ᠠᠷᠠᠳ ᠤᠨ ᠰᠦᠯᠵᠢᠶ᠎ᠡ ᠶᠢᠨ ᠪᠡᠭᠡᠵᠢᠩ ᠤᠨ 6 ᠰᠠᠷ᠎ᠠ ᠶᠢᠨ 24 ᠤ ᠡᠳᠦᠷ ᠤᠨ ᠴᠠᠬᠢᠯᠭᠠᠨ ᠮᠡᠳᠡᠭᠡ | ︵ᠳᠣᠷᠣᠨ᠎ᠠ︶ᠰᠣᠯᠣᠩᠭᠤᠳ ᠯ᠊· ᠬᠤᠷᠴᠠᠪᠠᠭᠠᠲᠤᠷ᠂ ᠥᠭᠡᠯᠡᠳ· ᠳ᠋᠊· ᠪᠠᠭᠠᠲᠤᠷ ᠤᠨ | ︽ᠮᠤᠩᠭᠤᠯᠴᠤᠳ ᠤᠨ ᠤᠤᠭᠠᠯ ᠪᠢᠴᠢᠭ ᠦᠨᠰᠣᠶᠣᠯ ᠤᠨ ᠡᠭᠦᠰᠦᠯ ᠪᠤᠶᠤ ᠬᠥᠬᠡ ᠲᠦᠷᠦᠭ ᠪᠢᠴᠢᠭ︾ ᠨᠣᠮ ᠤᠨ | ᠨᠡᠭᠡᠭᠡᠯᠲᠡ ᠪᠠ ᠡᠷᠳᠡᠮ ᠰᠢᠨᠵᠢᠯᠡᠭᠡᠨ ᠤ ᠶᠠᠷᠢᠯᠴᠠᠬᠤ ᠬᠤᠷᠠᠯ6 ᠰᠠᠷ᠎ᠠ ᠶᠢᠨ 23 ᠤ ᠦᠳᠡ ᠶᠢᠨ ᠬᠤᠶᠢᠨ᠎ᠠ | ᠪᠡᠭᠡᠵᠢᠩ ᠳᠠᠬᠢ ᠳᠤᠮᠳᠠᠳᠤ ᠤᠯᠤᠰ ᠤᠨ ᠠᠷᠠᠳ ᠤᠨ ᠶᠡᠭᠡ ᠰᠤᠷᠭᠠᠭᠤᠯᠢ ᠳᠤ ᠪᠣᠯᠪᠠ᠃ | ᠲᠤᠰ ᠤᠳᠠᠭᠠᠨ ᠤ ᠬᠤᠷᠠᠯ ᠳᠤ ᠳᠤᠮᠳᠠᠳᠤ ᠤᠯᠤᠰ ᠤᠨ ᠠᠷᠠᠳ ᠤᠨ ᠶᠡᠭᠡ ᠰᠤᠷᠭᠠᠭᠤᠯᠢ᠂ ᠥᠪᠥᠷ | ᠮᠣᠩᠭᠤᠯ ᠤᠨᠶᠡᠭᠡ ᠰᠤᠷᠭᠠᠭᠤᠯᠢ᠂ ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ᠂ | ᠮᠣᠩᠭᠤᠯ ᠤᠯᠤᠰ ᠤᠨᠰᠣᠶᠣᠯ ᠤᠷᠠᠯᠢᠭ ᠤᠨ ᠶᠡᠭᠡ ᠰᠤᠷᠭᠠᠭᠤᠯᠢ᠂ ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ᠂ | ᠦᠨᠳᠦᠰᠦᠲᠡᠨ ᠤ ᠵᠢᠷᠤᠭᠲᠤᠰᠡᠳᠭᠦᠯ ᠵᠡᠷᠭᠡ ᠶᠡᠭᠡ ᠳᠡᠭᠡᠳᠦ ᠰᠤᠷᠭᠠᠭᠤᠯᠢ ᠪᠠ ᠰᠤᠳᠤᠯᠭᠠᠨ ᠤ ᠨᠢᠭᠡᠴᠡ ᠶᠢᠨ | ᠭᠤᠴᠢ ᠰᠢᠬᠠᠮ ᠡᠷᠳᠡᠮᠲᠡᠨ ᠮᠡᠷᠭᠡᠳᠣᠷᠣᠯᠴᠠᠵᠤ᠂ ᠲᠤᠰ ᠨᠣᠮ ᠤᠨ ᠲᠤᠬᠠᠢ ᠰᠢᠭᠦᠮᠵᠢᠯᠡᠨ ᠶᠠᠷᠢᠯᠴᠠᠭᠰᠠᠨ | ᠪᠠᠶᠢᠨ᠎ᠠ᠃ | ︽ᠮᠤᠩᠭᠤᠯᠴᠤᠳ ᠤᠨ ᠤᠤᠭᠠᠯ ᠪᠢᠴᠢᠭ ᠤᠨ ᠰᠣᠶᠣᠯ ᠤᠨ ᠡᠭᠦᠰᠦᠯ ᠪᠤᠶᠤ ᠬᠥᠬᠡ ᠲᠦᠷᠦᠭ ᠪᠢᠴᠢᠭ︾ ᠨᠣᠮ | ᠨᠢ ︽︿ᠬᠦᠬᠡ ᠲᠥᠷᠥᠭ ᠪᠢᠴᠢᠭ﹀ ᠤᠨ ᠲᠤᠬᠠᠢ ᠰᠣᠳᠣᠯᠣᠯ ᠰᠢᠨᠵᠢᠯᠡᠭᠡ︾ ᠪᠠ ︽ᠬᠦᠬᠡ ᠲᠦᠷᠦᠭ ᠪᠢᠴᠢᠭ︾ ᠭᠡᠬᠦ | ᠳᠡᠭᠡᠳᠦ ᠳᠣᠣᠷᠠᠳᠤᠬᠤᠶᠠᠷ ᠲᠣᠮᠣ ᠪᠦᠯᠦᠭ ᠢᠶᠠᠷ ᠪᠦᠷᠢᠯᠳᠦᠵᠦ᠂ ᠳᠡᠭᠡᠳᠦ ᠪᠦᠯᠦᠭ ᠢ ᠭᠧᠷᠮᠠᠨ ᠤ ᠮᠣᠩᠭᠤᠯᠴᠢ | ᠡᠷᠳᠡᠮᠲᠡᠨ᠂ ᠳᠤᠮᠳᠠᠳᠤ ᠤᠯᠤᠰ ᠤᠨᠠᠷᠠᠳ ᠤᠨ ᠶᠡᠭᠡ ᠰᠤᠷᠭᠠᠭᠤᠯᠢ ᠶᠢᠨ ᠰᠣᠩᠭᠤᠳᠠᠭ ᠰᠣᠳᠣᠯᠣᠯ ᠤᠨᠲ᠋ᠡᠭᠡᠳᠦ | ᠰᠤᠷᠭᠠᠭᠤᠯᠢ ᠶᠢᠨ ᠵᠣᠴᠢᠨ ᠫᠷᠣᠹᠧᠰᠰᠣᠷᠰᠣᠯᠣᠩᠭᠤᠳ ᠯ᠊· ᠬᠤᠷᠴᠠᠪᠠᠭᠠᠲᠤᠷ ᠲᠤᠭᠤᠷᠪᠢᠵᠤ᠂ | ︽ᠾᠦᠩᠨᠦᠴᠦᠳ ᠤᠨ ᠦᠰᠦᠭ ᠪᠢᠴᠢᠭ ᠤᠨ ᠲᠤᠬᠠᠢ ᠳᠠᠬᠢᠨ ᠦᠭᠦᠯᠡᠬᠦᠨᠢ︾᠂ ︽︽1300 ᠵᠢᠯ ᠤᠨ ᠡᠮᠦᠨᠡᠬᠢ | ᠬᠦᠬᠡ ᠲᠦᠷᠦᠭ ᠪᠢᠴᠢᠭ ᠤᠨ ᠬᠦᠰᠢᠶᠡᠨ ᠤ ᠪᠢᠴᠢᠭᠡᠰᠦ ᠳᠡᠭᠡᠷᠡᠬᠢ ︿ᠲᠡᠭᠷᠢ﹀ ᠭᠡᠳᠡᠭᠦᠭᠡ ᠶᠢᠨ ᠲᠤᠬᠠᠢ︾᠂ ︽︿ | ᠬᠦᠬᠡ ᠲᠦᠷᠦᠭ ᠪᠢᠴᠢᠭ ﹀ ᠤᠨ ︿ ᠲᠤᠷᠰᠢᠯᠲᠠ ᠶᠢᠨ ᠲᠣᠯᠢ ᠪᠢᠴᠢᠭ ﹀︾ ︵ᠵᠢᠱᠢᠶ᠎ᠡ︶᠂︽1885ᠣᠨ ᠳᠤ | ᠸ᠊· ᠷᠠᠳ᠋ᠯᠤᠹ ᠤᠨ ᠮᠣᠩᠭᠤᠯ ᠳᠤ ᠬᠢᠭᠰᠡᠨ ᠬᠡᠭᠡᠷ᠎ᠡ ᠶᠢᠨ ᠰᠢᠨᠵᠢᠯᠡᠭᠡ ᠶᠢᠨ ᠮᠦᠷ ᠢᠶᠠᠷ ᠰᠣᠯᠣᠩᠭᠤᠳ | ᠯ᠊·ᠬᠤᠷᠴᠠᠪᠠᠭᠠᠲᠤᠷ ᠤᠨ 2014 ᠣᠨ ᠳᠤ ᠬᠢᠭᠰᠡᠨ ᠳᠥᠭᠦᠮ ᠮᠦᠷᠳᠡᠯᠭᠡ︾᠂ ︽︿ᠬᠦᠢᠰᠦ ᠲᠣᠯᠣᠭᠠᠢ ᠶᠢᠨ | ᠪᠢᠴᠢᠭᠡᠰᠦ﹀ ᠵᠢᠨᠲ᠋ᠤᠬᠠᠢ︾ ᠭᠡᠬᠦ ᠮᠡᠲᠦ ᠶᠢᠰᠦᠨ ᠬᠡᠰᠡᠭ ᠲᠠᠢ᠃ ᠳᠣᠣᠷᠠᠳᠤ ᠪᠦᠯᠦᠭ ᠢ ᠥᠭᠡᠯᠡᠳ· | ᠳ᠋᠊· ᠪᠠᠭᠠᠲᠤᠷ ᠲᠤᠭᠤᠷᠪᠢᠵᠤ᠂︽ᠬᠦᠰᠢᠶᠡᠨ ᠤ ᠪᠢᠴᠢᠭ ᠤᠨ ᠣᠷᠴᠢᠭᠤᠯᠭ᠎ᠠ︾᠂ ︽︿ ᠬᠦᠬᠡ ᠲᠦᠷᠦᠭ ᠤᠨ | ᠪᠢᠴᠢᠭ ﹀ ᠤᠨ ᠪᠢᠴᠢᠭᠡᠰᠦ ᠶᠢᠨ ᠬᠠᠳᠠᠮᠠᠯᠣᠷᠴᠢᠭᠤᠯᠭᠠ︾᠂ ︽ᠲᠠᠶᠢᠯᠪᠤᠷᠢ ᠴᠣᠬᠤᠯᠠᠪᠤᠷᠢ︾ ᠭᠡᠬᠦ ᠮᠡᠲᠦ ᠶᠢᠨ | ᠭᠤᠷᠪᠠᠨ ᠬᠡᠰᠡᠭ ᠠᠭᠤᠯᠭ᠎ᠠ ᠲᠠᠢ ᠪᠢᠯᠡ᠃ | ᠲᠤᠰ ᠤᠳᠠᠭᠠᠨ ᠤ ᠬᠤᠷᠠᠯ ᠳᠤ ᠣᠷᠣᠯᠴᠠᠭᠰᠠᠨ ᠪᠠᠭᠰᠢ ᠡᠷᠳᠡᠮᠲᠡᠳ ᠠᠴᠠ ᠲᠤᠰ ᠨᠣᠮ ᠢ ᠦᠨᠡᠯᠡᠨ | ᠰᠢᠭᠦᠮᠵᠢᠯᠡᠬᠦ ᠵᠢᠨᠬᠠᠮᠲᠤ᠂ ᠮᠠᠳᠠᠭ ᠲᠠᠢ ᠵᠦᠢᠯ ᠢᠶᠠᠨ ᠤᠬᠠᠨ ᠣᠶᠢᠯᠠᠭᠠᠯᠴᠠᠵᠤ᠂ ᠲᠤᠰ ᠨᠣᠮ ᠨᠢ ᠾᠦᠩᠨᠦ᠂ ᠲᠦᠷᠦᠭ᠂ | ᠮᠣᠩᠭᠤᠯ ᠤᠨ ᠡᠵᠡᠨᠲᠦᠭᠦ᠋ᠷᠦᠨ ᠤ ᠠᠷᠭᠢᠯᠤᠬᠢ᠂ ᠲᠡᠥᠬᠡ ᠰᠣᠶᠣᠯ᠂ ᠤᠭᠰᠠᠭᠠᠲᠠᠨ ᠤ ᠵᠦᠢ ᠵᠡᠷᠭᠡ ᠰᠣᠳᠣᠯᠣᠯ ᠳᠤ | ᠶᠡᠭᠡ ᠠᠴᠢ ᠬᠤᠯᠪᠣᠭᠳᠠᠯ ᠲᠠᠢ ᠪᠣᠯᠣᠯ᠎ᠠ ᠭᠡᠵᠦ ᠳᠤᠷᠠᠳᠤᠨ ᠭᠠᠷᠭᠠᠭᠰᠠᠨ ᠪᠠᠶᠢᠨ᠎ᠠ᠃ | ᠵᠣᠬᠢᠶᠠᠭᠴᠢ ᠶᠢᠨ ᠲᠣᠪᠴᠢ ᠨᠠᠮᠲᠠᠷ | 1. ᠰᠣᠯᠣᠩᠭᠤᠳ ᠯ᠊· ᠬᠤᠷᠴᠠᠪᠠᠭᠠᠲᠤᠷ | 1959 ᠣᠨ ᠳᠤ ︵ᠣᠷᠳᠣᠰ ᠲᠣᠭᠠᠯᠠᠯ ᠢᠶᠠᠷ 1958 ᠣᠨ ︵ᠨᠣᠬᠠᠢ ᠵᠢᠯ︶︶ ᠣᠷᠳᠣᠰ ᠤᠨ ᠮᠠᠯᠴᠢᠨ | ᠪᠢᠴᠢᠭ ᠦᠨᠬᠦ᠋ᠮᠦᠨ ᠯᠣᠣᠰᠠᠯ ᠪᠣᠯᠣᠨ ᠯᠣᠨᠳᠣᠨ ᠤ ᠬᠤᠶᠠᠳᠤᠭᠠᠷ ᠬᠦᠪᠡᠭᠦᠨ ᠪᠣᠯᠵᠤ ᠵᠠᠶᠠᠭᠠᠵᠠᠢ᠃ 1989 | ᠣᠨ ᠠᠴᠠ ᠭᠧᠷᠮᠠᠨ ᠳ᠋ᠤ᠋ᠫᠷᠣᠹᠧᠰᠰᠣᠷ ᠸ᠊· ᠾᠶᠢᠰᠰᠢᠭ ᠤᠨ ᠣᠳᠬᠤᠨ ᠡᠷᠳᠡᠮᠲᠡᠨ ᠢᠶᠠᠷ ᠬᠦᠮᠦᠵᠢᠭᠦᠯᠦᠭᠳᠡᠵᠦ᠂ | 1999 ᠣᠨ ᠭᠧᠷᠮᠠᠨ ᠳᠤ ᠣᠶᠤᠲᠠᠨ᠂ᠠᠰᠫᠢᠷᠠᠨᠲ᠂ ᠳ᠋ᠣᠺᠲ᠋ᠣᠷᠠᠨᠲ ᠤᠨ ᠰᠤᠷᠤᠯᠭ᠎ᠠ ᠰᠣᠳᠣᠯᠣᠯ ᠢ ᠰᠢᠰᠲ᠋ᠧᠮ | ᠲᠠᠢ ᠪᠠᠷ ᠲᠡᠭᠦᠰᠴᠠᠢ᠃ 2000 ᠣᠨ ᠠᠴᠠ ᠭᠧᠷᠮᠠᠨᠢᠷᠭᠡᠨ ᠪᠣᠯᠵᠤ᠂ ᠰᠢᠨ᠎ᠡ ᠪᠠᠷ ᠠᠳᠠᠯ ᠦᠢᠯᠡᠰ᠂ ᠠᠵᠢᠯ | ᠰᠣᠳᠣᠯᠣᠯ ᠢᠶᠠᠨ ᠡᠬᠢᠯᠡᠭᠦᠯᠵᠡᠢ᠃ 2002 ᠣᠨ ᠠᠴᠠ 2017 ᠣᠨᠪᠣᠯᠲᠠᠯᠠ ᠠᠵᠤ ᠠᠬᠤᠶᠢᠯᠠᠯ᠂ ᠰᠣᠶᠣᠯ | ᠰᠣᠳᠣᠯᠣᠯ ᠢᠶᠠᠨ ᠵᠡᠷᠭᠡ ᠠᠪᠴᠤ ᠬᠤᠣᠰ ᠠᠮᠵᠢᠯᠲᠠ ᠣᠯᠣᠭᠰᠠᠨ ᠪᠢᠯᠡ᠃ 2017ᠣᠨ ᠳᠤ ᠠᠵᠤ | ᠠᠬᠤᠶᠢᠯᠠᠯ ᠢᠶᠠᠨ ᠪᠦᠷᠢᠨ ᠣᠷᠬᠢᠵᠤ᠂ ᠸ᠊· ᠾᠡᠶᠢᠰᠰᠢᠭ ᠪᠠᠭᠰᠢ ᠶᠢᠨ ᠢᠶᠠᠨ ︽ᠬᠤᠷᠴᠠᠪᠠᠭᠠᠲᠤᠷ ᠲᠤᠷ᠂ ᠰᠠᠶᠢᠨᠨᠣᠮ | ᠪᠢᠴᠢᠬᠦ ᠪᠣᠯᠲᠣᠭᠠᠢ︾ ᠭᠡᠰᠡᠨ ᠭᠡᠷᠢᠶᠡᠰᠦ ᠪᠠᠷ ᠮᠣᠩᠭᠤᠯ ᠰᠣᠷᠪᠤᠯᠵᠢ ᠪᠠᠨ ᠦᠷᠭᠦᠯᠵᠢᠯᠡᠨ ᠰᠤᠳᠤᠯᠵᠠᠢ᠃ | ︽ᠬᠠᠳᠠᠬᠢᠨ ᠠᠷᠪᠠᠨ ᠭᠤᠷᠪᠠᠨ ᠠᠲᠠᠭ᠎ᠠ ᠲᠡᠭᠷᠢ ᠶᠢᠨ ᠳᠠᠶᠢᠯᠭ᠎ᠠ︾᠂ 1987 ᠣᠨ᠂ ᠥᠪᠤᠷ ᠮᠣᠩᠭᠤᠯ᠂ | ᠬᠠᠶᠢᠯᠠᠷ᠃ | ︽ᠬᠡᠰᠢᠭᠪᠡᠲᠦ ᠶᠢᠨ ᠭᠦᠨ ᠤᠬᠠᠭᠠᠨ ᠵᠢᠴᠢ ᠨᠡᠶᠢᠭᠡᠮ ᠤᠨ ᠦᠵᠡᠯ ᠰᠠᠨᠠᠭᠠᠨ ᠤ ᠲᠤᠬᠠᠢ ᠮᠠᠲ᠋ᠧᠷᠢᠶᠠᠯ︾᠂ | 1988ᠣᠨ᠂ ᠥᠪᠤᠷ ᠮᠣᠩᠭᠤᠯ᠂ ᠬᠥᠬᠡᠬᠤᠲᠠ᠃ | ︽ᠮᠣᠩᠭᠤᠯ ᠤᠨ ᠪᠥᠭᠡ ᠮᠦᠷᠭᠦᠯ ᠤᠨ ᠳᠠᠶᠢᠯᠭ᠎ᠠ ᠳᠠᠬᠢᠯᠭ᠎ᠠ ᠶᠢᠨ ᠰᠣᠳᠣᠯᠣᠯ︾ ︵ᠴ᠊· ᠦᠵᠦᠮ᠎ᠡ ᠶᠢᠨ | ᠬᠠᠮᠲᠤ︶᠂1991 ᠣᠨ᠂ ᠥᠪᠥᠷ ᠮᠣᠩᠭᠤᠯ᠂ ᠬᠠᠶᠢᠯᠠᠷ᠃ | ︽ᠬᠡᠰᠢᠭᠪᠡᠲᠦ ᠶᠢᠨ ︿ᠡᠷᠲᠡᠨ ᠪᠠ ᠡᠳᠦᠭᠡᠬᠢ ᠡᠷᠳᠡᠨᠢ ᠶᠢᠨ ᠲᠣᠪᠴᠢ﹀︾ ︵ᠴ᠊· ᠠᠯᠲᠠᠨᠰᠦ᠋ᠮᠪᠦᠷ ᠤᠨ | ᠬᠠᠮᠲᠤ︶᠂1997 ᠣᠨ᠂ ᠥᠪᠥᠷ ᠮᠣᠩᠭᠤᠯ᠂ ᠬᠠᠶᠢᠯᠠᠷ᠃ | ︽ᠴᠢᠩᠭᠢᠰ ᠬᠠᠭᠠᠨ ᠳᠠᠶᠢᠯᠭ᠎ᠠ︾ ︵ᠳ᠋ᠣᠺᠲ᠋ᠣᠷ ᠦᠭᠦᠯᠡᠯ᠂ ᠭᠧᠷᠮᠠᠨ ᠬᠡᠯᠡ︶᠂ 1999 ᠣᠨ᠂ ᠶᠠᠫᠤᠨ᠂ ᠣᠰᠠᠺᠠ᠃ | | ︽ᠴᠢᠩᠭᠢᠰ ᠬᠠᠭᠠᠨ ᠤ ᠠᠯᠲᠠᠨ ᠪᠢᠴᠢᠭ︾ ︵ᠣᠭᠤᠨᠣᠰ ᠴᠣᠭᠲᠤ ᠶᠢᠨ ᠬᠠᠮᠲᠤ︶᠂ 2001 ᠣᠨ᠂ | ᠥᠪᠥᠷ ᠮᠣᠩᠭᠤᠯ᠂ ᠬᠠᠶᠢᠯᠠᠷ᠃ | ︽ᠣᠷᠳᠣᠰ ᠤᠨ ᠮᠢᠩᠭᠠᠳ ᠣᠪᠣᠭᠲᠠᠨ ᠬᠡᠰᠢᠭᠳᠦ᠋ᠭᠦᠷᠡᠩ ᠤᠨ ᠮᠣᠩᠭᠤᠯ ᠤᠨ ᠰᠣᠶᠣᠯ ᠲᠡᠥᠬᠡ ᠶᠢᠨ | ᠲᠤᠬᠠᠢ ᠭᠠᠷᠪᠢᠴᠢᠮᠡᠯ ᠤᠳ︾ 2011 ᠣᠨ᠂ ᠲᠣᠣᠺᠢᠣ᠋᠃ | ︽ᠬᠡᠰᠢᠭᠪᠡᠲᠤ︾ ︵ᠪᠣᠰᠣᠳ ᠲᠠᠢ ᠬᠠᠮᠲᠤᠷᠠᠭᠰᠠᠨ᠂ 6 ᠪᠣᠳᠢ︶᠂ 2012 ᠣᠨ᠂ ᠥᠪᠥᠷ ᠮᠣᠩᠭᠤᠯ | ᠂ᠬᠦᠬᠡᠬᠤᠲᠠ᠃ | ︽ᠮᠣᠩᠭᠤᠯ ᠤᠨ ᠪᠥᠭᠡ ᠮᠦᠷᠭᠦᠯ ᠤᠨ ᠳᠠᠶᠢᠯᠭ᠎ᠠ ᠳᠠᠬᠢᠯᠭ᠎ᠠ ᠶᠢᠨ ᠰᠣᠳᠣᠯᠣᠯ︾᠂ ︵ᠪᠣᠰᠣᠳ ᠲᠠᠢ | ᠬᠠᠮᠲᠤᠷᠠᠭᠰᠠᠨ᠂ 4ᠪᠣᠳᠢ︶ 2012 ᠣᠨ᠂ ᠭᠧᠷᠮᠠᠨ᠂ ᠺᠤᠯᠢᠨ᠃ | ︽ᠯ᠊· ᠴᠢᠯᠠᠭᠤᠨᠪᠠᠭᠠᠲᠤᠷ ᠤᠨ ᠪᠦᠷᠢᠨ ᠵᠣᠬᠢᠶᠠᠯ︾ ︵ᠪᠣᠰᠣᠳ ᠲᠠᠢ ᠬᠠᠮᠲᠤᠷᠠᠭᠰᠠᠨ᠂ 4 ᠪᠣᠳᠢ︶ 2014 | ᠣᠨ᠂ᠭᠧᠷᠮᠠᠨ᠂ ᠺᠤᠯᠢᠨ᠃ | 2018ᠣᠨ ᠠᠴᠠ ᠡᠬᠢᠯᠡᠨ ᠮᠣᠩᠭᠤᠯᠴᠤᠳ ᠤᠨ ᠤᠤᠭᠠᠯ ᠪᠢᠴᠢᠭ ᠤᠨ ᠰᠣᠶᠣᠯ ᠤᠨ ᠡᠭᠦᠰᠦᠯ ᠲᠠᠢ | ᠰᠢᠭᠤᠳᠬᠤᠯᠪᠣᠭᠳᠠᠬᠤ ︽ᠬᠥᠬᠡ ᠲᠦᠷᠦᠭ ᠪᠢᠴᠢᠭ︾ ᠬᠢᠭᠡᠳ ᠪᠷᠠᠾᠮᠢ ᠪᠢᠴᠢᠭ ᠤᠨ ︽ᠬᠦᠢᠰᠦ ᠲᠣᠯᠣᠭᠠᠢ ᠶᠢᠨ | ᠬᠦᠰᠢᠶ᠎ᠡ ᠪᠢᠴᠢᠭᠡᠰᠦ︾ᠵᠡᠷᠭᠡ ᠰᠤᠳᠤᠯᠭᠠᠨ ᠤ ᠬᠡᠳᠦᠨ ᠴᠢᠬᠤᠯᠠ ᠨᠣᠮ ᠪᠦᠲᠦᠭᠡᠯ ᠢᠶᠠᠨ ᠬᠡᠪᠯᠡᠭᠦᠯᠬᠦ ᠪᠠᠷ ᠴᠢᠷᠮᠠᠶᠢᠵᠤ | ᠪᠠᠶᠢᠨ᠎ᠠ᠃ | 2.ᠥᠭᠡᠯᠡᠳ ᠳ᠋᠊· ᠪᠠᠭᠠᠲᠤᠷ | 1937 ᠣᠨ ᠳᠤ ᠪᠠᠶᠠᠨ ᠥᠯᠦᠭᠡᠢ ᠠᠶᠢᠮᠠᠭ ᠤᠨ ᠴᠡᠩᠭᠡᠯ ᠰᠣᠮᠣ ᠶᠢᠨ ᠨᠤᠲᠤᠭ ᠲᠤ ᠲᠦᠷᠦᠵᠡᠢ᠃ | 1957ᠣᠨ ᠳᠤ ᠠᠷᠤ ᠬᠠᠩᠭᠠᠢ ᠠᠶᠢᠮᠠᠭ ᠤᠨ ᠪᠠᠭᠰᠢ ᠶᠢᠨ ᠰᠤᠷᠭᠠᠭᠤᠯᠢ ᠶᠢᠨ ᠲᠡᠭᠦᠷᠭᠡᠲᠦ ᠣᠷᠣᠨ | ᠨᠤᠲᠤᠭ ᠲᠠᠭᠠᠨ ᠪᠠᠭ᠎ᠠᠰᠤᠷᠭᠠᠭᠤᠯᠢ ᠶᠢᠨ ᠪᠠᠭᠰᠢ ᠪᠠᠷ ᠠᠵᠢᠯᠯᠠᠵᠤ ᠤᠯᠠᠮ ᠢᠶᠠᠷ ᠤᠯᠠᠭᠠᠨᠪᠠᠭᠠᠲᠤᠷ ᠲᠤ | ᠤᠯᠤᠰ ᠤᠨ ᠮᠣᠩᠭᠤᠯ ᠬᠡᠯᠡ——ᠤᠷᠠᠨᠵᠣᠬᠢᠶᠠᠯ ᠤᠨ ᠠᠩᠭᠢ ᠶᠢ ᠲᠡᠭᠦᠰᠦᠭᠰᠡᠨ᠃ 1976 ᠣᠨ ᠠᠴᠠ ᠳᠠᠷᠬᠠᠨ | ᠬᠤᠲᠠ ᠶᠢᠨ ᠳᠤᠮᠳᠠᠳᠤ ᠰᠤᠷᠭᠠᠭᠤᠯᠢ ᠳᠤ ᠰᠢᠯᠵᠢᠨᠠᠵᠢᠯᠯᠠᠵᠠᠢ᠃ ᠨᠡᠶᠢᠲᠡ 36 ᠵᠢᠯ ᠲᠠᠰᠤᠷᠠᠯ ᠦᠭᠡᠢ | ᠪᠠᠭᠰᠢᠯᠠᠭᠠᠳ ᠨᠠᠰᠤᠨ ᠤ ᠲᠡᠳᠭᠦᠪᠦᠷᠢ ᠳᠤ ᠭᠠᠷᠪᠠ᠃ |