠤ ᠤᠷᠠᠯᠢᠭ ᠤᠨ ᠮᠦᠽᠸᠢ ᠶᠢᠨ ︽ᠮᠤᠯᠤᠷ | ᠡᠷᠳᠡᠨᠢ︾ ᠨᠢ ᠪᠤᠯᠵᠦ ᠬᠠᠳᠠᠭᠠᠯᠠᠭᠳᠠᠵᠦ ᠪᠠᠶᠢᠨ᠎ᠠ᠃ ᠲᠦᠷᠦᠭᠦᠭᠡᠡ᠂ ᠰᠤᠷᠪᠤᠯᠵᠢᠯᠠᠭᠴᠢ ᠰᠢᠯᠢᠩᠬᠤᠳᠠ ᠳᠤ | ᠰᠤᠷᠪᠤᠯᠵᠢᠯᠠᠬᠤ ᠪᠠᠷ ᠬᠦᠷᠦᠭᠡᠳ ᠡᠨᠡᠬᠦ ᠶᠠᠪᠤᠳᠠᠯ ᠢ ᠪᠤᠰᠤᠳ ᠠᠴᠠ ᠠᠩᠬ᠎ᠠ ᠰᠤᠨᠤᠰᠬᠤ ᠳᠤ ᠢᠳᠡᠭᠡᠵᠦ ᠶᠠᠳᠠᠠ᠂ | ᠲᠤᠬᠠᠢ ᠶᠢᠨ ᠭᠠᠵᠠᠷ ᠲᠤᠨᠢ ᠬᠦᠷᠴᠦ ᠨᠢᠳᠦ ᠪᠠᠷ ᠢᠶᠠᠨ ᠦᠵᠡᠭᠡᠳ ᠡᠷᠬᠡ ᠦᠬᠡᠢ ᠭᠠᠶᠢᠬᠠᠰᠢ ᠠᠯᠳᠠᠠ᠂ ᠡᠭᠡ | ᠪᠠᠶᠢᠭᠠᠯᠢ ᠶᠢᠨ ᠲᠠᠭᠠᠭᠳᠠᠰᠢ ᠦᠭᠡᠢ ᠬᠠᠴᠢᠨ ᠭᠠᠶᠢᠬᠠᠮᠰᠢᠭ ᠪᠠ ᠡᠴᠢᠨ᠎ᠠ ᠨᠢᠭᠤᠴᠠᠬᠠᠢ ᠤᠪᠠᠳᠢᠰ ᠬᠦᠴᠦᠨ ᠢ | ᠪᠢᠰᠢᠷᠡᠭᠰᠡᠡ ᠶᠤᠮ᠃ | ᠲᠤᠰ ᠮᠦᠽᠸᠢ ᠶᠢᠨ ᠲᠠᠷᠤᠭ᠎ᠠ ᠦ᠋ ᠰᠢᠩ ᠠᠪᠤᠭᠠᠢ᠂ ᠰᠤᠷᠪᠤᠯᠵᠢᠯᠠᠭᠴᠢ ᠳᠤ ᠲᠦᠷᠦᠭᠦᠭᠡᠡ ᠱᠧᠨ᠋ᠵᠧᠨ ᠳᠤ | ᠪᠤᠯᠤᠭᠰᠠᠠ ᠯᠦᠩ ᠶᠤᠸᠠᠠ ᠤ ︽ᠨᠢᠭᠡ ᠪᠦᠰᠡ ᠨᠢᠭᠡ ᠵᠠᠮ︾ ᠤᠨ ᠤᠯᠠᠠ ᠤᠯᠤᠰ ᠤᠨ ᠬᠠᠴᠢᠨ ᠴᠢᠯᠠᠭᠤᠨ ᠤ | ᠰᠤᠶᠤᠯ ᠤᠨ ᠦᠵᠡᠰᠭᠦᠯᠡᠩ ᠲᠡᠭᠡᠷ᠎ᠠ ᠲᠤᠰ ︽ᠡᠷᠳᠡᠨᠢ ᠶᠢᠨ ᠴᠢᠯᠠᠭᠤ︾ ᠪᠠᠷ ᠬᠦᠷᠳᠡᠭᠰᠡᠡ ᠠᠯᠳᠠᠠ ᠱᠠᠩᠨᠠᠯ ᠢᠶᠠᠨ | ᠭᠠᠶᠢᠬᠠᠭᠤᠯᠤᠨ ᠪᠠᠶᠢᠵᠦ᠂ ᠡᠨᠡ ᠴᠢᠯᠠᠭᠤ ᠶᠢ ᠲᠡᠭᠦᠵᠦ ᠤᠯᠤᠭᠰᠠᠠ ᠬᠤᠪᠢ ᠢᠷᠦᠭᠡᠯ ᠢᠶᠠᠨ ᠮᠠᠰᠢ ᠤᠷᠮ᠎ᠠ ᠲᠠᠢ | ᠡᠷᠭᠢᠴᠡᠭᠦᠯᠤᠨ ᠬᠡᠯᠡᠬᠦ ᠳᠤ ᠪᠠᠨ᠄ ︽ᠬᠡᠯᠡᠬᠦ ᠠᠴᠠ ᠳ᠋ᠠ᠂ ᠪᠦᠷ ᠯᠡ ᠰᠠᠨᠠᠮᠰᠠᠷ ᠦᠭᠡᠢ ᠲᠠᠭᠠᠷᠠᠭᠰᠠᠠ ᠭᠡᠨᠡᠳᠳᠡ ᠶᠢᠨ | ᠲᠤᠬᠢᠶᠠᠯᠳᠤᠯ ᠡ᠃ ᠬᠠᠴᠢᠨ ᠴᠢᠯᠠᠭᠤ ᠴᠤᠭᠯᠠᠭᠤᠯᠬᠤ ᠲᠤᠷ᠎ᠠ ᠪᠠᠭ᠋ᠠᠳᠠᠢ ᠪᠢ ᠴᠢᠨᠢ 2014 ᠤᠨ ᠤ 5 ᠰᠠᠷ᠎ᠠ ᠳᠤ | ᠶᠤᠸᠠᠠ ᠤ ᠲᠡᠭᠡᠳᠦ ᠨᠡᠶᠢᠰᠯᠡᠯ ᠤᠨ ᠪᠠᠭᠤᠷᠢ ᠤᠷᠴᠢᠮ ᠤᠨ ᠰᠢᠯᠤᠭᠤᠨ ᠬᠦᠭᠡ ᠠᠴᠠ ᠲᠤᠯᠤᠨ ᠨᠤᠤᠷ ᠬᠦᠷᠬᠦ | ᠬᠤᠭᠤᠷᠤᠨᠳᠤᠬᠢ ᠭᠤᠷᠪᠠᠠ ᠬᠠᠪᠴᠢᠯ ᠭᠡᠰᠡᠡ ᠭᠠᠵᠠᠷ ᠠᠴᠠ ᠡᠨᠡ ᠴᠢᠯᠠᠭᠤ ᠶᠢ ᠲᠡᠭᠦᠵᠦ ᠤᠯᠤᠭᠰᠠᠠ ᠶᠤᠮ᠃ ᠭᠠᠳᠠᠷ | ᠪᠠᠶᠢᠳᠠᠯ ᠠᠴᠠ ᠨᠢ ᠬᠠᠷᠠᠬᠤ ᠳᠤ ᠠᠪᠤᠷᠭᠤ ᠬᠦᠷᠪᠡᠯ ᠤᠨ ᠦᠨᠳᠡᠭᠡ ᠰᠢᠭ ᠢᠯᠠᠮ ᠦᠭᠡᠢ ᠲᠤᠰ ᠴᠢᠯᠠᠭᠤ ᠶᠢ ᠤᠯᠵᠦ | ᠢᠷᠡᠭᠡᠳ ᠶᠠᠮᠠᠷ ᠴᠦ ᠤᠴᠢᠷ ᠪᠤᠯᠭᠠᠭᠰᠠᠠ ᠦᠭᠡᠢ ᠭᠡᠷ ᠤᠨ ᠬᠤᠶᠢᠮᠤᠷ ᠲᠤ ᠬᠠᠶᠠᠭᠠᠳ ᠬᠤᠶᠠᠷ ᠵᠢᠯ ᠪᠤᠯᠤᠯ᠎ᠠ᠃ | ᠬᠡᠵᠢᠶ᠎ᠠ ᠬᠤᠶᠢᠨ᠎ᠠ ᠨᠢ ᠤᠪᠤᠭ᠎ᠠ ᠲᠠᠬᠢᠬᠤ ᠳᠤ ᠤᠷᠤᠯᠴᠠᠬᠤ ᠪᠤᠯᠭᠠᠠ ᠨᠢᠭᠡ ᠴᠢᠯᠠᠭᠤ ᠠᠪᠴᠦ ᠤᠴᠢᠳᠠᠭ ᠵᠠᠩᠰᠢᠯ | ᠶᠤᠰᠤᠭᠠᠷ ᠢᠶᠠᠨ᠂ 2016 ᠤᠨ ᠤ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠠ ᠭᠤᠷᠪᠠᠠ ᠤ ᠡᠳᠦᠷ | ᠰᠢᠯᠢᠩᠬᠤᠳᠠ ᠶᠢᠨ ᠡᠷᠳᠡᠨᠢ ᠤᠪᠤᠭ᠎ᠠ ᠲᠠᠬᠢᠬᠤ ᠠᠵᠢᠯᠯᠠᠭ᠎ᠠ ᠳᠤ ᠤᠷᠤᠯᠴᠠᠬᠤ ᠪᠠᠷ ᠤᠴᠢᠬᠤ ᠳᠤ ᠪᠠᠨ ᠪᠢ ᠲᠤᠰ | ᠴᠢᠯᠠᠭᠤ ᠪᠠᠨ ᠠᠪᠴᠦ ᠤᠴᠢᠭᠠᠳ ᠬᠠᠷᠢᠵᠦ ᠢᠷᠡᠭᠰᠡᠡ ᠤ ᠲᠠᠷᠠᠭ᠎ᠠ ᠠᠬ᠎ᠠ ᠪᠠᠷ ᠢᠶᠠᠨ ᠬᠢᠷᠦᠭᠡᠳᠦᠭᠦᠯᠦᠨ | ᠬᠠᠭᠠᠯᠤᠭᠰᠠᠠ ᠳᠤ᠂ ᠬᠠᠷᠢᠨ ᠬᠡᠨ ᠴᠦ ᠰᠠᠨᠠᠮᠠ ᠦᠭᠡᠢ ᠬᠠᠴᠢᠨ ᠶᠠᠪᠤᠳᠠᠯ ᠢᠯᠡᠷᠡᠪᠡ᠂ ᠬᠢᠷᠦᠭᠡᠳᠦᠰᠦ ᠶᠢᠨ ᠬᠢᠯᠠᠭᠠᠷ | ᠬᠤᠶᠠᠷ ᠲᠠᠯ᠎ᠠ ᠳᠤ ᠮᠤᠩᠭᠤᠯ ᠦᠰᠦᠭ ᠤᠨ ᠲᠠᠳᠠᠯᠠᠭᠠᠠ ᠲᠢᠭ ᠤᠨ ︽ᠬᠦᠭᠡ ᠮᠤᠩᠭᠤᠯ︾ ᠭᠡᠰᠡᠡ ᠦᠰᠦᠭ | ᠢᠯᠡᠷᠡᠪᠡ᠃ ᠰᠡᠭᠦᠯᠡᠷ ᠨᠢ᠂ ᠪᠢ ᠮᠤᠩᠭᠤᠯ ᠦᠰᠦᠭ ᠪᠢᠴᠢᠭ᠂ ᠤᠷᠠᠠ ᠪᠢᠴᠢᠯᠭᠡ ᠪᠠ ᠤᠷᠠᠠ ᠵᠢᠷᠤᠭ ᠤᠨ ᠬᠠᠮᠢᠶ᠎ᠠ | ᠪᠦᠭᠦᠢ ᠡᠷᠳᠡᠮᠳᠡᠳ ᠢᠶᠠᠷ ᠦᠵᠡᠭᠦᠯᠦᠭᠰᠡᠡ ᠳᠤ᠂ ᠲᠡᠳᠡ ᠪᠦᠷ ᠡᠨᠡ ᠦᠰᠦᠭ ᠬᠠᠷᠢᠨ ᠡᠷᠳᠡᠨ ᠤ ᠮᠤᠩᠭᠤᠯ ᠦᠰᠦᠭ | ᠪᠢᠴᠢᠭ ᠤᠨ ᠲᠠᠳᠠᠯᠠᠭᠠᠨ ᠲᠢᠭ ᠤᠨ ᠱᠠᠭᠠᠷᠳᠠᠯᠭ᠎ᠠ ᠯᠤᠭ᠎ᠠ ᠨᠡᠶᠢᠴᠡᠭᠰᠡᠡ ᠦᠰᠦᠭ ᠪᠠᠶᠢᠨ᠎ᠠ ᠭᠡᠵᠦ ᠦᠵᠡᠵᠡᠭᠡᠪᠡ᠃ | ᠪᠠᠰᠠ ᠴᠢᠯᠠᠭᠤ ᠮᠡᠳᠡᠳᠡᠭ ᠪᠠ ᠴᠢᠯᠠᠭᠤ ᠰᠤᠳᠤᠯᠳᠠᠭ ᠬᠠᠮᠢᠶ᠎ᠠ ᠪᠦᠬᠦᠢ ᠬᠦᠮᠦᠰ ᠢᠶᠠᠷ ᠦᠵᠡᠭᠦᠯᠦᠭᠰᠡᠡ ᠳᠤ᠂ ᠲᠤᠰ | ᠴᠢᠯᠠᠭᠤ ᠶᠢ ᠪᠠᠷᠤᠭ 2.3 ᠳ᠋ᠦᠩᠰᠢᠭᠤᠷ ᠵᠢᠯ ᠪᠤᠯᠵᠦ ᠪᠠᠶᠢᠨ᠎ᠠ ᠭᠡᠵᠦ ᠨᠤᠳᠠᠯᠠᠭᠰᠠᠠ ᠪᠠᠶᠢᠨ᠎ᠠ︾ ᠭᠡᠵᠦ ᠬᠡᠯᠡᠪᠡ᠃ | ᠬᠦᠷᠢᠶ᠎ᠠ ᠬᠤᠰᠢᠭᠤ ᠪᠠᠷ ᠨᠤᠳᠤᠭ ᠲᠠᠢ ᠦ᠋ ᠰᠢᠩ ᠠᠪᠤᠭᠠᠢ᠂ ᠬᠠᠰ ᠡᠷᠳᠡᠨᠢ ᠶᠢᠨ ᠬᠠᠴᠢᠨ ᠴᠢᠯᠠᠭᠤ | ᠴᠤᠭᠯᠠᠭᠤᠯᠵᠦ ᠬᠠᠳᠠᠭᠠᠯᠠᠠ ᠡᠵᠡᠩᠨᠡᠬᠦ ᠠᠵᠢᠯ ᠢ ᠬᠢᠭᠡᠳ 15 ᠵᠢᠯ ᠤᠨ ᠨᠢᠭᠤᠷ ᠢᠶᠠᠨ ᠦᠵᠡᠵᠦ ᠪᠤᠢ᠃ ᠲᠡᠷᠡ ᠪᠠᠷ | 2001 ᠤᠨ ᠳᠤ ᠶᠠᠫᠤᠨ ᠳᠤ ᠬᠦᠷᠴᠦ 10 ᠵᠢᠯ ᠰᠤᠷᠤᠯᠴᠠᠵᠦ ᠠᠵᠢᠯᠯᠠᠭᠠᠳ ᠬᠠᠷᠢᠵᠦ ᠢᠷᠡᠭᠰᠡᠡ ᠤ ᠪᠠᠨ ᠲᠠᠷᠠᠭ᠎ᠠ | ᠰᠢᠯᠢᠩᠬᠤᠳᠠ ᠳᠤ ᠬᠠᠮᠤᠭ ᠲᠦᠷᠦᠭᠦᠦ ᠬᠠᠴᠢᠨ ᠴᠢᠯᠠᠭᠤ ᠶᠢ ᠪᠠᠭ᠋ᠠᠷᠬᠠᠠ ᠰᠤᠨᠢᠷᠬᠠᠬᠤ ᠰᠤᠶᠤᠯ ᠤᠨ ᠠᠷᠠᠯᠵᠢᠶ᠎ᠠ ᠶᠢ | ᠡᠵᠡᠩᠨᠡᠡ᠂ 2015 ᠤᠨ ᠳᠤ ︽ᠰᠢᠯᠢ ᠶᠢᠨ ᠭᠤᠤᠯ ᠠᠶᠢᠮᠠᠭ ᠤᠨ ᠪᠤᠳᠠᠷ ᠮᠢᠬᠠᠠ ᠴᠢᠯᠠᠭᠤᠨ ᠤ ᠤᠷᠠᠯᠢᠭ ᠤᠨ | ᠮᠦᠽᠸᠢ︾ ᠶᠢ ᠨᠡᠭᠡᠭᠡᠪᠡ᠃ 2017 ᠤᠨ ᠤ 1 ᠰᠠᠷ᠎ᠠ ᠳᠤ᠂ ᠦᠪᠡᠷᠳᠡᠭᠡᠡ ᠵᠠᠰᠠᠬᠤ ᠤᠷᠤᠨ ᠤ ᠰᠤᠶᠤᠯ ᠤᠨ | ᠲᠢᠩᠬᠢᠮ ᠤᠨ ᠵᠦᠪᠰᠢᠶᠡᠷᠡᠯ ᠢᠶᠠᠷ᠂ ᠮᠠᠠ ᠤ ᠤᠯᠤᠰ ᠤᠨ ᠴᠤᠷ ᠤᠨ ᠭᠠᠭᠴᠠ ᠵᠠᠰᠠᠭ ᠤᠨ ᠤᠷᠳᠤᠨ ᠤ | ᠵᠦᠪᠰᠢᠶᠡᠷᠡᠯ ᠲᠠᠢ᠂ ᠤᠳᠤᠬᠠᠠ ᠤ ᠲᠡᠯᠡᠭᠡᠢ ᠲᠡᠭᠡᠷᠡᠬᠢ ᠬᠡᠪᠴᠢᠶ ᠠ ᠪᠠᠷ ᠬᠠᠮᠤᠭ ᠤᠨ ᠶᠡᠭᠡ ᠮᠢᠬᠠᠠ ᠴᠢᠯᠠᠭᠤᠨ ᠤ | ᠮᠦᠽᠸᠢ — ︽ᠦᠪᠦᠷ ᠮᠤᠩᠭᠤᠯ ᠤᠨ ᠰᠢᠯᠢ ᠶᠢᠨ ᠭᠤᠤᠯ ᠠᠶᠢᠮᠠᠭ ᠤᠨ ᠪᠤᠳᠠᠷ ᠮᠢᠬᠠᠠ ᠴᠢᠯᠠᠭᠤᠨ ᠤ | ᠤᠷᠠᠯᠢᠭ ᠤᠨ ᠮᠦᠽᠸᠢ︾ ᠪᠠᠨ ᠨᠡᠭᠡᠭᠡᠵᠦ᠂ ᠬᠦᠷᠦᠭᠰᠡᠡ ᠪᠦᠬᠦᠨ ᠤ ᠬᠠᠷᠠᠭ᠎ᠠ ᠶᠢ ᠬᠤᠵᠢᠷᠯᠠᠵᠦ᠂ ᠬᠠᠴᠢᠨ ᠴᠢᠯᠠᠭᠤ | ᠰᠤᠨᠢᠷᠬᠠᠬᠤ ᠬᠠᠪᠤ ᠴᠡᠩᠭᠡᠯ ᠢ ᠬᠠᠩᠭᠠᠨ᠎ᠠ᠃ ᠦ᠋ ᠰᠢᠩ ᠤᠳᠤ 528.6 ᠲᠡᠭᠰᠢ ᠲᠦᠷᠪᠡᠯᠵᠢᠨ ᠮᠧᠳ᠋ᠷ ᠪᠦᠬᠦᠢ | ᠮᠦᠽᠸᠢ ᠳᠤ ᠪᠠᠨ 10 ᠶᠡᠭᠡ ᠲᠦᠷᠦᠯ ᠤᠨ 1000 ᠭᠠᠷᠤᠢ ᠵᠦᠢᠯ ᠤᠨ ᠮᠢᠬᠠᠠ ᠴᠢᠯᠠᠭᠤ ᠶᠢ ᠦᠷᠦᠵᠦ ᠬᠠᠳᠠᠭᠠᠯᠠᠠ | ᠬᠦᠮᠦᠰ ᠲᠤ ᠰᠤᠨᠢᠷᠬᠠᠭᠤᠯᠤᠨ᠎ᠠ᠃ ᠲᠠᠪᠠᠭᠯᠠᠠ ᠵᠠᠰᠠᠵᠦ ᠲᠠᠯᠪᠢᠭᠰᠠᠠ ᠲᠡᠳᠡᠭᠡᠷ ᠮᠢᠬᠠᠠ ᠴᠢᠯᠠᠭᠤ ᠨᠤᠭᠤᠳ ᠨᠢ | ᠦᠵᠡᠳᠡᠯ᠎ᠠ ᠶᠠᠭ ᠴᠢᠨᠠᠵᠤ ᠪᠤᠯᠭᠤᠭᠠᠭᠰᠠᠨ ᠲᠠᠷᠭᠤᠨ ᠮᠢᠬ᠎ᠠ ᠮᠡᠳᠦ ᠲᠤᠰᠤ ᠲᠠᠭᠠᠪᠤᠷᠢᠯᠠᠠ ᠬᠠᠷᠠᠭᠳᠠᠵᠦ ᠦᠵᠡᠭᠰᠡᠡ | ᠪᠦᠬᠦᠨ ᠤ ᠬᠤᠪ ᠢ ᠬᠦᠳᠡᠯᠭᠡᠨᠠ᠃ ᠭᠡᠳᠡᠯ᠎ᠠ ᠡᠳᠡᠭᠡᠷ ᠤᠨ ᠲᠤᠳᠤᠷ᠎ᠠ ︽ᠬᠦᠭᠡ ᠮᠤᠩᠭᠤᠯ︾ ᠭᠡᠰᠡᠡ ᠲᠡᠷᠡ | ᠭᠤᠪᠢ ᠶᠢᠨ ᠮᠠᠨᠤ ᠴᠢᠯᠠᠭᠤ ᠨᠢ ᠲᠤᠰ ᠮᠤᠽᠸᠢ ᠶᠢᠨ ᠢᠶᠠᠨ ᠮᠤᠯᠤᠷ ᠡᠷᠳᠡᠨᠢ ᠪᠤᠯᠵᠦ᠂ ᠦᠵᠡᠭᠰᠡᠡ ᠪᠦᠬᠦᠨ ᠢ | ᠭᠠᠶᠢᠬᠠᠰᠢ ᠠᠯᠳᠠᠭᠤᠯᠤᠨ᠂ ᠬᠤᠯᠠ ᠤᠢᠢᠷ᠎ᠠ ᠳᠤ ᠰᠠᠶᠢᠬᠠᠠ ᠵᠤᠭᠤᠭ ᠪᠤᠯᠵᠦ ᠬᠡᠯᠡᠯᠴᠡᠭᠳᠡᠨ ᠦᠵᠡᠬᠦ ᠪᠠᠷ ᠢᠷᠡᠬᠦ ᠶᠢ | ᠬᠦᠰᠡᠭᠰᠡᠳ ᠵᠠᠯᠭ᠎ᠠ ᠦ᠋ ᠰᠢᠩ ᠲᠠᠢ ᠬᠤᠯᠪᠤᠭ᠎ᠠ ᠪᠠᠷᠢᠨ᠎ᠠ᠃ | ᠦ᠋ ᠰᠢᠩ ᠲᠤᠰ ᠴᠢᠯᠠᠭᠤ ᠪᠠᠨ ᠠᠪᠴᠦ ᠤᠯᠤᠰ ᠤᠨ ᠲᠤᠳᠤᠭᠠᠳᠤ ᠶᠢᠨ ᠬᠠᠴᠢᠨ ᠴᠢᠯᠠᠭᠤᠨ ᠤ ᠬᠠᠮᠢᠶ᠎ᠠ | ᠪᠦᠬᠦᠢ ᠦᠵᠡᠰᠭᠦᠯᠡᠩ ᠳᠤ ᠤᠷᠢᠭᠳᠠᠠ ᠤᠷᠤᠯᠴᠠᠵᠦ᠂ ᠦᠵᠡᠭᠰᠡᠡ ᠪᠦᠭᠦᠳᠡ ᠳᠤ ᠲᠠᠭᠠᠯᠠᠭᠳᠠᠠ ᠪᠢᠰᠢᠷᠡᠭᠳᠡᠵᠦ᠂ | ᠵᠦᠢᠯ ᠵᠦᠢᠯ ᠤᠨ ᠱᠠᠩᠨᠠᠯ ᠢ ᠲᠤᠰᠴᠦ ᠶᠠᠪᠤᠨ᠎ᠠ᠃ ᠤᠳᠤ ᠲᠤᠰ ᠡᠷᠳᠡᠨᠢ ᠶᠢᠨ ᠴᠢᠯᠠᠭᠤ ᠨᠢ ᠰᠢᠯᠢ ᠶᠢᠨ ᠭᠤᠤᠯ | ᠠᠶᠢᠮᠠᠭ ᠤᠨ ᠠᠵᠢᠯ ᠮᠡᠷᠭᠡᠵᠢᠯ ᠤᠨ ᠲᠡᠭᠡᠳᠦ ᠰᠤᠷᠭᠠᠭᠤᠯᠢ ᠳᠤ ᠬᠠᠭᠠᠰ ᠰᠠᠷ᠎ᠠ ᠪᠠᠷ ᠵᠢᠭᠡᠯᠡᠭᠳᠡᠡ ᠤᠴᠢᠵᠦ ᠤᠯᠤᠰ | ᠤᠷᠤᠨ ᠠᠴᠠ ᠬᠦᠷᠦᠯᠴᠡᠡ ᠢᠷᠡᠬᠦ ᠲᠤᠭᠤᠷᠢᠨ ᠦᠵᠡᠭᠰᠡᠳ ᠢ ᠤᠭᠳᠤᠵᠦ ᠪᠤᠢ᠃ ᠬᠠᠴᠢᠨ ᠴᠢᠯᠠᠭᠤᠨ ᠤ ᠪᠠᠭ᠋ᠠᠳᠠᠳ | ᠠᠷᠠᠯᠵᠢᠶᠠᠴᠢᠳ ᠬᠡᠳᠦ᠋ᠢᠪᠡᠷ 200 ᠲᠦᠮᠡᠡ ᠲᠦᠭᠦᠷᠢᠭ ᠤᠨ ᠦᠨᠳᠦᠷ ᠦᠨ᠎ᠠ ᠦᠭᠴᠦ ᠦᠩᠭᠡᠷᠡᠭᠰᠡᠡ ᠪᠤᠯᠪᠠᠴᠦ | ᠡᠦ ᠰᠢᠩ ᠡᠨᠡ ᠴᠢᠯᠠᠭᠤ ᠪᠠᠨ ᠮᠦᠨ ᠦᠭᠭᠦᠭᠰᠡᠡ ᠦᠭᠡᠢ᠂ ︽ᠲᠡᠭᠷᠢ ᠠᠴᠠ ᠢᠪᠡᠭᠡᠯ ᠲᠠᠢ ᠡᠷᠳᠡᠨᠢ ᠶᠢᠨ ᠴᠢᠯᠠᠭᠤ᠂ | ᠮᠤᠩᠭᠤᠯ ᠦᠪ ᠰᠤᠶᠤᠯ ᠤᠨ ᠮᠢᠨᠢ ᠮᠤᠯᠤᠷ ᠡᠷᠳᠡᠨᠢ︾ ᠬᠡᠮᠡᠡ ᠨᠠᠨᠳᠢᠩᠨᠠᠠ ᠬᠠᠳᠠᠭᠠᠯᠠᠵᠦ ᠬᠤᠯᠠ ᠤᠢᠢᠷ᠎ᠠ ᠠᠴᠠ | ᠰᠤᠨᠢᠷᠬᠠᠬᠤ ᠪᠠᠷ ᠬᠦᠷᠦᠭᠰᠡᠳ ᠢ ᠤᠭᠳᠤᠨᠠᠮ᠃ |