ᠬᠠᠷ᠎ᠠ ᠬᠤᠳᠠ ᠪᠤᠯ ᠪᠠᠷᠠᠭᠤᠨ ᠰᠢᠶᠠ ᠤᠯᠤᠰ ︵ᠲᠠᠩᠭᠤᠳ︶ ᠤᠨ ᠠᠷᠪᠠᠨ ᠬᠤᠶᠡᠷ ᠴᠡᠷᠢᠭ ᠤᠨ | ᠵᠠᠬᠢᠷᠭᠠᠨ ᠤ ᠬᠠᠮᠤᠭ ᠤᠨ ᠴᠢᠬᠤᠯᠠ ᠰᠠᠭᠤᠷᠢᠨ ᠤ ᠨᠢᠬᠡ ᠨᠢ ᠪᠤᠯᠬᠤ ︽ᠾᠸᠢ ᠱᠠᠨ ᠸᠧᠢ ᠹᠦ᠋ ᠵᠢᠶᠦ᠋ᠨ ᠰᠧ︾ ᠶᠢᠨ | ᠰᠠᠭᠤᠭ᠎ᠠ ᠭᠠᠵᠠᠷ ᠪᠤᠯᠬᠤ ᠶᠤᠮ᠃ ᠶᠤᠸᠠᠨ ᠤᠯᠤᠰ ᠤᠨ ᠦᠶ ᠠ ᠳᠤ ᠠᠳᠠ ︽ᠢᠵᠢᠨᠠᠢ ᠵᠠᠮ ᠤᠨ ᠶᠡᠷᠦᠩᠬᠡᠶᠢᠯᠡᠨ | ᠵᠠᠬᠢᠷᠬᠤ ᠶᠠᠮᠤᠨ︾ ᠢ ᠪᠠᠶᠢᠭᠤᠯᠤᠭᠰᠠᠨ ᠠᠴᠠ ᠲᠤᠮᠳᠠᠳᠦ ᠤᠷᠤᠨ ᠪᠠ ᠪᠠᠷᠠᠭᠤᠨ ᠬᠢᠵᠠᠭᠠᠷ᠂ ᠭᠤᠪᠢ ᠶᠢᠨ ᠠᠷᠤ | ᠡᠮᠦᠨ᠎ᠠ ᠶᠢᠨ ᠵᠠᠮ ᠨᠡᠪᠳᠡᠷᠡᠯᠬᠡ ᠶᠢᠨ ᠴᠢᠬᠤᠯᠠ ᠠᠭᠤᠯᠵᠠᠷ ᠪᠤᠯᠤᠬᠰᠠᠨ ᠪᠠᠶᠢᠨ᠎ᠠ᠃ ᠮᠢᠩ ᠬᠦᠷᠦᠨ ᠠᠴᠠ ᠬᠤᠶᠢᠰᠢ | ᠬᠠᠷ᠎ᠠ ᠬᠤᠳᠠ ᠨᠢ ᠬᠠᠶᠠᠭᠳᠠᠨ ᠤᠷᠬᠢᠭᠳᠠᠭᠠᠳ ᠠᠭᠠᠵᠢᠮ ᠢᠶᠠᠷ ᠮᠡᠷᠳᠡᠬᠳᠡᠬᠰᠠᠨ ᠪᠠᠶᠢᠨ᠎ᠠ᠃ | 20 ᠳ᠋ᠤᠭᠠᠷ ᠵᠠᠭᠤᠨ ᠤ ᠡᠬᠢᠨ ᠢᠶᠠᠷ ᠤᠷᠤᠰ᠂ ᠠᠩᠭ᠍ᠯᠢ᠂ ᠠᠮᠧᠷᠢᠺᠡ᠂ ᠰᠸᠧᠳᠧᠨ ᠵᠡᠷᠬᠡ ᠤᠯᠤᠰ ᠤᠨ | ᠪᠡᠷᠳᠠᠭᠠ ᠰᠢᠨᠵᠢᠯᠡᠭᠴᠢᠳ ᠬᠠᠷ᠎ᠠ ᠬᠤᠳᠠ ᠳᠤ ᠬᠦᠷᠴᠦ᠂ ᠬᠠᠷ᠎ᠠ ᠬᠤᠳᠠ ᠶᠢᠨ ᠲᠤᠬᠠᠢ ᠤᠯᠠᠨ ᠲᠡᠮᠳᠡᠭᠯᠡᠯ ᠵᠢᠷᠤᠭᠯᠠᠯ | ᠦᠯᠡᠳᠡᠭᠡᠭᠰᠡᠨ ᠪᠤᠯᠪᠠᠴᠦ ᠲᠡᠨᠳᠡᠬᠢ ᠦᠨ᠎ᠠ ᠴᠠᠨ᠎ᠠ ᠲᠠᠢ ᠡᠳ᠋ ᠡᠷᠳᠡᠨᠢᠰ᠂ ᠬᠤᠪᠤᠷ ᠴᠤᠬᠠᠭ ᠲᠡᠤᠬᠡᠨ ᠲᠤᠷᠠᠰᠬᠠᠯᠳᠦ | ᠵᠦᠢᠯᠡᠰ ᠢ ᠴᠦᠯᠪᠡᠨ ᠠᠪᠠᠴᠢᠬᠰᠠᠨ ᠢᠶᠠᠷ ᠪᠠᠷᠠᠬᠤ ᠦᠬᠡᠢ᠂ ᠡᠨᠡᠬᠦ ᠡᠷᠳᠡᠨ ᠤ ᠦᠯᠡᠳᠡᠭᠳᠡᠯ ᠪᠠᠭᠤᠷᠢ ᠳᠤ ᠬᠦᠨᠳᠤ | ᠨᠤᠴᠢᠳᠡᠢ ᠡᠪᠳᠡᠯᠡᠭᠡ ᠰᠦᠢᠳᠦᠯ ᠭᠠᠷᠭᠠᠬᠰᠠᠨ ᠪᠠᠶᠢᠨ᠎ᠡ᠃ | ᠺᠤᠽᠯᠤᠸ᠋ ᠤᠨ ᠵᠢᠷᠤᠭᠯᠠᠬᠰᠠᠨ ᠬᠠᠷ᠎ᠠ ᠬᠤᠳᠠ | 1908 ᠤᠨ ᠤ 3 ᠰᠠᠷ᠎ᠠ ᠶᠢᠨ 19 ᠤ ᠡᠳᠤᠷ ᠪᠤᠯᠤᠨ 1909 ᠤᠨ ᠤ 5 ᠰᠠᠷ᠎ᠠ ᠶᠢᠨ 22 ᠤᠨ ᠡᠳᠤᠷ᠂ | ᠺᠤᠽᠯᠤᠸ᠋ ᠤᠨ ᠲᠠᠭᠠᠭᠤᠯᠭ᠎ᠠ ᠪᠠᠷ ᠬᠠᠭᠠᠠᠳᠤ ᠤᠷᠤᠰ ᠤᠨ ᠪᠠᠷᠳᠠᠭ᠎ᠠ ᠰᠢᠡᠵᠢᠯᠠᠭᠡᠨ ᠤ ᠠᠩᠬᠢ ᠶᠢᠨ ᠬᠢᠨ ᠤᠷᠢᠤᠨ | ᠬᠤᠵᠢᠤᠨ ᠬᠤᠶᠠᠷ ᠤᠳᠠᠭ᠎ᠠ ᠡᠵᠠᠨ᠎ᠠ ᠳᠠᠬᠢ ᠬᠠᠷ᠎ᠠ ᠬᠤᠳᠠ ᠶᠢᠨ ᠪᠠᠭᠤᠷᠢ ᠳᠤ ᠬᠦᠷᠴᠤ ᠬᠠᠭᠤᠴᠢ ᠮᠠᠯᠳᠠᠯᠭ᠎ᠠ ᠬᠢᠭᠰᠡᠨ | ᠪᠠᠶᠢᠨ᠎ᠠ᠃ | ᠺᠤᠽᠯᠤᠸ᠋ ︽ᠮᠤᠩᠭᠤᠯ᠂ ᠠᠮᠳᠤᠤ ᠪᠤᠯᠤᠨ ᠰᠦᠨᠥᠭᠰᠠᠨ ᠬᠤᠳᠠ — ᠬᠠᠷ᠎ᠠ ᠬᠤᠳᠠ︾ ᠭᠡᠬᠦ ᠪᠠᠷᠳᠠᠭ᠎ᠠ | ᠰᠢᠡᠵᠢᠯᠠᠭᠡᠨ ᠤ ᠨᠠᠷᠠᠳᠤ ᠪᠦᠳᠤᠭᠡᠯ ᠳᠡᠭᠡᠨ ᠬᠠᠷ᠎ᠠ ᠬᠤᠳᠠ ᠳᠠᠬᠢ ᠮᠠᠯᠳᠠᠯᠭ᠎ᠠ ᠶᠢᠨ ᠲᠤᠬᠠᠢ ᠨᠠᠷᠢᠨ ᠲᠠᠮᠳᠡᠭᠯᠠᠯ ᠬᠢᠵᠠᠢ᠃ | ᠲᠠᠷᠨ ᠲᠠᠮᠳᠡᠭᠯᠠᠯ ᠳᠡᠭᠡᠨ ᠢᠡᠭᠬᠢᠵᠤ ᠲᠠᠮᠳᠡᠭᠯᠡᠭᠰᠠᠨ ᠪᠠᠶᠢᠳᠠᠭ᠄ | ᠪᠠᠷᠳᠠᠭ᠎ᠠ ᠰᠢᠡᠵᠢᠯᠠᠭᠡᠨ ᠤ ᠠᠩᠬᠢ ᠬᠦᠷᠴᠤ ᠢᠷᠡᠭᠰᠠᠨ ᠴᠠᠬ ᠠᠴᠠ ᠡᠬᠢᠯᠠᠨ ᠡᠨᠡ ᠬᠦ ᠰᠦᠨᠤᠵᠤ | ᠬᠠᠶᠠᠭᠳᠠᠭᠰᠠᠨ ᠬᠤᠳᠠ ᠮᠠᠰᠢ ᠬᠦᠭᠵᠢᠭᠡᠨ ᠲᠠᠢ ᠪᠤᠯᠤᠯ᠎ᠠ᠃ ᠬᠦᠮᠤᠰ ᠭᠡᠮᠵᠢᠨ ᠵᠢᠷᠤᠭᠯᠠᠬᠤ ᠶᠢᠨ ᠲᠠᠭᠠᠤ ᠮᠠᠯᠳᠠᠯᠭ᠎ᠠ | ᠬᠢᠵᠤ ᠨᠠᠰᠢ ᠴᠠᠰᠢ ᠵᠦᠷᠢᠯᠳᠤᠨ ᠮᠠᠰᠢ ᠶᠠᠭᠠᠷᠠᠯᠳᠠᠢ ᠠᠵᠢᠯᠯᠠᠵᠠᠭᠠᠨ᠎ᠠ᠃ | ᠬᠠᠷ᠎ᠠ ᠬᠤᠳᠠ ᠶᠢᠨ ᠬᠠᠷᠢᠴᠠᠩᠭᠤᠢ ᠦᠡᠳᠤᠷ ᠨᠢ 870 ᠮᠧᠳ᠋ᠷ᠂ ᠦᠷᠭᠡᠷᠢᠭ ᠨᠢ 41°45 '45"᠂ | ᠤᠷᠳᠤᠷᠢᠭ ᠨᠢ 101°5'58" ᠤᠨ ᠭᠠᠵᠠᠷ ᠵᠦᠢ ᠶᠢᠨ ᠪᠠᠶᠢᠷᠢᠰᠢᠯ ᠳᠤ ᠪᠠᠶᠢᠳᠠᠭ᠃ ᠬᠠᠷ᠎ᠠ ᠬᠤᠳᠠ ᠶᠢᠨ | ᠬᠤᠳᠠ ᠶᠢᠨ ᠭᠡᠷᠠᠮ ᠤᠨ ᠦᠡᠳᠤᠷ ᠨᠢ 4 ᠪᠠᠰᠤᠮ ︵1 ᠪᠠᠰᠤᠮ =2.13m︶᠂ ᠰᠠᠭᠤᠷᠢ ᠶᠢᠨ ᠵᠤᠵᠠᠭᠠᠨ ᠨᠢ 2 | — 3 ᠪᠠᠰᠤᠮ᠂ ᠤᠷᠤᠢ ᠶᠢᠨ ᠵᠤᠵᠠᠭᠠᠨ ᠨᠢ 1 —1.5 ᠪᠠᠰᠤᠮ᠂ ᠭᠡᠷᠠᠮ ᠤᠨ ᠵᠠᠷᠢᠮ ᠭᠡᠰᠡᠭ ᠲᠤᠨᠢ ᠰᠠᠯᠪᠢᠵᠤ | ᠵᠠᠰᠠᠭᠰᠠᠨ ᠤᠷᠤᠮ ᠪᠠᠶᠢᠬᠤ ᠪᠦᠭᠡᠤᠨ ᠬᠤᠳᠠ ᠶᠢᠨ ᠬᠤᠶᠢᠳᠤ ᠭᠡᠷᠠᠮ ᠤᠨ ᠲᠤᠮᠳᠠ ᠮᠤᠷᠢᠳᠠᠢ ᠬᠦᠮᠤᠨ ᠤᠷᠤᠵᠤ | ᠪᠠᠭᠳᠠᠬᠤ ᠨᠢᠭᠡᠨ ᠠᠮᠨ ᠪᠠᠶᠢᠯ᠎ᠠ᠃ ᠪᠦᠬᠦᠯᠢ ᠬᠠᠷ᠎ᠠ ᠬᠤᠳᠠ ᠨᠢ ᠵᠠᠭᠡᠯᠢ ᠭᠤᠳᠤᠮᠵᠢ ᠪᠤᠯᠤᠨᠭᠤᠳᠤᠮᠵᠢ ᠶᠢᠨ ᠵᠠᠮ ᠢᠶᠠᠷ | ᠪᠦᠷᠢᠯᠳᠤᠵᠠᠢ᠃ ᠬᠤᠳᠠᠯᠳᠤᠭᠠᠨ ᠤ ᠵᠠᠭᠡᠯᠢ ᠪᠤᠯᠤᠨ ᠭᠤᠤᠯ ᠵᠠᠭᠡᠯᠢ ᠶᠢᠨ ᠵᠠᠮ ᠤᠨ ᠰᠠᠭᠤᠷᠢ ᠨᠢ ᠪᠠᠬᠢᠯᠢᠭ᠌ ᠬᠠᠳᠠᠭᠤ᠂ | ᠬᠤᠶᠠᠷ ᠲᠠᠯ᠎ᠠ ᠪᠠᠷ ᠨᠢ ᠤᠯᠠᠨ ᠵᠢᠵᠢᠭ ᠰᠢᠪᠠᠷ ᠪᠠᠶᠢᠰᠢᠩ ᠤᠳ ᠵᠠᠯᠭᠠᠯᠳᠤᠵᠠᠢ᠃ ᠭᠡᠪᠠᠴᠤ ᠲᠤᠮᠤ ᠬᠦᠷᠢᠶ᠎ᠠ | ᠬᠠᠰᠢᠶ᠎ᠠ ᠲᠠᠢ ᠭᠤᠶᠤ ᠭᠡᠭᠡᠨᠴᠢᠷ ᠪᠠᠶᠢᠰᠢᠩ ᠮᠠᠰᠢ ᠴᠦᠭᠡᠨ ᠬᠠᠷᠠᠭᠳᠠᠨ᠎ᠠ᠃ ᠶᠠᠷᠤ ᠲᠤᠪᠤᠷᠬᠠᠭ ᠭᠠᠵᠠᠷ ᠢ | ᠮᠠᠯᠳᠠᠭᠰᠠᠭᠠᠷ ᠯᠠ ᠪᠤᠭᠤᠳᠠᠢ ᠶᠢᠨ ᠰᠦᠷᠠᠯ᠂ ᠬᠤᠯᠤᠰᠤᠨ ᠰᠦᠯᠵᠢᠮᠠᠯ᠂ ᠮᠤᠳᠤᠨ ᠪᠠᠭᠠᠨ᠎ᠠ ᠵᠠᠷᠭᠡ ᠢᠯᠠᠷᠠᠵᠤ | ᠪᠠᠶᠢᠭ᠎ᠠ ᠪᠠᠷ ᠨᠢ ᠭᠡᠷ ᠤᠨ ᠠᠳᠠᠷ ᠨᠢᠭᠡᠨᠳᠠ ᠨᠤᠷᠠᠵᠤ ᠲᠠᠷᠤᠰᠢᠠᠠᠰᠠᠨ ᠢ ᠦᠵᠠᠬᠦᠯᠵᠤ ᠪᠠᠶᠢᠭ᠎ᠠ ᠶᠤᠮ᠃ ᠵᠢᠵᠢᠭ | ᠰᠦᠮ᠎ᠠ ᠨᠦᠭᠦᠳ ᠪᠤᠯᠤᠨ ᠲᠤᠭ᠎ᠠ ᠦᠭᠡᠢ ᠤᠯᠠᠨ ᠪᠠᠷᠢᠯᠭ᠎ᠠ ᠨᠤᠭᠤᠳ ᠨᠢᠭᠡᠨᠳᠠ ᠨᠤᠷᠠᠵᠤ ᠰᠦᠢᠳᠤᠭᠡᠤᠨ ᠡᠯᠠᠰᠤ | ᠬᠠᠶᠢᠷᠬᠠᠭ ᠲᠤ ᠲᠠᠷᠤᠭᠳᠠᠵᠤ ᠦᠡᠭᠭᠡ ᠪᠤᠳᠤᠭ ᠨᠢ ᠢᠯᠭᠠᠷᠠᠭᠰᠠᠨ ᠱᠠᠭᠠᠵᠠᠩ ᠤᠨ ᠭᠡᠯᠳᠠᠷᠭᠡᠢ ᠪᠦᠷᠬᠦᠭᠰᠠᠨ ᠲᠤᠪᠤ | ᠪᠤᠯᠤᠨ ᠬᠤᠴᠤᠷᠴᠠᠢ᠃ ᠮᠦᠨ ᠲᠠᠮᠤᠷ ᠰᠢᠷᠠᠮᠤ ᠶᠢᠨ ᠵᠢᠪᠠᠷᠡᠭᠰᠠᠨ ᠭᠡᠯᠳᠠᠷᠭᠡᠢ ᠡ᠊ᠡᠳᠠ ᠲᠠᠡᠳᠠ ᠦᠭᠡᠢ ᠬᠠᠷᠠᠭᠳᠠᠬᠤ | ᠪᠤᠯᠪᠠᠴᠤ ᠬᠠᠷᠢᠨ ᠵᠠᠰ ᠭᠠᠤᠯᠢ ᠮᠦᠡᠭᠬᠦᠨ ᠤ ᠵᠦᠢᠯᠠᠰ ᠮᠠᠰᠢ ᠬᠤᠪᠤᠷ ᠬᠠᠷᠠᠭᠳᠠᠬᠤ ᠠᠵᠢ᠃ | ᠪᠠᠳᠤ ᠪᠠᠬᠢ ᠲᠦᠷᠪᠠᠯᠵᠢᠨ ᠳᠤᠭᠤᠰᠬ᠎ᠠ ᠪᠠᠷ ᠵᠢᠵᠢᠭ ᠰᠦᠮ᠎ᠠ ᠶᠢᠨ ᠰᠠᠭᠤᠷᠢ ᠪᠤᠯᠭᠠᠵᠠᠢ᠃ ᠪᠢᠳᠠ ᠬᠦᠡᠳᠤ ᠨᠢ | 18 ᠹᠥᠲ ︵7kg︶ ᠤᠷᠳᠤ ᠲᠦᠷᠪᠠᠯᠵᠢᠨ ᠲᠤᠭᠤᠰᠭᠠ ᠪᠤᠯᠤᠨ 36 ᠹᠥᠲ ︵14.5 kg︶ ᠬᠦᠡᠳᠤ ᠲᠡᠭᠰᠢ | ᠲᠦᠷᠪᠠᠯᠵᠢᠨ ᠲᠤᠭᠤᠰᠬ᠎ᠠ ᠶᠢ ᠵᠬᠠᠪᠤᠷ ᠪᠤᠯᠭᠠᠵᠤ ᠬᠠᠳᠠᠭᠠᠯᠠᠪᠠᠢ᠃ ᠰᠦᠮ᠎ᠠ ᠶᠢᠨ ᠭᠡᠷᠠᠮ ᠢ ᠲᠠᠳᠠᠭᠤᠬᠠᠨ ᠰᠢᠷᠠᠭᠰᠠᠨ | ᠲᠤᠭᠤᠰᠬ᠎ᠠ ᠪᠠᠷ ᠦᠷᠥᠭᠰᠠᠨ ᠪᠤᠯᠬᠤᠷ ᠰᠠᠭᠤᠷᠢ ᠶᠢᠨ ᠲᠤᠭᠤᠰᠬ᠎ᠠ ᠮᠠᠳᠤ ᠪᠠᠬᠢᠯᠢᠭ᠌ ᠪᠤᠰᠤ᠃ ᠰᠦᠮ᠎ᠠ ᠶᠢᠨ ᠤᠷᠤᠢ ᠶᠢ | ᠭᠸᠤᠮᠧᠳ᠋ᠷ ᠤᠨ ᠠᠷᠭ᠎ᠠ ᠪᠠᠷ ᠬᠦᠳᠤᠬᠦᠷ ᠸᠠᠭᠠᠷ ᠢᠶᠠᠷ ᠴᠢᠮᠡᠭᠰᠠᠨ ᠢ ᠭᠠᠵᠠᠷ ᠰᠠᠢ ᠦᠭᠡᠢ ᠬᠠᠶᠠᠭᠳᠠᠭᠰᠠᠨ ᠬᠢᠯᠠᠭᠠᠷ | ᠸᠠᠭᠠᠷ ᠤᠨ ᠭᠡᠯᠳᠠᠷᠭᠡᠢ ᠠᠴᠠ ᠮᠠᠳᠠᠵᠤ ᠪᠤᠯᠬᠤ ᠶᠤᠮ᠃ ᠪᠠᠷᠳᠠᠭ᠎ᠠ ᠰᠢᠡᠵᠢᠯᠡᠭᠴᠢ ᠨᠠᠷ ᠤᠨ ᠮᠠᠯᠳᠠᠯᠭ᠎ᠠ ᠪᠠᠷ | ᠪᠠᠶᠢᠰᠢᠩ ᠤᠨ ᠪᠠᠭᠤᠷᠢ᠂ ᠲᠠᠯᠭᠡᠬᠦᠷ ᠤᠨ ᠪᠠᠭᠤᠷᠢ ᠠᠴᠠ ᠡᠳᠤᠢ ᠲᠠᠳᠤᠢ ᠠᠮᠢᠳᠤᠷᠠᠯ ᠤᠨ ᠭᠡᠷᠡᠭᠯᠡᠭᠳᠠᠬᠦᠨ᠂ ᠲᠠᠸᠠᠷ | ᠵᠢᠴᠢ ᠲᠡᠮᠦᠷᠯᠢᠭ ᠵᠤᠭᠤᠰ᠂ ᠴᠠᠭᠠᠰᠤᠨ ᠵᠤᠭᠤᠰ ᠪᠤᠯᠤᠨ ᠱᠠᠰᠢᠨ ᠤ ᠭᠡᠷᠡᠭᠰᠠᠯ ᠵᠠᠷᠭᠡ ᠶᠢ ᠮᠠᠯᠳᠠᠨ ᠢᠯᠠᠷᠠᠬᠦᠯᠦᠭᠰᠠᠨ | ᠪᠠᠶᠢᠨ᠎ᠠ᠃ | ᠪᠢᠳᠠᠨᠠᠷ ᠤᠨ ᠬᠠᠷ᠎ᠠ ᠬᠤᠳᠠ ᠳᠠᠬᠢ ᠮᠠᠯᠳᠠᠯᠭ᠎ᠠ ᠡᠮᠬᠢ ᠴᠡᠭᠴᠠ ᠲᠠᠢ ᠪᠦᠭᠡᠤᠨ ᠮᠠᠰᠢ ᠬᠢᠴᠢᠶᠠᠮᠵᠢᠳᠠᠢ | ᠶᠠᠪᠤᠭᠳᠠᠵᠤ ᠪᠠᠶᠢᠯ᠎ᠠ᠃ ᠮᠠᠯᠳᠠᠯᠭ᠎ᠠ ᠪᠠᠷ ᠤᠯᠤᠭᠰᠠᠨ ᠬᠠᠭᠤᠴᠢᠰ ᠨᠢ ᠪᠢᠳᠠ ᠪᠦᠬᠦᠨ ᠳᠤ ᠪᠠᠶᠠᠰᠤᠯ ᠰᠤᠴᠢᠯ | ᠠᠪᠴᠢᠷᠠᠵᠤ᠂ ᠢᠯᠠᠩᠭᠤᠶ᠎ᠠ ᠨᠢᠭᠡᠳᠤᠭᠡᠷ ᠪᠠᠭᠤᠷᠢ ᠠᠴᠠ ᠢᠯᠠᠷᠠᠬᠦᠯᠦᠭᠰᠠᠨ 0.081 × 0.067 ᠮᠧᠳ᠋ᠷ ᠤᠨ ᠲᠠᠪᠤᠤ | ᠲᠠᠭᠡᠷ᠎ᠠ ᠵᠢᠷᠤᠭᠰᠠᠨ ᠪᠤᠷᠬᠠᠨ ᠤ ᠬᠦᠷᠥᠭ ᠨᠢ ᠪᠠᠷᠳᠠᠭ᠎ᠠ ᠰᠢᠡᠵᠢᠯᠡᠭᠴᠢ ᠨᠠᠷ ᠤᠨ ᠮᠠᠯᠳᠠᠯᠭ᠎ᠠ ᠶᠢᠨ ᠤᠷᠮ᠎ᠠ ᠵᠤᠷᠢᠭ ᠢ | ᠬᠦᠭᠵᠢᠬᠦᠯᠦᠭᠰᠠᠨ ᠢ ᠶᠠᠭᠤᠨ ᠦᠬᠦᠯᠠᠬᠦ ᠪᠢᠯᠨ᠃ ᠡᠨᠡ ᠬᠦ ᠪᠤᠷᠬᠠᠨ ᠤ ᠵᠢᠷᠤᠭ ᠨᠢ ᠪᠠᠷᠤᠭ ᠪᠤᠷᠬᠠᠨ ᠱᠠᠰᠢᠨ ᠤ ᠨᠢᠭᠡᠨ | ᠬᠤᠸᠠᠷᠠᠭ ᠢ ᠵᠢᠷᠤᠭᠰᠠᠨ ᠶᠠᠩᠵᠤᠳᠠᠢ᠃ ᠡᠨᠡ ᠬᠤᠸᠠᠷᠠᠭ ᠨᠢ ᠡᠨᠠᠤᠡᠭᠡᠭ ᠤᠨ ᠱᠠᠰᠢᠨ ᠲᠠᠯᠭᠡᠷᠠᠬᠦᠯᠦᠭᠴᠢ ᠪᠤᠯᠤᠯᠳᠠᠢ᠃ | ᠴᠠᠬ ᠦᠶ᠎ᠠ ᠠᠴᠠ ᠨᠢ ᠦᠵᠠᠪᠠᠯ ᠲᠦᠪᠠᠤᠨ ᠤᠨ ᠨᠠᠷᠤᠪᠠ ᠵᠢᠴᠢ ᠲᠠᠬᠦᠨ ᠤ ᠪᠠᠭᠰᠢ ᠮᠠᠷᠪᠠ ᠪᠠᠤᠠᠮᠠᠰᠠᠮᠪᠠᠸᠠ ᠮᠠᠳᠤ ᠶᠢᠨ | ᠡᠷᠳᠠᠨ ᠤ ᠱᠠᠰᠢᠨ ᠲᠠᠯᠭᠡᠷᠠᠬᠦᠯᠦᠭᠴᠢ ᠪᠤᠯᠬᠤ ᠮᠠᠭᠠᠤᠨ ᠲᠠᠢ᠃ ᠪᠤᠷᠬᠠᠨ ᠤ ᠲᠦᠷᠬᠦ ᠪᠠᠶᠢᠳᠠᠯ ᠵᠢᠴᠢ ᠲᠤᠯᠤᠭᠠᠢ | ᠲᠠᠭᠡᠷᠠᠬᠢ ᠭᠡᠷᠠᠯᠳᠤ ᠴᠠᠭᠠᠷᠢᠭ᠂ ᠲᠠᠪᠢᠰᠭᠡᠷ ᠵᠢᠷᠤᠭ ᠲᠠᠬᠢ ᠵᠢᠵᠢᠭ ᠴᠡᠴᠡᠭᠡᠰ᠂ ᠡᠨᠡ ᠪᠦᠬᠦᠨ ᠨᠢ ᠪᠸᠡᠭᠭᠠᠯ ᠤᠨ | ᠪᠤᠷᠬᠠᠨ ᠤ ᠵᠢᠷᠤᠭ ᠲᠠᠢ ᠶᠠᠭᠠᠬᠢᠬᠤ ᠶᠢᠨ ᠠᠷᠭ᠎ᠠ ᠦᠭᠡᠢ ᠲᠦᠰᠤᠭᠡᠳᠠᠢ ᠠᠵᠢ᠃ 11 — 13 ᠳ᠋ᠤᠭᠠᠷ ᠵᠠᠭᠤᠨ ᠤ | ᠡᠶᠢᠮᠤᠷᠬᠦ ᠨᠠᠷᠢᠯᠢᠭ ᠵᠢᠷᠤᠭᠰᠠᠨ ᠵᠢᠷᠤᠭ ᠪᠢᠳᠠᠨ ᠳᠤ ᠪᠠᠶᠢᠭ᠎ᠠ ᠦᠭᠡᠢ ᠶᠤᠮ᠃ | ᠡᠨᠡ ᠵᠢᠷᠤᠮᠠᠯ ᠬᠦᠷᠥᠭ ᠠᠴᠠ ᠭᠠᠳᠠᠨ᠎ᠠ᠂ ᠪᠢᠳᠠ ᠨᠢᠭᠡᠳᠤᠭᠡᠷ ᠪᠠᠭᠤᠷᠢ ᠠᠴᠠ ᠪᠦᠳᠤᠬᠦᠯᠢᠭ ᠤᠢᠢᠯᠠᠳᠥᠭᠰᠠᠨ | ᠬᠦᠡᠳᠤ ᠲᠡᠮᠦᠷᠯᠢᠭ ᠰᠠᠪᠠ᠂ ᠪᠠᠷᠠᠭᠤᠨ ᠰᠢᠶᠠ ᠤᠯᠤᠰ ᠤᠨ ᠪᠢᠴᠢᠭ ᠲᠠᠢ ᠭᠠᠷ ᠪᠢᠴᠢᠮᠠᠯ ᠤᠨ ᠲᠠᠰᠤᠷᠬᠠᠢ ᠵᠠᠷᠭᠡ ᠶᠢ | ᠢᠯᠠᠷᠠᠬᠦᠯᠪᠠ᠃ ᠡᠳᠠᠭᠡᠷ ᠭᠠᠷ ᠪᠢᠴᠢᠮᠠᠯ ᠤᠨ ᠲᠠᠰᠤᠷᠬᠠᠢ ᠨᠢ ᠴᠦᠮ ᠲᠠᠤᠭᠡ ᠶᠢᠨ ᠤᠯᠳᠠᠰᠢ ᠦᠭᠡᠢ ᠦᠨᠠᠳᠤ | ᠮᠠᠲ᠋ᠧᠷᠢᠶᠠᠯ ᠪᠤᠯᠬᠤ ᠶᠤᠮ᠃ ᠪᠢᠳᠠᠨᠠᠷ ᠤᠨ ᠰᠠᠤᠡᠬᠢᠯ ᠢ ᠶᠡᠭᠡ ᠪᠠᠷ ᠲᠤᠭᠳᠤᠯᠤᠭᠤᠯᠵᠤ ᠤᠷᠮᠠᠰᠢᠯ ᠢ ᠮᠠᠰᠢ ᠶᠡᠭᠡ | ᠲᠠᠳᠠᠭᠰᠠᠨ ᠨᠢ ᠬᠠᠰᠢᠯᠠ A ᠰᠤᠪᠤᠷᠭ᠎ᠠ ᠠᠴᠠ ᠢᠯᠠᠷᠠᠬᠦᠯᠦᠭᠰᠠᠨ ᠪᠠᠷᠠᠭᠤᠨ ᠰᠢᠶᠠ ᠤᠯᠤᠰ ᠤᠨ ᠪᠢᠴᠢᠭ ᠲᠠᠢ | ᠭᠤᠷᠪᠠᠨ ᠰᠤᠳᠤᠷ᠂ ᠭᠤᠴᠢ ᠰᠢᠬᠠᠮ ᠭᠠᠷ ᠪᠢᠴᠢᠮᠠᠯ ᠤᠨ ᠵᠢᠵᠢᠭ ᠲᠠᠪᠳᠠᠷ ᠪᠤᠯᠤᠨ ᠦᠡᠭᠭᠡ ᠪᠤᠳᠤᠭ ᠨᠢ ᠰᠠᠶᠢᠬᠠᠨ | ᠢᠯᠭᠠᠷᠠᠵᠤ ᠪᠦᠷᠢᠨ ᠪᠦᠳᠤᠨ ᠢᠶᠠᠷ ᠢᠶᠠᠨ ᠪᠠᠶᠢᠭ᠎ᠠ ︽ᠠᠪᠢᠳᠠ ᠪᠤᠷᠬᠠᠨ ᠤ ᠰᠢᠳᠢ ᠪᠠᠨ ᠦᠵᠠᠬᠦᠯᠦᠭᠰᠠᠨ︾ ᠬᠦᠷᠥᠭ | ᠵᠠᠷᠭᠡ ᠪᠤᠯᠤᠨ᠎ᠠ᠃ | ᠮᠠᠯᠳᠠᠯᠭ᠎ᠠ ᠪᠠᠷ ᠢᠯᠠᠷᠠᠬᠦᠯᠦᠭᠰᠠᠨ ᠱᠠᠭᠠᠵᠡᠩ ᠱᠤᠭᠤᠮᠠᠯ ᠪᠤᠷᠬᠠᠨ ᠤ ᠢᠨᠢᠶᠠᠮᠰᠥᠭᠯᠠᠯ ᠲᠦᠷᠢ ᠵᠢᠴᠢ ᠲᠠᠬᠦᠨ ᠤ | ᠠᠯᠳᠠ ᠪᠠᠷ ᠦᠡᠭᠭᠡᠯᠡᠭᠰᠠᠨ ᠨᠢᠭᠤᠷ᠂ ᠬᠠᠷ᠎ᠠ ᠬᠦᠷᠠᠩ ᠦᠰᠤ ᠨᠢ ᠠᠮᠢᠳᠤ ᠮᠠᠳᠤ᠃ ᠡᠨᠡ ᠱᠠᠭᠠᠵᠠᠩ ᠪᠤᠷᠬᠠᠨ | ᠭᠡᠳᠦ᠋ᠢᠪᠠᠷ ᠪᠤᠷᠬᠠᠨ ᠤ ᠱᠠᠰᠢᠨ ᠤ ᠶᠤᠰᠤ ᠶᠢ ᠲᠠᠭᠠᠵᠤ ᠪᠦᠳᠤᠭᠡᠭᠰᠠᠨ ᠪᠤᠯᠪᠠᠴᠤ ᠲᠠᠬᠦᠨ ᠤ ᠢᠨᠢᠶᠠᠮᠰᠥᠭᠯᠠᠯ ᠲᠦᠷᠢ | ᠵᠠᠷᠭᠡ ᠭᠡᠷᠬᠢᠪᠠᠴᠤ ᠡᠨᠠᠤᠠᠭᠡᠭ ᠤᠨ ᠭᠠᠷ ᠤᠷᠠᠯᠠᠯ ᠪᠢᠰᠢ ᠪᠤᠯᠬᠤ ᠨᠢ ᠲᠤᠳᠤᠷᠬᠠᠢ᠃ ᠡᠳᠠᠭᠡᠷ ᠠᠴᠠ ᠭᠠᠳᠠᠨ᠎ᠠ᠂ | ᠮᠠᠯᠳᠠᠯᠭ᠎ᠠ ᠪᠠᠷ ᠪᠠᠰᠠ ᠭᠡᠪᠯᠠᠯ ᠳᠤ ᠭᠡᠷᠡᠭᠯᠠᠬᠦ ᠪᠤᠷᠬᠠᠨ ᠤ ᠬᠦᠷᠥᠭ ᠤᠨ ᠰᠠᠶᠢᠯᠤᠮᠠᠯ ᠮᠤᠳᠤᠨ ᠪᠠᠷ ᠵᠢᠴᠢ ᠬᠢᠳᠠᠤᠨ | ᠬᠢᠴᠠ ᠪᠦᠬᠦᠢ ᠴᠢᠯᠠᠭᠤᠨ ᠪᠤᠷᠬᠠᠨ ᠤ ᠱᠤᠭᠤᠮᠠᠯ ᠤᠳ ᠢ ᠢᠯᠠᠷᠠᠬᠦᠯᠪᠠ᠃ | ᠪᠢᠳᠠ B ᠰᠤᠪᠤᠷᠭ᠎ᠠ ᠠᠴᠠ ᠭᠡᠳᠤᠨ ᠲᠤᠩᠭᠠᠯᠠᠭ ᠪᠠᠶᠠᠳᠤ ᠪᠤᠷᠬᠠᠨ ᠤ ᠨᠢᠳᠤᠨ ᠴᠡᠴᠡᠭᠡᠢ ᠶᠢ ᠮᠠᠯᠳᠠᠨ | ᠢᠯᠠᠷᠠᠬᠦᠯᠪᠠ᠃ ᠡᠨᠡ ᠨᠢ ᠪᠠᠷᠤᠭ ᠪᠤᠷᠬᠠᠨ ᠤ ᠰᠢᠪᠠᠷ ᠪᠠᠶ᠎ᠠ ᠨᠢ ᠤᠨ ᠤᠳᠠᠭᠠᠨ ᠳᠤ ᠡᠪᠳᠡᠭᠳᠠᠨ ᠰᠦᠢᠷᠠᠭᠡᠤᠨ | ᠵᠦᠪᠭᠡᠨ ᠬᠠᠳᠠᠭᠤ ᠪᠠᠶᠠᠳᠤ ᠴᠡᠴᠡᠭᠡᠢ ᠨᠢ ᠦᠯᠠᠳᠡᠭᠰᠠᠨ ᠶᠠᠩᠵᠤᠳᠠᠢ᠃ ᠢᠯᠠᠩᠭᠤᠶ᠎ᠠ ᠮᠠᠨ ᠤ ᠮᠠᠯᠳᠠᠵᠤ ᠤᠯᠤᠭᠰᠠᠨ | ᠰᠠᠶᠢᠬᠠᠨ ᠦᠡᠭᠭᠡᠯᠠᠵᠤ ᠭᠤᠶᠤᠯᠠᠭᠤᠯᠤᠭᠰᠠᠨ ᠪᠤᠯᠤᠷ ᠴᠢᠯᠠᠭᠤᠨ ᠴᠡᠴᠡᠭᠡᠢ ᠨᠢ ᠪᠠᠷᠳᠠᠭ᠎ᠠ ᠰᠢᠡᠵᠢᠯᠡᠭᠴᠢ ᠶᠢᠨ ᠨᠢᠳᠤ ᠶᠢ | ᠬᠤᠵᠢᠷᠯᠠᠯᠠ᠃ | ᠭᠤᠷᠪᠠᠳᠤᠭᠠᠷ ᠨᠤᠮᠧᠷᠳᠤ ᠪᠠᠭᠤᠷᠢ ᠪᠤᠯ ᠢᠰᠯᠠᠮ ᠤᠨ ᠰᠦᠵᠢᠭᠳᠡᠨ ᠨᠠᠷ ᠤᠨ ᠰᠠᠭᠤᠷᠢᠨ ᠪᠠᠶᠢᠭᠰᠠᠨ ᠭᠡᠵᠤ | ᠲᠤᠰ ᠭᠠᠵᠠᠷ ᠤᠨ ᠲᠤᠷᠭᠤᠤᠠᠴᠤᠤᠨ ᠭᠡᠯᠠᠳᠡᠭ᠃ ᠡᠳᠠᠭᠡᠷ ᠰᠠᠭᠤᠷᠢᠨ ᠨᠤᠭᠤᠳ ᠨᠢ ᠬᠤᠳᠠ ᠶᠢᠨ ᠪᠠᠷᠠᠭᠤᠨ ᠡᠮᠤᠨ᠎ᠠ | ᠦᠠᠴᠥᠭ ᠲᠠᠬᠢ ᠯᠠᠯᠤ ᠶᠢᠨ ᠰᠦᠮ᠎ᠠ ᠶᠢᠨ ᠬᠠᠵᠠᠭᠤ ᠪᠠᠷ ᠪᠠᠶᠢᠷᠢᠰᠢᠵᠠᠢ᠃ ᠪᠢᠳᠠ ᠯᠠᠯᠤ ᠶᠢᠨ ᠰᠦᠮ᠎ᠠ ᠲᠤᠳᠤᠷ᠎ᠠ ᠠᠴᠠ | ᠤᠯᠠᠨ ᠲᠤᠭᠠᠨ ᠤ ᠫᠧᠷᠰ ᠪᠢᠴᠢᠭ ᠤᠨ ᠭᠠᠷ ᠪᠢᠴᠢᠮᠠᠯ ᠤᠨ ᠬᠠᠭᠤᠳᠠᠰᠤ ᠤᠯᠪᠠ᠃ С · Ф · ᠤᠯᠳᠠᠠᠪᠦ᠋ᠷᠡᠭ ᠤᠨ | ᠬᠢᠨᠠᠵᠤ ᠲᠤᠳᠤᠯᠠᠭᠰᠠᠨ ᠢᠶᠠᠷ᠂ ᠡᠳᠠᠭᠡᠷ ᠬᠠᠭᠤᠳᠠᠰᠤ ᠨᠤᠭᠤᠳ ᠤᠨ ᠨᠢᠭᠡᠨ ᠳᠤᠨᠢ ᠫᠧᠷᠰ ᠤᠨ ᠨᠠᠷᠠᠳᠤ ᠵᠤᠬᠢᠶᠠᠯ | ᠪᠤᠯᠬᠤ ︽ᠲᠤᠯᠤᠭᠠᠨ ᠮᠠᠷᠭᠡᠨ︾ ᠭᠡᠮᠠᠬᠦ ᠦᠯᠢᠭᠡᠷ ᠤᠨ ᠲᠠᠰᠤᠷᠬᠠᠢ ᠪᠠᠶᠢᠵᠤ᠂ ᠡᠬᠦᠨ ᠢ ᠪᠠᠰᠠ ᠵᠢᠳ᠋ᠺ — ᠠᠰᠢᠳ᠋ | — ᠪᠠᠶᠢᠲ ᠭᠡᠳᠡᠭ ᠴᠤ ᠪᠠᠶᠢᠵᠠᠢ᠃ ᠮᠠᠰᠢ ᠨᠠᠡᠳᠢᠨ ᠡᠳ᠋ ᠪᠤᠯᠬᠤ ᠶᠤᠮ᠃ | ᠮᠠᠯᠳᠠᠯᠭ᠎ᠠ ᠪᠠᠷ ᠪᠢᠳᠠ ᠪᠠᠰᠠ ᠢᠰᠯᠠᠮ ᠤᠨ ᠦᠡᠭᠭᠡ ᠪᠤᠳᠤᠭ ᠪᠦᠬᠦᠢ ᠨᠤᠮ ᠰᠤᠳᠤᠷ᠂ ᠡᠬᠦᠨ ᠤ ᠲᠤᠮᠳᠠᠬᠢ | ᠨᠢᠭᠡᠨ ᠬᠠᠳᠠᠭᠤ ᠬᠠᠪᠳᠠᠰᠤ ᠲᠠᠢ ᠨᠤᠮ ᠤᠨ ᠲᠤᠳᠤᠷᠠᠬᠢ ᠵᠢᠷᠤᠭ ᠢ H · M · ᠪᠢᠯᠠᠶᠤᠽᠤᠸ᠋ ᠤᠨ ᠰᠠᠷᠬᠦᠭᠡᠨ | ᠲᠤᠳᠤᠯᠠᠭᠰᠠᠨ ᠢᠶᠠᠷ᠂ ᠲᠠᠷᠨ ᠨᠢ ᠳ᠋ᠦᠨᠬᠤᠸᠠᠩ ᠳᠠᠬᠢ ᠲᠠᠩ ᠤᠯᠤᠰ ᠤᠨ ᠡᠴᠤᠰ ᠤᠨ ᠦᠶ᠎ᠠ ᠪᠤᠯᠤᠨ ᠰᠦᠡᠭ | ᠤᠯᠤᠰ ᠤᠨ ᠦᠶ᠎ᠠ ᠶᠢᠨ ᠴᠢᠮᠡᠭᠯᠠᠯ ᠤᠨ ᠵᠢᠷᠤᠭ ᠲᠠᠢ ᠠᠳᠠᠯᠢᠪᠳᠤᠷ ᠪᠤᠯᠬᠤᠷ ᠬᠢᠳᠠᠤᠨ ᠪᠤᠯᠤᠨ ᠡᠨᠡᠤᠠᠭᠡᠭ ᠤᠨ ᠭᠡᠪ | ᠭᠤᠷᠢᠮ ᠢ ᠬᠠᠳᠠᠭᠠᠯᠠᠭᠰᠠᠨ ᠨᠢ ᠢᠯᠠᠷᠭᠡᠢ᠃ ᠪᠠᠰᠠ ᠬᠤᠶᠠᠷ ᠪᠦᠰᠠ ᠭᠡᠯᠪᠠᠷᠢᠳᠠᠢ ᠤᠭᠠᠯᠵᠠᠯᠠᠭᠰᠠᠨ ᠵᠢᠷᠤᠭ ᠲᠠᠢ | ᠶᠠᠭᠤᠮ᠎ᠠ ᠨᠢ ᠢᠰᠯᠠᠮ ᠪᠤᠯᠤᠨ ᠫᠧᠷᠰ ᠤᠨ ᠤᠨᠴᠠᠯᠢᠬ ᠢ ᠬᠠᠳᠠᠭᠠᠯᠠᠵᠠᠢ᠃ С · Ф · ᠤᠯᠳᠠᠠᠪᠦ᠋ᠷᠡᠭ ᠤᠨ ᠰᠢᠡᠵᠢᠨ | ᠲᠤᠳᠤᠯᠠᠭᠰᠠᠨ ᠢᠶᠠᠷ᠂ ᠮᠠᠨ ᠤ ᠢᠯᠠᠷᠠᠬᠦᠯᠦᠭᠰᠠᠨ ᠡᠳᠠᠭᠡᠷ ᠬᠠᠭᠤᠴᠢᠰ ᠪᠤᠯᠪᠠᠰᠤ 13 ᠳ᠋ᠤᠭᠠᠷ ᠵᠠᠭᠤᠨ ᠤ ᠶᠠᠭᠤᠮ᠎ᠠ | ᠪᠤᠯᠬᠤ ᠨᠢ ᠰᠡᠵᠢᠭᠯᠡᠰᠢ ᠦᠭᠡᠢ ᠭᠡᠵᠠᠢ᠃ | ᠬᠠᠷ᠎ᠠ ᠬᠤᠳᠠ ᠶᠢᠨ ᠪᠠᠭᠤᠷᠢ ᠳᠤ ᠶᠡᠭᠡ ᠪᠠᠭ᠎ᠠ ᠨᠢ ᠠᠳᠠᠯᠢ ᠪᠤᠰᠤ ᠤᠯᠠᠨ ᠲᠤᠭᠠᠨ ᠤ ᠡᠯᠠᠰᠤᠨ ᠲᠤᠪᠤ ᠪᠠᠶᠢᠵᠤ | ᠂ ᠲᠡᠨᠳᠡ ᠠᠴᠠ ᠶᠠᠩᠵᠤ ᠪᠦᠷᠢ ᠶᠢᠨ ᠭᠡᠯᠪᠠᠷᠢ ᠲᠦᠷᠰᠤ ᠪᠦᠬᠦᠢ ᠡᠳ᠋ ᠭᠡᠷᠡᠭᠰᠠᠯ ᠸᠠᠭᠠᠷ ᠰᠠᠪᠠ᠂ ᠠᠶᠠᠭ᠎ᠠ | ᠱᠠᠭᠠᠵᠠᠩ ᠤᠨ ᠭᠡᠯᠳᠠᠷᠭᠡᠢ᠂ ᠲᠡᠮᠦᠷᠯᠢᠭ ᠵᠤᠭᠤᠰ᠂ ᠰᠤᠪᠤᠤᠨ ᠤᠨ ᠭᠡᠯᠬᠢᠶ᠎ᠠ᠂ ᠬᠠᠰ ᠡᠳ᠋ᠯᠠᠯ ᠤᠨ ᠭᠡᠯᠳᠠᠷᠭᠡᠢ ᠪᠤᠯᠤᠨ | ᠮᠠᠰᠢ ᠤᠯᠠᠨ ᠵᠢᠵᠢᠭ ᠡᠳ᠋ᠯᠠᠯ ᠢ ᠢᠯᠡᠷᠡᠬᠦᠯᠦᠭᠰᠡᠨ ᠪᠠᠶᠢᠨ᠎ᠠ᠃ ᠡᠳᠠᠭᠡᠷ ᠬᠠᠭᠤᠴᠢᠰ ᠢ ᠪᠦᠬᠦᠨ ᠢ ᠤᠷᠤᠰ ᠤᠯᠤᠰ ᠤᠨ | ᠮᠦᠽᠸᠢ ᠶᠢᠨ ᠤᠠᠠᠰᠠᠭᠠᠳᠠᠨ ᠵᠦᠢ ᠶᠢᠨ ᠬᠤᠪᠢᠶᠠᠷᠢ ᠮᠦᠽᠸᠢ ᠳᠤ ᠬᠠᠳᠠᠭᠠᠯᠠᠵᠤ ᠪᠤᠢ᠃ | ᠬᠠᠷ᠎ᠠ ᠬᠤᠳᠠ ᠠᠴᠠ ᠢᠯᠡᠷᠡᠬᠦᠯᠦᠭᠰᠡᠨ ᠮᠤᠩᠭᠤᠯ ᠪᠢᠴᠢᠭ ᠰᠤᠳᠤᠷ | ᠺᠤᠽᠯᠤᠸ᠋ ᠤᠨ ᠬᠠᠷ᠎ᠠ ᠬᠤᠳᠠ ᠶᠢᠨ ᠪᠠᠭᠤᠷᠢ ᠠᠴᠠ ᠢᠯᠠᠷᠠᠬᠦᠯᠦᠭᠰᠠᠨ ᠨᠤᠮ ᠰᠤᠳᠤᠷ ᠪᠢᠴᠢᠭ ᠬᠠᠷ᠎ᠠ ᠶᠢᠨ | ᠲᠤᠳᠤᠷ᠎ᠠ ᠮᠤᠩᠭᠤᠯ ᠦᠰᠥᠭ ᠢᠶᠠᠷ ᠪᠢᠴᠢᠭᠳᠡᠭᠰᠠᠨ ᠵᠦᠢᠯᠠᠰ ᠲᠠᠳᠠ ᠨᠠᠷ ᠤᠨ ᠠᠩᠬᠠᠷᠤᠯ ᠢ ᠶᠠᠭᠠᠬᠢᠬᠤ ᠶᠢᠨ ᠠᠷᠭ᠎ᠠ | ᠦᠭᠡᠢ ᠲᠡᠳᠡᠬᠰᠠᠨ ᠪᠠᠶᠢᠯ᠎ᠠ᠃ ᠺᠤᠽᠯᠤᠸ᠋ ᠡᠨᠡ ᠲᠤᠬᠠᠢ ᠪᠢᠴᠢᠬᠦ ᠳᠡᠭᠡᠨ᠄ ︽ᠮᠤᠩᠭᠤᠯ ᠦᠰᠥᠭ ᠪᠢᠴᠢᠭ ᠲᠠᠢ ᠨᠤᠮ | ᠰᠤᠳᠤᠷ᠂ ᠭᠠᠷ ᠪᠢᠴᠢᠮᠠᠯ ᠢ ᠨᠠᠶᠢᠳᠠ 17 ᠳ᠋ᠤᠭᠠᠷᠯᠠᠪᠠ᠃ ᠡᠬᠦᠨ ᠳᠤ ᠠᠷᠪᠠᠭᠠᠤᠨ ᠬᠠᠭᠤᠳᠠᠰᠤᠨ ᠭᠡᠯᠳᠠᠷᠭᠡᠢ᠂ 34 | ᠨᠢᠭᠤᠷ ᠲᠠᠢ ᠨᠢᠭᠡᠨ ᠭᠠᠷ ᠪᠢᠴᠢᠮᠠᠯ ᠲᠠᠪᠳᠠᠷ ᠨᠤᠮ ︵14 × 7.5cm︶᠂ ᠪᠤᠰᠤᠤᠨ ᠨᠢ 10 — 12 | ᠮᠦᠷ ᠪᠢᠴᠢᠭᠳᠦ ᠰᠤᠷᠪᠤᠯᠵᠢ ᠨᠤᠭᠤᠳ ᠪᠠᠶᠢᠯ᠎ᠠ᠃ ᠡᠨᠡ ᠤᠳᠠᠭ᠎ᠠ ᠶᠢᠨ ᠢᠯᠠᠷᠠᠬᠦᠯᠦᠭᠰᠠᠨ ᠮᠤᠩᠭᠤᠯ ᠦᠰᠥᠭ ᠲᠠᠢ | ᠪᠢᠴᠢᠭ ᠨᠤᠮ ᠲᠠᠳᠤᠢ ᠠᠷᠪᠢᠨ ᠪᠢᠰᠢ ᠪᠤᠯᠤᠭᠰᠠᠨ ᠴᠤ᠂ ᠠᠭᠤᠯᠭ᠎ᠠ ᠶᠢᠨ ᠲᠠᠯ᠎ᠠ ᠪᠠᠷ ᠦᠷᠭᠡᠨ ᠲᠠᠯᠭᠡᠷᠠᠩᠬᠦᠢ᠃ | ᠲᠠᠭᠡᠷ᠎ᠠ ᠲᠤᠷᠠᠳᠤᠭᠰᠠᠨ ᠭᠠᠷ ᠪᠢᠴᠢᠮᠠᠯ ᠲᠠᠪᠳᠠᠷ ᠪᠤᠯ ᠵᠢᠷᠤᠬᠠᠢ ᠶᠢᠨ ᠨᠤᠮ ᠪᠤᠯᠬᠤ ᠨᠢ ᠲᠤᠳᠤᠷᠬᠠᠢ᠃ ᠡᠨᠡ | ᠵᠢᠷᠤᠬᠠᠢ ᠶᠢᠨ ᠨᠤᠮ ᠢ ᠲᠠᠷᠨ ᠦᠶ᠎ᠠ ᠳᠤ ᠬᠢᠳᠠᠤᠨ ᠤᠷᠤᠨ ᠳᠤ ᠠᠷᠪᠢᠨ ᠭᠡᠷᠡᠭᠯᠠᠵᠤ ᠪᠠᠶᠢᠵᠠᠢ᠃ ᠤᠳᠤ ᠤᠯᠳᠠᠭᠰᠠᠨ | ᠡᠨᠡ ᠬᠦ ᠵᠢᠷᠤᠬᠠᠢ ᠪᠤᠯ ᠬᠢᠳᠠᠤᠨ ᠵᠢᠷᠤᠬᠠᠢ ᠶᠢ ᠦᠡᠳᠤᠰᠤᠯᠠᠨ ᠮᠤᠩᠭᠤᠯ ᠢᠶᠠᠷ ᠢᠪᠡᠭᠡᠯᠳᠠᠢ ᠰᠠᠶᠢᠬᠠᠨ ᠡᠳᠤᠷ ᠢ | ᠰᠤᠩᠭᠤᠬᠤ ᠭᠠᠷ ᠲᠠᠪᠳᠠᠷ ᠪᠤᠯᠭᠠᠭᠰᠠᠨ ᠪᠠᠶᠢᠵᠠᠢ᠃ ᠡᠨᠡ ᠲᠠᠪᠳᠠᠷ ᠢ ᠪᠢᠴᠢᠭᠰᠡᠨ ᠬᠦᠮᠤᠨ ᠮᠤᠩᠭᠤᠯ ᠬᠢᠳᠠᠤᠨ | ᠭᠡᠯᠠᠨ ᠳᠤ ᠨᠠᠪᠳᠠᠷᠡᠭᠰᠠᠨ ᠪᠠᠶᠢᠬᠤ ᠶᠤᠰᠤᠳᠠᠢ᠃ ᠤᠴᠢᠷ ᠨᠢ ᠲᠤᠰ ᠵᠢᠷᠤᠬᠠᠢ ᠶᠢᠨ ᠨᠤᠮ ᠲᠠᠭᠡᠷ᠎ᠠ ᠬᠢᠳᠠᠤᠨ ᠤᠨ | ᠵᠢᠷᠤᠭ ᠤᠨ ᠪᠢᠴᠢᠭ ᠢ ᠮᠤᠩᠭᠤᠯ ᠦᠰᠥᠭ ᠢᠶᠠᠷ ᠠᠪᠢᠶᠠᠴᠢᠯᠠᠨ ᠪᠢᠴᠢᠵᠤ ᠲᠤᠳᠤᠷᠬᠠᠢᠢᠯᠠᠵᠠᠢ᠃ ᠪᠠᠰᠠ ᠲᠤᠰ ᠭᠠᠷ | ᠪᠢᠴᠢᠮᠠᠯ ᠲᠠᠪᠳᠠᠷ ᠤᠨ ᠠᠷᠤ ᠨᠢᠭᠤᠷ ᠲᠤ ᠬᠢᠳᠠᠤᠨ ᠪᠢᠴᠢᠭ ᠢᠶᠠᠷ ᠠᠳᠤᠭᠤ ᠶᠢ ᠡᠮᠨᠠᠨ ᠵᠠᠰᠠᠬᠤ ᠠᠷᠭ᠎ᠠ ᠪᠠᠷᠢᠯ ᠵᠢᠴᠢ | ᠡᠮ ᠤᠨ ᠵᠤᠷ ᠢ ᠲᠠᠭᠠᠯᠳᠤᠭᠤᠯᠪᠠ᠃ ᠡᠨᠡ ᠪᠦᠬᠦᠨ ᠨᠢ ᠨᠠᠬᠦᠳᠠᠯᠴᠢᠨ ᠮᠤᠩᠭᠤᠯᠴᠤᠤᠨ ᠤᠨ ᠰᠤᠨᠢᠷᠬᠠᠯ ᠢ ᠲᠠᠳᠠᠬᠤ | ᠪᠤᠯᠬᠤᠷ ᠵᠢᠷᠤᠬᠠᠢ ᠶᠢᠨ ᠠᠷᠤ ᠳᠤ ᠲᠠᠭᠠᠯᠳᠤᠭᠤᠯᠤᠭᠰᠠᠨ ᠤᠤᠠᠬ᠎ᠠ ᠰᠠᠨᠠᠭ᠎ᠠ ᠨᠢ ᠮᠠᠰᠢ ᠲᠤᠳᠤᠷᠬᠠᠢ ᠪᠢᠯᠠ᠃ | ᠨᠤᠮ ᠤᠨ ᠡᠯᠡᠭᠳᠡᠯ ᠠᠴᠠ ᠤᠯᠠᠨ ᠬᠦᠮᠤᠨ ᠤ ᠭᠠᠷ ᠢᠶᠠᠷ ᠲᠠᠮᠵᠢᠠᠠᠰᠠᠨ ᠢ ᠮᠠᠳᠠᠵᠤ ᠪᠤᠯᠬᠤ ᠰᠠᠨ᠃ ᠪᠠᠰᠠ ᠨᠢᠭᠡᠨ | ᠬᠠᠭᠤᠳᠠᠰᠤᠨ ᠲᠠᠭᠡᠷ᠎ᠠ ᠪᠢᠯᠢᠭ ᠰᠤᠷᠭᠠᠯ ᠤᠨ ᠲᠤᠬᠠᠢ ᠠᠭᠤᠯᠭ᠎ᠠ ᠲᠠᠢ ᠪᠠᠶᠢᠯ᠎ᠠ᠃ ᠡᠷᠳᠠᠮᠳᠠᠳ ᠤᠨ ᠮᠠᠭᠠᠤᠠᠯᠠᠬᠤ ᠪᠠᠷ᠂ | ᠲᠡᠳᠡᠬᠡᠷ ᠪᠤᠯ ᠴᠢᠩᠬᠢᠰ ᠬᠠᠭᠠᠨ ᠤ ᠪᠢᠯᠢᠭ ᠰᠤᠷᠭᠠᠯ ᠦᠭᠡᠰ ᠪᠤᠯᠤᠨ᠎ᠠ᠃ | ᠪᠢᠳᠡᠨ ᠤ ᠢᠯᠠᠷᠠᠬᠦᠯᠦᠭᠰᠠᠨ ᠮᠤᠩᠭᠤᠯ ᠪᠢᠴᠢᠭ ᠬᠠᠷ᠎ᠠ ᠶᠢᠨ ᠶᠠᠭᠡᠭᠡᠨ ᠭᠡᠰᠡᠭ ᠨᠢ ᠠᠯᠪᠠᠨ ᠪᠢᠴᠢᠭ ᠤᠨ | ᠰᠢᠡᠵᠢ ᠲᠠᠢ᠃ ᠵᠢᠱᠢᠶᠠᠯᠠᠪᠠᠯ ᠡᠳ᠋ ᠪᠤᠳᠠᠰ ᠪᠠᠯᠡᠭᠯᠡᠭᠰᠠᠨ᠂ ᠠᠳᠤᠭᠤ ᠮᠠᠯ ᠬᠤᠯᠠᠭᠠᠢᠢᠯᠠᠭᠰᠠᠨ ᠵᠠᠷᠭᠤ ᠶᠢᠨ ᠪᠢᠴᠢᠭ᠂ | ᠦᠷᠢ ᠰᠢᠷᠢ ᠶᠢᠨ ᠲᠤᠬᠠᠢ ᠪᠠᠳᠤᠯᠠᠭᠴᠢ᠂ ᠭᠡᠷᠠᠴᠢᠯᠡᠭᠴᠢ ᠶᠢᠨ ᠨᠠᠷᠠ ᠪᠢᠴᠢᠵᠤ ᠲᠠᠮᠠᠭ᠎ᠠ ᠲᠠᠷᠤᠭᠰᠠᠨ ᠭᠡᠷᠠᠴᠢ ᠲᠠᠮᠳᠡᠭ | ᠬᠤᠶᠠᠷ ᠬᠤᠪᠢ᠂ ᠪᠠᠰᠠ ᠪᠤᠭᠤᠳᠠᠢ ᠵᠢᠭᠡᠯᠡᠭᠰᠠᠨ ᠲᠠᠰᠤᠯᠪᠤᠷᠢ ᠵᠠᠷᠭᠡ ᠪᠠᠶᠢᠯ᠎ᠠ᠃ ᠬᠠᠷ᠎ᠠ ᠬᠤᠳᠠ ᠶᠢᠨ ᠪᠠᠭᠤᠷᠢ ᠠᠴᠠ | ᠢᠯᠠᠷᠠᠬᠦᠯᠦᠭᠰᠠᠨ ᠮᠤᠩᠭᠤᠯ ᠪᠢᠴᠢᠭ ᠤᠨ ᠵᠦᠢᠯᠠᠰ ᠨᠢ ᠪᠦᠷ ᠤᠢᠢᠭᠤᠷᠵᠢᠨ ᠮᠤᠩᠭᠤᠯ ᠦᠰᠥᠭ ᠢᠶᠠᠷ ᠪᠢᠴᠢᠭᠳᠡᠵᠦ᠂ | ᠤᠳᠤ ᠶᠢᠨ ᠭᠡᠷᠡᠭᠯᠠᠵᠤ ᠪᠦᠬᠦᠢ ᠤᠢᠢᠭᠤᠷᠵᠢᠨ ᠮᠤᠩᠭᠤᠯ ᠪᠢᠴᠢᠭ ᠤᠨ ᠤᠡᠴᠠᠯᠢᠭ ᠢ ᠪᠦᠷᠢᠨ ᠬᠠᠳᠠᠭᠠᠯᠠᠵᠠᠢ᠃ | ᠪᠢᠳᠡᠨᠡᠷ ᠤᠨ ᠰᠤᠨᠢᠷᠬᠠᠯ ᠢ ᠨᠠᠯᠢᠶᠠᠤᠨ ᠲᠠᠳᠠᠭᠰᠠᠨ ᠨᠢ ᠤᠢᠢᠭᠤᠷᠵᠢᠨ ᠮᠤᠩᠭᠤᠯ ᠦᠰᠥᠭ ᠤᠨ ᠮᠤᠳᠤᠨ ᠪᠠᠷ ᠢᠶᠠᠷ | ᠭᠡᠪᠯᠡᠭᠰᠠᠨ ᠨᠤᠮ ᠤᠨ ᠲᠠᠰᠤᠷᠬᠠᠢ ᠭᠡᠰᠡᠭ ᠪᠤᠯᠤᠨ᠎ᠠ᠃ ᠡᠨᠡ ᠲᠠᠰᠤᠷᠬᠠᠢ ᠶᠢ ᠤᠯᠬᠤ ᠠᠴᠠ ᠡᠮᠤᠨ᠎ᠠ 17 ᠳ᠋ᠤᠭᠠᠷ | ᠵᠠᠭᠤᠨ ᠤ ᠲᠤᠮᠳᠠ ᠦᠶ᠎ᠠ ᠠᠴᠠ ᠡᠮᠤᠨ᠎ᠠ ᠮᠤᠳᠤᠨ ᠪᠠᠷ ᠢᠶᠠᠷ ᠮᠤᠩᠭᠤᠯ ᠪᠢᠴᠢᠭ ᠭᠡᠪᠯᠠᠵᠤ ᠪᠠᠶᠢᠬᠤ ᠡᠰᠠᠬᠦ ᠶᠢ ᠮᠠᠳᠠᠬᠦ | ᠦᠭᠡᠢ ᠪᠠᠶᠢᠭᠰᠠᠨ᠃ 1907 ᠤᠨ ᠳᠤ ᠮ᠊ · ᠮᠠᠠᠨᠠᠷᠢᠨ ᠭᠡᠮᠡᠭᠴᠢ ᠠᠴᠠ ᠵᠠᠬᠦᠨ ᠲᠦᠷᠺᠰᠲ᠋ᠠᠨ ᠠᠴᠠ ᠫᠠᠭᠪᠠ ᠶᠢᠨ | ᠲᠦᠷᠪᠠᠯᠵᠢᠨ ᠦᠰᠥᠭ ᠲᠠᠢ ᠵᠢᠵᠢᠭᠭᠡᠨ ᠮᠤᠳᠤᠨ ᠪᠠᠷ ᠢᠯᠠᠷᠠᠬᠦᠯᠦᠭᠰᠠᠨ ᠪᠠᠶᠢᠵᠠᠢ᠃ ᠡᠨᠡ ᠨᠢ ᠮᠤᠩᠭᠤᠯᠴᠤᠤᠨ | ᠲᠠᠯᠠᠭᠡᠢ ᠶᠢ ᠨᠤᠶᠠᠷᠬᠠᠵᠤ ᠪᠠᠶᠢᠭ᠎ᠠ ᠦᠶ᠎ᠠ ᠶᠢᠨ ᠪᠤᠷᠬᠠᠨ ᠤ ᠰᠤᠳᠤᠷ ᠤᠨ ᠪᠠᠷ ᠪᠤᠯᠬᠤ ᠪᠢᠯᠠ᠃ ᠤᠳᠤ ᠪᠢᠳᠠᠨᠠᠷ ᠲᠠᠷᠨ | ᠦᠶ᠎ᠠ ᠶᠢᠨ ᠤᠢᠢᠭᠤᠷᠵᠢᠨ ᠮᠤᠩᠭᠤᠯ ᠦᠰᠥᠭ ᠤᠨ ᠮᠤᠳᠤᠨ ᠪᠠᠷ ᠤᠨ ᠭᠡᠪᠯᠠᠯ ᠢ ᠢᠯᠠᠷᠠᠬᠦᠯᠦᠭᠰᠠᠨ ᠠᠴᠠ ᠦᠵᠠᠪᠠᠯ | ᠲᠤᠬᠠᠢ ᠶᠢᠨ ᠴᠠᠬ ᠲᠤ ᠤᠢᠢᠭᠤᠷᠵᠢᠨ ᠮᠤᠩᠭᠤᠯ ᠦᠰᠥᠭ ᠪᠤᠯᠤᠨ ᠫᠠᠭᠪᠠ ᠶᠢᠨ ᠲᠦᠷᠪᠠᠯᠵᠢᠨ ᠦᠰᠥᠭ ᠢ | ᠬᠠᠮᠳᠤ ᠳᠤᠨᠢ ᠭᠡᠷᠡᠭᠯᠠᠵᠤ ᠪᠠᠶᠢᠭᠰᠠᠨ ᠢ ᠬᠠᠷᠠᠭᠤᠯᠵᠤ ᠪᠠᠶᠢᠭ᠎ᠠ ᠶᠤᠮ︾ ᠭᠡᠵᠠᠢ᠃ | ᠺᠤᠽᠯᠤᠸ᠋ ᠤᠨ ᠲᠠᠭᠠᠭᠤᠯᠤᠭᠰᠠᠨ ᠬᠠᠭᠠᠠᠳᠤ ᠤᠷᠤᠰ ᠤᠨ ᠪᠠᠷᠳᠠᠭ᠎ᠠ ᠰᠢᠡᠵᠢᠯᠠᠭᠡᠨ ᠤ ᠠᠩᠬᠢ ᠨᠢ ᠬᠠᠷ᠎ᠠ | ᠬᠤᠳᠠ ᠳᠠᠬᠢ ᠬᠤᠷᠢ ᠭᠠᠷᠤᠢ ᠬᠤᠨᠤᠭ ᠤᠨ ᠬᠤᠶᠠᠳᠠᠬᠢ ᠤᠳᠠᠭ᠎ᠠ ᠶᠢᠨ ᠮᠠᠯᠳᠠᠯᠭ᠎ᠠ ᠪᠠᠨ ᠲᠠᠭᠤᠰᠬᠠᠭᠠᠤᠨ 1909 | ᠤᠨ ᠤ 6 ᠰᠠᠷ᠎ᠠ ᠶᠢᠨ 16 ᠤ ᠡᠳᠤᠷ ᠠᠭᠤᠳᠠᠯᠵᠤ ᠤᠯᠤᠭᠰᠠᠨ ᠪᠦᠬᠦ ᠡᠳ᠋ ᠠᠭᠤᠷᠰᠤᠨ ᠢᠶᠠᠨ ᠲᠠᠮᠠᠭᠡᠨ ᠳᠤ | ᠠᠴᠢᠭᠠᠤᠨ ᠮᠤᠩᠭᠤᠯ ᠦᠷᠳᠡᠭᠡ ᠪᠠᠷ ᠲᠠᠮᠵᠢᠨ ᠳ᠋ᠠ ᠬᠦᠷᠢᠶ᠎ᠠ ᠳᠤ ᠬᠦᠷᠴᠤ ᠲᠦᠷ ᠭᠡᠳᠤᠨ ᠬᠤᠨᠤᠭ ᠠᠮᠤᠰᠬᠢᠭᠠᠳ᠂ | ᠲᠠᠬᠢᠨ ᠬᠢᠶᠠᠭᠳᠤ ᠪᠠᠷ ᠭᠠᠷᠴᠤ ᠤᠯᠤᠰ ᠲᠠᠭᠠᠨ ᠪᠤᠴᠠᠭᠰᠠᠨ ᠪᠢᠯᠨ᠃ | ᠠᠩᠭ᠍ᠯᠢ ᠠᠮᠧᠷᠢᠺᠠ ᠰᠸᠧᠳᠧᠨ ᠤ ᠪᠠᠷᠳᠠᠭ᠎ᠠ ᠰᠢᠨᠵᠢᠯᠡᠭᠴᠢᠳ ᠤᠨ ᠬᠠᠷᠠᠭᠠᠨ ᠳᠠᠬᠢ ᠬᠠᠷ᠎ᠠ ᠬᠤᠳᠠ | ᠳᠡᠬᠡᠷ᠎ᠠ ᠵᠠᠭᠤᠨ ᠤ ᠠᠷᠪᠠ ᠠᠴᠠ ᠭᠤᠴᠢᠭᠠᠳ ᠤᠨ ᠬᠦᠷᠳᠡᠯᠡᠬᠢ ᠬᠤᠭᠤᠴᠠᠭᠠᠨ ᠳᠤ ᠠᠩᠭ᠍ᠯᠢ ᠶᠢᠨ ᠪᠠᠷᠳᠠᠭ᠎ᠠ | ᠰᠢᠨᠵᠢᠯᠡᠭᠴᠢ ᠠᠦᠷᠧᠯ · ᠰᠳ᠋ᠸᠢᠨ᠂ ᠠᠮᠧᠷᠢᠺᠠ ᠶᠢᠨ ᠪᠠᠷᠳᠠᠭ᠎ᠠ ᠰᠢᠨᠵᠢᠯᠡᠭᠴᠢ ᠯᠠᠨᠳᠤᠨ · ᠸᠠᠷᠨᠧᠷ ᠵᠢᠴᠢ ᠰᠸᠧᠳᠧᠨ ᠤ | ᠪᠠᠷᠳᠠᠭ᠎ᠠ ᠰᠢᠨᠵᠢᠯᠡᠭᠴᠢ ᠰᠸᠧᠢᠨ · ᠾᠧᠳᠢᠨ᠂ ᠹᠤᠯᠺᠧ · ᠪᠧᠷᠭᠮᠠᠨ ᠵᠡᠷᠬᠡ ᠬᠦᠮᠦᠰ ᠤᠷᠢᠳ ᠬᠤᠵᠢᠳ ᠬᠠᠷ᠎ᠠ | ᠬᠤᠳᠠ ᠳᠤ ᠬᠦᠷᠴᠤ ᠦᠨ᠎ᠠ ᠴᠠᠨ᠎ᠠ ᠲᠠᠢ ᠡᠳ᠋ ᠡᠷᠳᠡᠨᠢᠰ᠂ ᠬᠤᠪᠤᠷ ᠴᠤᠬᠠᠭ ᠬᠠᠭᠤᠴᠢ ᠳᠡᠤᠬᠡ ᠶᠢᠨ ᠵᠦᠢᠯᠡᠰ ᠢ | ᠴᠦᠯᠪᠡᠨ ᠠᠪᠠᠴᠢᠬᠰᠠᠨ ᠢᠶᠠᠷ ᠪᠠᠷᠠᠬᠤ ᠦᠬᠡᠢ᠂ ᠡᠨᠡᠬᠦ ᠡᠷᠳᠡᠨ ᠤ ᠦᠯᠡᠳᠡᠭᠳᠡᠯ ᠪᠠᠭᠤᠷᠢ ᠳᠤ ᠬᠦᠨᠳᠤ ᠨᠤᠴᠢᠳᠡᠢ | ᠡᠪᠳᠡᠯᠭᠡ ᠰᠦᠢᠳᠦᠯ ᠭᠠᠷᠭᠠᠬᠰᠠᠨ ᠪᠠᠶᠢᠨ᠎ᠡ᠃ | 1914 ᠤᠨ ᠳᠤ᠂ ᠭᠠᠨᠰᠤ ᠳᠠᠬᠢ ᠳ᠋ᠦᠨᠬᠤᠸᠠᠩ ᠤᠨ ᠮᠦᠸᠧ ᠭᠤᠤ ᠠᠭᠤᠢ ᠶᠢᠨ ᠬᠠᠭᠤᠴᠢᠰ ᠡᠷᠳᠡᠨᠢᠰ ᠢ | ᠬᠤᠯᠠᠭᠠᠢᠢᠯᠠᠵᠤ ᠴᠦᠯᠪᠡᠵᠤ ᠬᠠᠨᠤᠬᠰᠠᠨ ᠠᠩᠭ᠍ᠯᠢ ᠶᠢᠨ ᠪᠠᠷᠳᠠᠭ᠎ᠠ ᠰᠢᠨᠵᠢᠯᠡᠭᠴᠢ ᠠᠦᠷᠧᠯ · ᠰᠳ᠋ᠸᠢᠨ ᠾᠧᠰᠢ ᠶᠢᠨ | ᠬᠤᠨᠭ᠍ᠬᠢᠯ ᠠᠴᠠ ᠳᠠᠬᠢᠨ ᠡᠵᠡᠨ᠎ᠡ ᠭᠤᠤᠯ ᠢᠶᠠᠷ ᠤᠷᠤᠭᠤᠳᠠᠨ ᠶᠠᠪᠤᠵᠤ᠂ ᠬᠤᠪᠳᠤᠬ ᠬᠤᠮᠤᠬᠠᠢ ᠰᠠᠪᠠᠷ ᠢᠶᠠᠨ ᠬᠠᠷ᠎ᠠ | ᠬᠤᠳᠠ ᠶᠢᠨ ᠪᠠᠭᠤᠷᠢ ᠵᠦᠭ ᠬᠠᠨᠳᠤᠭᠤᠯᠵᠡᠢ᠃ ᠳᠡᠬᠦᠨ ᠤ 1928 ᠤᠨ ᠳᠤ ᠵᠤᠬᠢᠶᠠᠬᠰᠠᠨ ︽ᠠᠽᠢᠶ᠎ᠠ ᠶᠢᠨ | ᠦᠷᠦᠴᠡᠨ ᠳᠠᠬᠢ ᠬᠠᠭᠤᠴᠢᠰ ᠤᠨ ᠬᠠᠶᠢᠯᠳᠠ︾ ᠪᠤᠯᠤᠨ 1933 ᠤᠨ ᠤ ᠳᠤᠭᠤᠷᠪᠢᠯ ︽ᠳᠤᠮᠳᠠ ᠠᠽᠢᠶ᠎ᠠ ᠶᠢᠨ | ᠡᠷᠳᠡᠨ ᠤ ᠳᠤᠷᠭᠠᠨ ᠵᠠᠮ ᠳᠡᠬᠡᠷ᠎ᠡ︾ ᠬᠡᠬᠦ ᠵᠤᠬᠢᠶᠠᠯ ᠳᠠᠭᠠᠨ ᠡᠨᠡ ᠤᠳᠠᠭᠠᠨ ᠤ ᠬᠠᠷ᠎ᠠ ᠬᠤᠳᠠ ᠳᠠᠬᠢ | ᠠᠭᠤᠳᠠᠯᠤᠯᠳᠠ ᠶᠢ ᠳᠡᠮᠳᠡᠭᠯᠡᠬᠦ ᠳᠡᠭᠡᠨ᠄ ᠬᠠᠷ᠎ᠠ ᠬᠤᠳᠠ ᠶᠢᠨ ᠨᠢᠬᠡᠨ ᠰᠦᠮ᠎ᠠ ᠶᠢᠨ ᠪᠠᠭᠤᠷᠢ ᠠᠴᠠ ᠬᠠᠭᠤᠴᠢᠨ ᠤ | ᠬᠢᠳᠠᠳ ᠦᠰᠦᠭ ᠲᠠᠢ ᠪᠢᠴᠢᠭ ᠨᠤᠮ 220 ᠬᠤᠪᠢ᠂ ᠳᠠᠩᠭᠤᠳ ︵ᠪᠠᠷᠠᠭᠤᠨ ᠰᠢᠶᠠ︶ ᠦᠰᠦᠭ ᠲᠠᠢ ᠪᠢᠴᠢᠭ | ᠨᠤᠮ 57 ᠬᠤᠪᠢ ᠶᠢ ᠤᠯᠤᠬᠰᠠᠨ ᠢᠶᠠᠷ ᠪᠠᠷᠠᠬᠤ ᠦᠬᠡᠢ᠂ ᠪᠠᠰᠠ ᠡᠷᠳᠡᠨ ᠤ ᠦᠢᠭᠤᠷᠵᠢᠨ ᠮᠤᠩᠭᠤᠯ ᠪᠢᠴᠢᠭ᠂ | ᠲᠦᠪᠡᠳ ᠪᠢᠴᠢᠭ ᠪᠤᠯᠤᠨ ᠲᠦᠷᠺ ᠪᠢᠴᠢᠭ ᠤᠨ ᠨᠤᠮ ᠢ ᠴᠤ ᠡᠳᠦᠢ ᠳᠡᠳᠤᠢ ᠢᠯᠡᠷᠡᠬᠦᠯᠵᠡᠢ᠃ ᠡᠬᠦᠨ ᠳᠤ ᠤᠨᠴᠠᠯᠠᠨ | ᠳᠤᠷᠠᠳᠤᠭᠤᠰᠢᠳᠡᠢ ᠨᠢ᠂ ᠶᠢᠰᠦᠨ ᠨᠢᠭᠤᠷ ᠲᠠᠢ ᠬᠢᠳᠠᠳ ᠦᠰᠦᠭᠳᠤ ᠭᠠᠷ ᠳᠡᠪᠳᠡᠷ ᠲᠤ ᠤᠨ᠂ ᠰᠠᠷ᠎ᠠ᠂ ᠡᠳᠦᠷ ᠢ | ᠬᠦᠷᠳᠡᠯ᠎ᠡ ᠮᠠᠰᠢ ᠳᠤᠳᠤᠷᠬᠠᠢ ᠪᠢᠴᠢᠵᠤ᠂ ᠡᠷᠳᠡᠮᠳᠡᠳ ᠤᠨ ᠰᠤᠳᠤᠯᠤᠬᠰᠠᠨ ᠢᠶᠠᠷ ᠡᠨᠡ ᠨᠢ ᠪᠠᠷᠤᠬ 13 ᠳ᠋ᠤᠭᠠᠷ | ᠵᠠᠭᠤᠨ ᠤ ᠶᠡᠷᠡᠬᠡᠳ ᠤᠨ ᠠᠴᠠ 14 ᠳ᠋ᠤᠬᠡᠷ ᠵᠠᠭᠤᠨ ᠤ ᠵᠢᠷᠠᠭᠠᠳ ᠤᠨ ᠤ ᠦᠶ᠎ᠡ ᠶᠢᠨ ᠪᠢᠴᠢᠭ ᠨᠤᠮ ᠪᠤᠯᠬᠤ ᠶᠢ | ᠳᠤᠳᠤᠯᠠᠪᠠ᠃ | ᠬᠤᠳᠠ ᠶᠢᠨ ᠪᠠᠷᠠᠭᠤᠨ ᠳᠠᠯ᠎ᠠ ᠶᠢᠨ ᠪᠠᠭᠤᠷᠢ ᠨᠤᠭᠤᠳ ᠨᠢ ᠪᠠᠷᠤᠬ ᠰᠦᠮ᠎ᠠ ᠬᠡᠶᠢᠳ ᠤᠨ ᠭᠠᠵᠠᠷ ᠪᠠᠶᠢᠬᠰᠠᠨ | ᠪᠤᠯᠤᠯᠳᠡᠢ᠂ ᠤᠳᠤ ᠵᠦᠪᠬᠡᠨ ᠬᠡᠷᠡᠮ ᠤᠨ ᠳᠠᠰᠤᠷᠬᠠᠢ ᠶᠢᠨ ᠳᠡᠳᠦᠢ ᠯᠡ ᠦᠯᠡᠳᠡᠵᠡᠢ᠃ ᠬᠤᠳᠠ ᠶᠢᠨ ᠬᠤᠶᠢᠳᠤ | ᠬᠡᠷᠡᠮ ᠲᠠᠢ ᠨᠠᠭᠠᠯᠳᠤᠬᠰᠠᠨ ᠨᠢᠬᠡᠨ ᠵᠢᠵᠢᠭ ᠪᠠᠶᠢᠰᠢᠩ ᠨᠢᠬᠡᠨᠳᠠ ᠨᠤᠷᠠᠵᠤ ᠴᠤᠴᠠᠷᠠᠭᠠᠳ ᠵᠦᠪᠬᠡᠨ ᠲᠦᠷᠪᠡᠨ | ᠳᠠᠯ᠎ᠠ ᠶᠢᠨ ᠬᠡᠷᠡᠮ ᠯᠡ ᠦᠯᠡᠳᠡᠵᠡᠢ᠃ ᠬᠡᠷᠡᠮ ᠢ ᠴᠦᠮ ᠳᠤᠭᠤᠰᠬ᠎ᠠ ᠪᠠᠷ ᠦᠷᠦᠭᠰᠡᠨ ᠪᠦᠬᠡᠳ ᠬᠡᠷᠡᠮ ᠤᠨ | ᠵᠤᠵᠠᠭᠠᠨ ᠨᠢ ᠳᠤᠬᠤᠢ ᠬᠢᠷᠢᠳᠡᠢ᠂ ᠲᠦᠷᠪᠡᠨ ᠬᠤᠤᠰ ᠠᠯᠳᠠ ᠤᠷᠳᠤ᠂ ᠬᠤᠶᠠᠷ ᠬᠤᠤᠰ ᠠᠯᠳᠠ ᠦᠷᠬᠡᠨ ᠪᠠᠶᠢᠯ᠎ᠠ᠃ | ᠡᠮᠦᠨ᠎ᠡ ᠳᠠᠯ᠎ᠠ ᠶᠢᠨ ᠬᠡᠷᠡᠮ ᠨᠢ ᠨᠢᠬᠡᠮᠦᠰᠤᠨ ᠨᠤᠷᠠᠵᠤ ᠬᠡᠮᠬᠡᠷᠡᠬᠡᠳ᠂ ᠬᠡᠷ ᠳᠤᠳᠤᠷ᠎ᠠ ᠨᠢ ᠪᠦᠷ ᠲᠦᠷᠪᠡ ᠳᠠᠪᠤᠨ | ᠳᠤᠬᠤᠢ ᠬᠢᠷᠢᠳᠡᠢ ᠰᠢᠪᠡᠷ ᠰᠢᠷᠤᠢ ᠪᠤᠯᠤᠨ ᠡᠯᠡᠰᠤᠨ ᠳᠤ ᠳᠠᠷᠤᠬᠳᠠᠵᠡᠢ᠃ | ᠰᠳ᠋ᠸᠢᠨ ᠳᠤᠤᠷᠡᠬᠢ ᠬᠦᠮᠦᠨ ᠢᠶᠠᠷ ᠢᠶᠠᠨ ᠬᠡᠷ ᠳᠤᠳᠤᠷᠡᠬᠢ ᠰᠢᠪᠡᠷ ᠰᠢᠷᠤᠢ ᠶᠢ ᠮᠠᠯᠳᠠᠨ ᠴᠡᠪᠡᠷᠯᠡᠬᠦᠯᠵᠤ | ᠦᠵᠡᠪᠡᠯ ᠪᠤᠷᠬᠠᠨ ᠤ ᠳᠠᠬᠢᠯᠭ᠎ᠠ ᠶᠢᠨ ᠬᠡᠷ ᠪᠤᠯᠬᠤ ᠨᠢ ᠳᠤᠳᠤᠷᠡᠯᠠ᠃ ᠪᠤᠷᠬᠠᠨ ᠤ ᠱᠤᠭᠤᠮᠠᠯ ᠬᠦᠷᠦᠭ ᠨᠢ ᠨᠢᠬᠡᠨᠳᠠ | ᠰᠦᠢᠷᠡᠬᠡᠳ ᠳᠠᠮᠳᠤᠬ ᠪᠤᠯᠵᠤ᠂ ᠡᠯᠳᠡᠪ ᠦᠡᠭᠬᠡ ᠶᠢᠨ ᠱᠠᠭᠠᠵᠠᠩ ᠤᠨ ᠬᠡᠯᠳᠡᠷᠬᠡᠢ ᠭᠠᠵᠠᠷ ᠲᠦᠬᠦᠷᠡᠩ ᠬᠡᠪᠳᠡᠵᠤ | ᠪᠠᠶᠢᠯ᠎ᠠ᠃ ᠪᠤᠷᠬᠠᠨ ᠳᠠᠬᠢᠳᠠᠬ ᠳᠠᠶᠢᠰᠠᠨ ᠳᠡᠬᠡᠷ᠎ᠠ ᠡᠮᠦᠨᠡᠳᠤ ᠰᠦᠩ ᠤᠯᠤᠰ ᠤᠨ ᠱᠧᠨ᠋ᠽᠦ᠋ᠩ ᠬᠠᠭᠠᠨ ᠤ ᠦᠶ᠎ᠠ ᠶᠢᠨ | ᠰᠢ ᠨᠢᠩ ᠭᠠᠤᠯᠢᠨ ᠵᠤᠭᠤᠰ ᠨᠢᠬᠡ ᠶᠢ ᠤᠯᠵᠤ᠂ ᠬᠡᠷ ᠤᠨ ᠱᠠᠯᠠ ᠠᠴᠠ ᠪᠠᠰᠠ ᠨᠢᠬᠡᠨ ᠳᠤᠷᠭᠠᠨ ᠦᠬᠡᠳᠡᠰᠤ | ᠤᠯᠳᠠᠬᠰᠠᠨ ᠪᠠ ᠳᠡᠬᠡᠷ᠎ᠡ ᠨᠢ ᠵᠢᠷᠤᠬᠰᠠᠨ ᠵᠢᠷᠤᠬ ᠨᠢ ᠮᠠᠰᠢ ᠨᠠᠷᠢᠯᠢᠬ ᠦᠵᠡᠭᠳᠡᠨ᠎ᠡ᠃ ᠡᠬᠦᠨ ᠢ ᠰᠳ᠋ᠸᠢᠨ ᠠᠴᠠ | ᠪᠤᠷᠬᠠᠨ ᠤ ᠬᠦᠷᠦᠭ ᠤᠨ ᠬᠤᠶᠠᠷ ᠲᠠᠯ᠎ᠠ ᠳᠤ ᠡᠯᠬᠦᠳᠡᠭ ᠳᠠᠯᠪᠠᠭ᠎ᠠ ᠪᠤᠯᠬᠤ ᠶᠤᠰᠤᠳᠡᠢ ᠬᠡᠵᠤ ᠳᠤᠳᠤᠯᠠᠬᠰᠠᠨ ᠪᠠᠶᠢᠳᠠᠬ | ᠃ ᠬᠠᠨ᠎ᠠ ᠳᠡᠬᠡᠷ᠎ᠡ ᠵᠢᠷᠤᠬᠰᠠᠨ ᠪᠤᠷᠬᠠᠨ ᠤ ᠦᠡᠭᠬᠡᠳᠤ ᠬᠦᠷᠦᠭ ᠨᠢ ᠤᠳᠠᠭᠠᠨ ᠵᠢᠯ ᠤᠨ ᠰᠠᠯᠬᠢᠨ ᠪᠤᠷᠤᠭᠠᠨ ᠳᠤ | ᠢᠳᠡᠭᠳᠡᠬᠡᠳ ᠨᠢᠬᠡᠨᠳᠠ ᠦᠯᠦ ᠮᠡᠳᠡᠭᠳᠡᠮ᠎ᠠ ᠪᠤᠯᠵᠤ ᠪᠠᠯᠠᠷᠠᠬᠤ ᠰᠢᠬᠠᠪᠠ᠃ ᠳᠤᠭᠤᠰᠬᠠᠨ ᠬᠡᠪ ᠲᠠᠢ ᠪᠤᠷᠬᠠᠨ ᠤ | ᠬᠦᠷᠦᠭ ᠨᠢ ᠬᠠᠷᠢᠨ ᠦᠢᠭᠤᠷᠴᠤᠳ ᠤᠨ ᠨᠤᠳᠤᠭ ᠪᠤᠯᠬᠤ ᠾᠧ ᠲᠢᠶᠠᠨ ᠠᠴᠠ ᠢᠯᠡᠷᠡᠬᠦᠯᠦᠭᠰᠡᠨ ᠪᠤᠷᠬᠠᠨ ᠤ | ᠱᠤᠭᠤᠮᠠᠯ ᠬᠦᠷᠦᠭ ᠲᠠᠢ ᠠᠳᠠᠯᠢᠪᠳᠤᠷ ᠪᠠᠶᠢᠨ᠎ᠡ ᠬᠡᠵᠤ ᠰᠳ᠋ᠸᠢᠨ ᠦᠵᠡᠵᠤ ᠪᠠᠶᠢᠵᠡᠢ᠃ | ᠺᠤᠽᠯᠤᠸ᠋ ᠬᠠᠷ᠎ᠠ ᠬᠤᠳᠠ ᠳᠤ ᠬᠠᠶᠢᠯᠳᠠ ᠬᠢᠬᠦ ᠦᠶ᠎ᠡ ᠶᠢᠨ ︽ᠬᠤᠳᠠᠯᠳᠤᠭᠠᠨ ᠤ ᠶᠡᠭᠡ ᠵᠡᠬᠡᠯᠢ︾ ᠬᠡᠮᠡᠨ | ᠳᠤᠳᠤᠯᠠᠬᠰᠠᠨ ᠬᠤᠳᠠ ᠶᠢᠨ ᠵᠡᠬᠦᠨ ᠡᠬᠦᠳᠡᠨ ᠤ ᠶᠡᠭᠡ ᠵᠡᠬᠡᠯᠢ ᠶᠢᠨ ᠬᠤᠶᠢᠳᠤ ᠵᠠᠬ᠎ᠠ ᠳᠤ ᠨᠢᠬᠡᠨ ᠰᠦᠮ᠎ᠠ ᠶᠢᠨ | ᠪᠠᠭᠤᠷᠢ ᠪᠠᠶᠢᠬᠰᠠᠨ ᠪᠠᠶᠢᠨ᠎ᠠ᠃ ᠡᠨᠡᠬᠦ ᠨᠤᠷᠠᠬᠰᠠᠨ ᠰᠦᠮ᠎ᠡ ᠶᠢᠨ ᠡᠮᠦᠨ᠎ᠡ 200 ᠮᠧᠳ᠋ᠷ ᠤᠨ ᠵᠠᠢ ᠳᠤ ᠡᠩᠨᠡᠷᠡᠭᠰᠡᠨ | ᠭᠤᠷᠪᠠᠨ ᠰᠤᠪᠤᠷᠭ᠎ᠠ ᠪᠠᠶᠢᠯ᠎ᠠ᠃ ᠰᠳ᠋ᠸᠢᠨ ᠡᠨᠡᠬᠦ ᠭᠤᠷᠪᠠᠨ ᠰᠤᠪᠤᠷᠭ᠎ᠠ ᠳᠤ ᠳᠡᠬᠡᠷᠡᠮᠳᠡᠯᠬᠡ ᠶᠢᠨ ᠴᠢᠨᠠᠷᠳᠡᠢ ᠪᠠᠯᠠᠮᠠᠳ | ᠮᠠᠯᠳᠠᠯᠭ᠎ᠠ ᠬᠢᠵᠡᠢ᠃ ᠮᠠᠯᠳᠠᠯᠭ᠎ᠠ ᠪᠠᠷ ᠳᠠᠮᠵᠢᠨ ︽ᠬᠢᠳᠠᠳ ᠪᠢᠴᠢᠭ ᠤᠨ ᠮᠤᠳᠤᠨ ᠪᠠᠷ ᠬᠤᠶᠠᠷ ᠬᠡᠰᠡᠭ᠂ ᠪᠦᠷᠢᠨ | ᠪᠦᠳᠦᠨ ᠬᠠᠳᠠᠭᠠᠯᠠᠬᠳᠠᠬᠰᠠᠨ ᠬᠢᠳᠠᠳ ᠦᠰᠦᠭ ᠲᠠᠢ ᠬᠠᠭᠤᠳᠠᠰᠤ ᠨᠢᠬᠡ ᠬᠤᠪᠢ᠂ ᠫᠧᠷᠰ ᠦᠰᠦᠭ ᠲᠠᠢ ᠨᠤᠮ ᠤᠨ | ᠬᠠᠭᠤᠳᠠᠰᠤ ᠨᠢᠬᠡ ᠤᠯᠵᠠᠢ᠂ ᠡᠨᠡ ᠨᠢ 14 ᠳ᠋ᠤᠬᠡᠷ ᠵᠠᠭᠤᠨ ᠤ ᠦᠶ᠎ᠡ ᠶᠢᠨ ᠢᠰᠯᠠᠮ ᠤᠨ ᠰᠦᠵᠢᠭᠳᠡᠨ ᠤ | ᠨᠠᠮᠠᠨᠴᠢᠯᠠᠯ ᠤᠨ ᠰᠤᠳᠤᠷ ᠤᠨ ᠳᠠᠰᠤᠷᠬᠠᠢ ᠪᠠᠶᠢᠵᠡᠢ︾ ᠬᠡᠵᠤ ᠰᠳ᠋ᠸᠢᠨ ᠳᠡᠮᠳᠡᠭᠯᠡᠭᠰᠡᠨ ᠶᠤᠮ᠃ ᠰᠳ᠋ᠸᠢᠨ ᠬᠤᠳᠠ ᠶᠢᠨ | ᠳᠤᠳᠤᠭᠠᠳᠤ ᠳᠠᠬᠢ ᠠᠭᠤᠳᠠᠯᠤᠯᠳᠠ ᠪᠠᠨ ᠳᠠᠭᠤᠰᠬᠠᠬᠰᠠᠨ ᠤ ᠳᠠᠷᠠᠭ᠎ᠠ ᠬᠠᠷᠠᠭ᠎ᠠ ᠪᠠᠨ ᠬᠤᠳᠠ ᠶᠢᠨ ᠭᠠᠳᠠᠨᠠᠬᠢ | ᠤᠷᠴᠢᠨ ᠳᠤᠭᠤᠷᠢᠨ ᠳᠤ ᠰᠢᠯᠵᠢᠬᠦᠯᠦᠭᠰᠡᠨ ᠪᠠᠶᠢᠨ᠎ᠠ᠃ ᠳᠡᠬᠦᠨ ᠤ ᠬᠤᠮᠤᠬᠠᠢ ᠰᠠᠨᠠᠭ᠎ᠠ ᠨᠢ ᠬᠤᠳᠠ ᠶᠢᠨ ᠭᠠᠳᠠᠨᠠᠬᠢ | ᠤᠯᠠᠨ ᠰᠢᠪᠡᠷ ᠰᠤᠪᠤᠷᠭᠠᠨ ᠳᠤ ᠪᠠᠶᠢᠵᠤ᠂ ᠬᠤᠳᠠ ᠶᠢᠨ ᠪᠠᠷᠠᠭᠤᠨ ᠬᠤᠶᠢᠳᠤ ᠦᠨᠴᠦᠭ ᠲᠠᠬᠢ ᠳᠤᠮᠤ ᠰᠤᠪᠤᠷᠭ᠎ᠠ ᠶᠢ | ᠮᠠᠯᠳᠠᠬᠤ ᠶᠢᠨ ᠵᠡᠷᠬᠡᠴᠡᠭᠡᠪᠡᠷ ᠨᠦᠬᠦᠬᠡ ᠲᠦᠷᠪᠡᠨ ᠰᠤᠪᠤᠷᠭ᠎ᠠ ᠶᠢ ᠴᠤ ᠮᠠᠯᠳᠠᠬᠤ ᠪᠠᠷ ᠳᠠᠮᠵᠢᠨ᠂ ᠳᠠᠩᠭᠤᠳ | ᠦᠰᠦᠭ ᠲᠠᠢ ᠨᠤᠮ ᠰᠤᠳᠤᠷ ᠪᠤᠯᠤᠨ ᠲᠦᠪᠡᠳ᠂ ᠬᠢᠳᠠᠳ ᠦᠰᠦᠭ ᠲᠠᠢ ᠪᠢᠴᠢᠭ ᠬᠠᠷ᠎ᠠ ᠶᠢ ᠨᠡᠯᠢᠶᠠᠳ | ᠢᠯᠡᠷᠡᠬᠦᠯᠵᠡᠢ᠃ ᠡᠬᠦᠨ ᠠᠴᠠ ᠭᠠᠳᠠᠨ᠎ᠠ᠂ ᠮᠤᠳᠤᠨ ᠪᠠᠷ ᠢᠶᠠᠷ ᠳᠠᠷᠤᠮᠠᠯᠯᠠᠵᠤ ᠬᠡᠪᠯᠡᠭᠰᠡᠨ ᠪᠤᠳᠤᠭ ᠰᠠᠭᠤᠯᠭᠠᠬᠰᠠᠨ | ᠪᠤᠷᠬᠠᠨ ᠤ ᠬᠦᠷᠦᠭ᠂ ᠪᠤᠷᠬᠠᠨ ᠤ ᠳᠤᠭᠤᠰᠬᠠᠨ ᠱᠤᠭᠤᠮᠠᠯ ᠢ ᠢᠯᠡᠷᠡᠬᠦᠯᠪᠡ᠂ ᠨᠡᠯᠢᠶᠠᠳ ᠳᠤᠭᠠᠨ ᠤ ᠨᠤᠮ ᠰᠤᠳᠤᠷ᠂ | ᠨᠤᠮ ᠪᠢᠴᠢᠭ ᠬᠢᠬᠡᠳ ᠪᠤᠷᠬᠠᠨ ᠤ ᠬᠦᠷᠦᠭ ᠤᠳ ᠨᠢ ᠪᠠᠷᠤᠬ ᠪᠦᠷᠢᠨ ᠪᠦᠳᠦᠨ ᠢᠶᠠᠷ ᠢᠶᠠᠨ ᠪᠠᠶᠢᠵᠡᠢ᠃ ᠳᠡᠷᠠ | ᠺᠤᠽᠯᠤᠸ᠋ ᠤᠨ ᠠᠭᠤᠳᠠᠯᠵᠤ ᠦᠡᠭᠬᠡᠷᠡᠭᠰᠡᠨ ᠦᠨᠦᠬᠢ ᠳᠤᠮᠤ ᠰᠤᠪᠤᠷᠭ᠎ᠠ ᠶᠢ ᠳᠠᠬᠢᠨᠳᠠ ᠮᠠᠯᠳᠠᠭᠠᠳ ᠳᠠᠩᠭᠤᠳ | ᠦᠰᠦᠭ ᠲᠠᠢ ᠭᠠᠷ ᠪᠢᠴᠢᠮᠡᠯ 1100 ᠭᠠᠷᠤᠢ ᠬᠠᠭᠤᠳᠠᠰᠤ᠂ ᠮᠤᠳᠤᠨ ᠪᠠᠷ ᠤᠨ ᠨᠤᠮ ᠤᠨ ᠳᠠᠰᠤᠷᠬᠠᠢ 200 | ᠬᠠᠭᠤᠳᠠᠰᠤ ᠪᠠ ᠮᠤᠳᠤᠨ ᠪᠠᠷ ᠤᠨ ᠴᠠᠭᠠᠰᠤᠨ ᠦᠬᠡᠳᠡᠰᠤ ᠳᠤᠭ᠎ᠠ ᠦᠬᠡᠢ ᠤᠯᠠᠨ ᠢᠯᠡᠷᠡᠬᠦᠯᠦᠭᠰᠡᠨ ᠢᠶᠠᠷ ᠪᠠᠷᠠᠬᠤ | ᠦᠬᠡᠢ᠂ ᠲᠦᠪᠡᠳ᠂ ᠬᠢᠳᠠᠳ ᠪᠢᠴᠢᠭ ᠲᠠᠢ ᠨᠤᠮ᠂ ᠬᠠᠨ᠎ᠠ ᠶᠢᠨ ᠵᠢᠷᠤᠭ ᠤᠨ ᠬᠡᠯᠳᠡᠷᠬᠡᠢ᠂ ᠪᠤᠷᠬᠠᠨ ᠤ ᠰᠢᠪᠡᠷ | ᠱᠤᠭᠤᠮᠠᠯ ᠤᠨ ᠪᠠᠯᠪᠠᠷᠬᠠᠢ ᠵᠢᠴᠢ ᠰᠡᠶᠢᠯᠦᠮᠡᠯ ᠵᠢᠷᠤᠭ᠂ ᠤᠰᠤᠨ ᠪᠤᠳᠤᠭ ᠤᠨ ᠵᠢᠷᠤᠬ ᠢ ᠴᠤ ᠤᠯᠠᠨ ᠤᠯᠤᠬᠰᠠᠨ | ᠠᠵᠢ᠃ | ᠠᠷᠪᠠᠭᠠᠳ ᠵᠢᠯ ᠤᠨ ᠳᠠᠷᠠᠭᠠᠬᠢ 1923 ᠤᠨ ᠳᠤ᠂ ᠠᠮᠧᠷᠢᠺᠠ ᠶᠢᠨ ᠪᠠᠷᠳᠠᠭ᠎ᠠ ᠰᠢᠨᠵᠢᠯᠡᠭᠴᠢ ᠯᠠᠨᠳᠤᠨ · | ᠸᠠᠷᠨᠧᠷ ᠤᠯᠠᠨ ᠵᠢᠯ ᠬᠦᠰᠡᠵᠤ ᠭᠤᠷᠢᠳᠡᠵᠤ ᠪᠠᠶᠢᠬᠰᠠᠨ ᠬᠠᠷ᠎ᠠ ᠬᠤᠳᠠ ᠶᠢᠨ ᠪᠠᠭᠤᠷᠢ ᠳᠤ ᠬᠦᠷᠴᠤ ᠢᠷᠡᠵᠡᠢ᠃ | ᠳᠡᠷᠡᠪᠡᠷ ᠬᠠᠷ᠎ᠠ ᠬᠤᠳᠠ ᠶᠢᠨ ᠪᠠᠷᠠᠭᠤᠨ ᠡᠮᠦᠨ᠎ᠡ ᠦᠨᠴᠦᠭ ᠤᠨ ᠯᠠᠯᠤ ᠶᠢᠨ ᠰᠦᠮ᠎ᠡ ᠶᠢᠨ ᠳᠡᠷᠬᠡᠳᠡ ᠪᠠᠭᠤᠳᠠᠯᠯᠠᠵᠠᠢ᠂ | ᠡᠷᠳᠡᠨ ᠤ ᠬᠠᠨ᠎ᠠ ᠶᠢᠨ ᠵᠢᠷᠤᠭ ᠤᠯᠬᠤ ᠶᠠᠪᠤᠳᠠᠯ ᠪᠤᠯ ᠸᠠᠷᠨᠧᠷ ᠤᠨ ᠬᠠᠮᠤᠭ ᠶᠡᠭᠡ ᠵᠤᠷᠢᠯᠳᠠ ᠪᠤᠯᠵᠤ ᠪᠠᠶᠢᠵᠡᠢ᠃ | ᠨᠢᠬᠡᠨ ᠡᠳᠦᠷ ᠲᠡᠷᠡ ᠰᠠᠨᠠᠮᠰᠠᠷ ᠦᠬᠡᠢ ᠪᠠᠷ ᠨᠢᠬᠡ ᠰᠦᠮ᠎ᠡ ᠶᠢᠨ ᠪᠠᠭᠤᠷᠢ ᠶᠢᠨ ᠨᠤᠷᠠᠬᠰᠠᠨ ᠬᠡᠷᠡᠮ ᠳᠤ ᠪᠤᠷᠬᠠᠨ ᠤ | ᠬᠦᠷᠦᠭ ᠵᠢᠷᠤᠬᠰᠠᠨ ᠢ ᠤᠯᠵᠤ ᠬᠠᠷᠠᠯ᠎ᠠ᠃ ᠪᠤᠷᠬᠠᠨ ᠤ ᠨᠠᠷᠢᠨ ᠤᠷᠳᠤ ᠭᠠᠷ᠂ ᠪᠦᠬᠡᠷᠡᠩᠬᠡᠢ ᠬᠢᠯᠠᠭᠠᠷ ᠮᠦᠷᠦ᠂ | ᠵᠤᠤᠪᠠᠩ ᠬᠡᠯᠪᠡᠷᠢᠳᠡᠢ ᠡᠷᠡᠤ ᠨᠢ ᠨᠠᠷᠠᠨ ᠤ ᠲᠤᠶᠠᠭᠠᠨ ᠳᠤ ᠬᠢᠯᠠᠰᠬᠢᠨ ᠬᠠᠷᠠᠬᠳᠠᠵᠤ ᠪᠠᠶᠢᠬᠤ ᠳᠤᠨᠢ ᠵᠢᠷᠤᠬ ᠳᠠᠳᠠᠵᠡᠢ᠃ | ᠬᠡᠳᠡᠯ᠎ᠡ ᠵᠢᠷᠤᠬ ᠤᠨ ᠹᠢᠯᠢᠮ ᠳᠤᠨᠢ ᠪᠤᠷᠬᠠᠨ ᠤ ᠵᠢᠷᠤᠬ ᠳᠤᠳᠤᠷᠠᠬᠰᠠᠨ ᠦᠬᠡᠢ ᠨᠢ ᠰᠤᠨᠢᠨ᠂ ᠡᠨᠡ ᠨᠢ ᠪᠠᠷᠤᠬ | ᠪᠤᠷᠬᠠᠨ ᠬᠤᠪᠢᠯᠭᠠᠨ ᠲᠦᠷᠢ ᠪᠠᠨ ᠹᠢᠯᠢᠮ ᠳᠤ ᠳᠤᠳᠤᠷᠠᠭᠤᠯᠤᠬᠰᠠᠨ ᠦᠬᠡᠢ ᠠᠴᠠ ᠪᠤᠯᠵᠡᠢ ᠬᠡᠵᠤ ᠸᠠᠷᠨᠧᠷ ᠦᠪᠡᠷ ᠤᠨ | ᠨᠤᠮ ᠳᠠᠭᠠᠨ ᠳᠡᠮᠳᠡᠭᠯᠡᠭᠰᠡᠨ ᠪᠠᠶᠢᠳᠠᠬ᠃ | ᠨᠢᠬᠡᠨ ᠡᠳᠦᠷ᠂ ᠸᠠᠷᠨᠧᠷ ᠬᠠᠷᠠᠭ᠎ᠠ ᠪᠠᠨ ᠬᠤᠳᠠ ᠶᠢᠨ ᠬᠡᠷᠡᠮ ᠤᠨ ᠳᠡᠬᠡᠷ᠎ᠡ ᠪᠠᠶᠢᠭ᠎ᠠ ᠨᠦᠬᠡᠨ ᠳᠤ | ᠰᠢᠯᠵᠢᠬᠦᠯᠦᠯᠡ᠃ ᠡᠨᠡ ᠨᠢ ᠳᠤᠰᠬᠠᠢ ᠮᠠᠯᠳᠠᠵᠤ ᠳᠠᠯᠪᠢᠬᠰᠠᠨ ᠨᠦᠬᠡ ᠪᠤᠯᠤᠯᠳᠡᠢ᠂ ᠬᠡᠳᠦ᠋ᠢᠪᠡᠷ ᠪᠠᠭ᠎ᠠ ᠬᠠᠷᠠᠬᠳᠠᠬᠤ | ᠪᠤᠯᠪᠠᠴᠤ ᠶᠠᠪᠠᠭᠠᠨ ᠰᠠᠭᠤᠬᠰᠠᠨ ᠬᠦᠮᠦᠨ ᠪᠠᠭᠳᠠᠵᠤ ᠤᠷᠤᠬᠤ ᠳᠤ ᠠᠰᠠᠭᠤᠳᠠᠯ ᠦᠬᠡᠢ᠃ ᠨᠦᠬᠡᠨ ᠳᠤᠳᠤᠷ᠎ᠠ ᠡᠯᠡᠰᠤ | ᠰᠢᠷᠤᠢ ᠪᠠᠷ ᠲᠦᠬᠦᠷᠴᠡᠢ᠃ ᠸᠠᠷᠨᠧᠷ ᠦᠪᠡᠷ ᠢᠶᠠᠨ ᠨᠦᠬᠡᠨ ᠳᠤ ᠤᠷᠤᠵᠤ ᠡᠯᠡᠰᠤ ᠰᠢᠷᠤᠢ ᠶᠢ ᠨᠢ ᠴᠡᠪᠡᠷᠯᠡᠵᠤ | ᠪᠠᠶᠢᠳᠠᠯ᠎ᠠ᠂ ᠦᠡᠭᠬᠡ ᠪᠤᠳᠤᠬ ᠨᠢ ᠢᠯᠭᠠᠷᠠᠬᠰᠠᠨ ᠴᠡᠴᠡᠬᠡᠰ ᠲᠠᠢ ᠬᠠᠨ᠎ᠠ ᠶᠢᠨ ᠵᠢᠷᠤᠬ ᠬᠡᠨᠡᠳᠳᠡᠭᠡᠨ ᠬᠠᠷᠠᠭᠠᠨ ᠳᠤᠨᠢ | ᠲᠤᠰᠬᠤ ᠳᠤ ᠲᠡᠷᠡ ᠠᠯᠠᠰᠬᠢᠨ ᠪᠠᠶᠠᠷᠯᠠᠬᠤ ᠳᠠᠭᠠᠨ ᠡᠷᠭᠡ ᠦᠭᠡᠢ ᠲᠠᠭᠤᠨ ᠠᠯᠳᠠᠪᠠ᠃ ᠵᠠᠯᠭᠠᠭᠠᠳ ᠳᠤᠰ | ᠨᠦᠬᠡᠨ ᠠᠴᠠ ᠪᠠᠰᠠ ᠤᠯᠠᠨ ᠳᠤᠭᠠᠨ ᠤ ᠰᠢᠪᠠᠷ ᠱᠤᠭᠤᠮᠠᠯ ᠪᠤᠷᠬᠠᠨ ᠨᠤᠭᠤᠳ ᠢ ᠢᠯᠡᠷᠡᠬᠦᠯᠪᠡ᠃ ᠬᠡᠳᠦ᠋ᠢᠪᠡᠷ | ᠳᠤᠯᠤᠭᠠᠢ ᠦᠬᠡᠢ ᠪᠤᠯᠤᠬᠰᠠᠨ ᠴᠤ ᠪᠡᠶ᠎ᠠ ᠶᠢᠨ ᠬᠡᠰᠡᠭ ᠢ ᠮᠦᠨ ᠴᠤ ᠨᠠᠷᠢᠯᠢᠬ ᠱᠤᠭᠤᠬᠰᠠᠨ ᠪᠠᠶᠢᠯ᠎ᠠ ᠁ | 1927 ᠤᠨ ᠤ 9 ᠰᠠᠷ᠎ᠠ ᠶᠢᠨ 28 ᠤ ᠡᠳᠦᠷ᠂ ᠳᠤᠮᠳᠠᠳᠤ ᠰᠸᠧᠳᠧᠨ ᠤ ᠬᠠᠮᠳᠤᠷᠠᠬᠰᠠᠨ ᠪᠠᠷᠠᠭᠤᠨ | ᠬᠤᠶᠢᠳᠤ ᠶᠢᠨ ᠪᠠᠷᠳᠠᠭ᠎ᠠ ᠰᠢᠨᠵᠢᠯᠡᠬᠡᠨ ᠤ ᠠᠩᠬᠢ ᠶᠢᠨ ᠬᠢᠨ ᠬᠠᠷ᠎ᠠ ᠬᠤᠳᠠ ᠶᠢᠨ ᠪᠠᠭᠤᠷᠢ ᠳᠤ ᠬᠦᠷᠴᠤ ᠢᠷᠡᠵᠡᠢ᠃ | ᠡᠬᠦᠨ ᠳᠤ ᠰᠸᠧᠳᠧᠨ ᠤ ᠪᠠᠷᠳᠠᠭ᠎ᠠ ᠰᠢᠨᠵᠢᠯᠡᠭᠴᠢ ᠰᠸᠧᠢᠨ · ᠾᠧᠳᠢᠨ ᠪᠤᠯᠤᠨ ᠹᠤᠯᠺᠧ · ᠪᠧᠷᠭᠮᠠᠨ ᠪᠠᠶᠢᠯᠴᠠᠵᠡᠢ᠃ | ᠰᠸᠧᠢᠨ · ᠾᠧᠳᠢᠨ ︽ᠠᠽᠢᠶ᠎ᠠ ᠶᠢᠨ ᠦᠷᠦᠴᠡᠨ ᠳᠤ ᠪᠠᠷᠳᠠᠭ᠎ᠠ ᠰᠢᠨᠵᠢᠯᠡᠭᠰᠡᠨ ᠨᠠᠢᠮᠠᠨ ᠵᠢᠯ︾ ᠬᠡᠬᠦ ᠨᠤᠮ ᠳᠠᠭᠠᠨ᠄ | ︽ᠪᠢ ᠬᠤᠳᠠ ᠶᠢᠨ ᠬᠡᠷᠡᠮ ᠳᠡᠬᠡᠷ᠎ᠡ ᠭᠠᠷᠴᠤ ᠬᠤᠳᠠ ᠶᠢ ᠪᠠᠷᠠᠯᠠᠬᠤᠶ᠎ᠠ ᠪᠠᠷᠠᠭᠤᠨ ᠬᠤᠶᠢᠳᠤ ᠦᠨᠴᠦᠭ ᠲᠤ | ᠰᠦᠨᠳᠡᠷᠯᠡᠵᠤ ᠪᠠᠶᠢᠭ᠎ᠠ ᠡᠷᠳᠡᠨ ᠤ ᠰᠤᠪᠤᠷᠭ᠎ᠠ ᠪᠤᠯᠤᠨ ᠬᠤᠳᠠ ᠶᠢᠨ ᠪᠠᠷᠠᠭᠤᠨ ᠬᠡᠷᠡᠮ ᠤᠨ ᠳᠤᠮᠳᠠ ᠪᠠᠶᠢᠭ᠎ᠠ | ᠬᠤᠳᠠ ᠶᠢᠨ ᠡᠬᠦᠳᠡ ᠵᠢᠴᠢ ᠬᠤᠳᠠ ᠶᠢᠨ ᠭᠠᠳᠠᠨ᠎ᠠ ᠪᠠᠶᠢᠭ᠎ᠠ ᠯᠠᠯᠤ ᠶᠢᠨ ᠰᠦᠮ᠎ᠡ ᠶᠢᠨ ᠪᠦᠬᠡᠷᠡᠩᠬᠡᠢ ᠤᠷᠤᠢ ᠨᠢ | ᠬᠠᠷᠠᠭᠠᠨ ᠳᠤ ᠮᠢᠨᠢ ᠳᠤᠳᠤᠷᠡᠯᠠ᠃ ᠬᠤᠳᠠ ᠶᠢᠨ ᠰᠢᠷ᠎ᠠ ᠬᠡᠷᠡᠮ ᠳᠠᠮᠳᠤᠬ ᠪᠤᠯᠳᠠᠯ᠎ᠠ ᠡᠪᠳᠡᠭᠳᠡᠭᠡ ᠦᠬᠡᠢ᠂ | ᠬᠤᠳᠠ ᠶᠢᠨ ᠪᠠᠷᠠᠭᠤᠨ ᠬᠡᠷᠡᠮ ᠪᠤᠯᠤᠨ ᠵᠡᠬᠦᠨ ᠬᠡᠷᠡᠮ ᠤᠨ ᠳᠤᠮᠳᠠ ᠳᠤᠰᠪᠤᠷᠢ ᠨᠢᠬᠡ ᠡᠬᠦᠳᠡ ᠲᠠᠢ ᠪᠦᠬᠡᠳ ᠳᠡᠶᠢᠮᠤ | ᠯᠡ ᠵᠢᠭᠳᠡ ᠪᠢᠰᠢ ᠳᠡᠭᠰᠢ ᠲᠦᠷᠪᠡᠯᠵᠢᠨ ᠬᠡᠯᠪᠡᠷᠢᠳᠡᠢ ᠪᠠᠶᠢᠯ᠎ᠠ᠃ ᠮᠠᠨ ᠤ ᠰᠢᠨᠵᠢᠯᠡᠬᠡᠨ ᠤ ᠠᠩᠬᠢ ᠶᠢᠨ ᠨᠢᠬᠡᠨ | ᠰᠤᠷᠤᠬᠴᠢ ᠬᠤᠳᠠ ᠶᠢᠨ ᠲᠦᠷᠪᠡᠨ ᠳᠠᠯ᠎ᠠ ᠶᠢ ᠬᠡᠮᠵᠢᠭᠰᠡᠨ ᠤ ᠳ᠋ᠦᠩ ᠳᠤ᠂ ᠡᠮᠦᠨ᠎ᠡ ᠳᠠᠯ᠎ᠠ ᠶᠢᠨ ᠬᠡᠷᠡᠮ ᠤᠨ | ᠤᠷᠳᠤ ᠨᠢ 425 ᠮᠧᠳ᠋ᠷ᠂ ᠪᠠᠷᠠᠭᠤᠨ ᠬᠡᠷᠡᠮ ᠤᠨ ᠤᠷᠳᠤ ᠨᠢ 375 ᠮᠧᠳ᠋ᠷ᠂ ᠬᠤᠶᠢᠳᠤ ᠬᠡᠷᠡᠮ ᠤᠨ ᠤᠷᠳᠤ ᠨᠢ | 405 ᠮᠧᠳ᠋ᠷ᠃ ᠬᠤᠳᠠ ᠳᠤᠳᠤᠷᠡᠬᠢ ᠪᠠᠷᠢᠯᠭ᠎ᠠ ᠶᠢᠨ ᠵᠦᠢᠯᠡᠰ ᠪᠤᠯᠬᠤ ᠬᠡᠷ ᠪᠠᠶᠢᠰᠢᠩ᠂ ᠬᠠᠰᠢᠶ᠎ᠠ ᠬᠦᠷᠢᠶ᠎ᠡ ᠨᠢᠬᠡᠨᠳᠠ | ᠨᠤᠷᠠᠵᠤ ᠴᠤᠴᠠᠷᠠᠭᠠᠳ ᠡᠯᠡᠰᠤ ᠰᠢᠷᠤᠢ ᠶᠢᠨ ᠳᠤᠪᠤ ᠳᠡᠳᠦᠢ ᠪᠤᠯᠵᠡᠢ᠃ ᠬᠤᠳᠠ ᠶᠢᠨ ᠦᠨᠳᠤᠷ ᠬᠡᠷᠡᠮ ᠨᠢᠬᠡᠨᠳᠠ | ᠡᠯᠡᠰᠤᠨ ᠳᠤ ᠪᠤᠯᠠᠬᠳᠠᠭᠠᠳ ᠵᠦᠪᠬᠡᠨ ᠤᠷᠤᠢ ᠨᠢ ᠪᠤᠯᠳᠠᠶᠢᠵᠤ ᠬᠠᠷᠠᠬᠳᠠᠨ᠎ᠠ᠃ ᠬᠤᠳᠠ ᠶᠢᠨ ᠳᠤᠳᠤᠷᠡᠬᠢ ᠪᠠᠷᠠᠭᠤᠨ | ᠡᠬᠦᠳᠡᠨ ᠠᠴᠠ ᠳᠡᠮᠡᠢ ᠬᠤᠯᠠ ᠦᠬᠡᠢ ᠪᠠᠶᠢᠭ᠎ᠠ ᠨᠢᠬᠡᠨ ᠡᠯᠡᠰᠤᠨ ᠳᠤᠪᠤᠷᠴᠠᠭ ᠨᠢ 6 ᠵᠠᠭᠤᠭᠠᠳ ᠵᠢᠯ ᠤᠨ ᠳᠤᠬᠰᠢᠨ | ᠰᠠᠯᠬᠢᠨ ᠤ ᠱᠦᠬᠦᠷᠳᠡᠯᠳᠡ ᠠᠴᠠ ᠪᠤᠯᠤᠬᠰᠠᠨ ᠢ ᠬᠡᠷᠡᠴᠢᠯᠡᠵᠤ ᠪᠤᠯᠬᠤ ᠶᠤᠮ︾ ᠬᠡᠵᠤ ᠳᠡᠮᠳᠡᠭᠯᠡᠭᠰᠡᠨ ᠪᠢᠯᠡ᠃ | ᠳᠤᠮᠳᠠᠳᠤ ᠰᠸᠧᠳᠧᠨ ᠤ ᠪᠠᠷᠳᠠᠭ᠎ᠠ ᠰᠢᠨᠵᠢᠯᠡᠬᠡᠨ ᠤ ᠠᠩᠬᠢ ᠶᠢᠨ ᠬᠢᠨ ᠬᠠᠷ᠎ᠠ ᠬᠤᠳᠠ ᠶᠢᠨ ᠪᠠᠭᠤᠷᠢ ᠳᠤ ᠳᠡᠮᠡᠢ | ᠶᠡᠭᠡ ᠮᠠᠯᠳᠠᠯᠭ᠎ᠠ ᠠᠭᠤᠳᠠᠯᠤᠯᠳᠠ ᠬᠢᠭᠰᠡᠨ ᠦᠬᠡᠢ ᠪᠤᠯᠪᠠᠴᠤ ᠬᠤᠳᠠ ᠶᠢᠨ ᠪᠠᠭᠤᠷᠢ ᠠᠴᠠ ᠨᠢᠬᠡᠨ ᠳᠡᠪᠳᠡᠷ ᠶᠤᠸᠠᠨ | ᠤᠯᠤᠰ ᠤᠨ ᠦᠶ᠎ᠡ ᠶᠢᠨ ᠮᠤᠳᠤᠨ ᠪᠠᠷ ᠢᠶᠠᠷ ᠬᠡᠪᠯᠡᠭᠰᠡᠨ ᠬᠢᠳᠠᠳ ᠦᠰᠦᠭᠳᠤ ︽ᠭᠠᠨᠵᠤᠤᠷ︾ ᠪᠢᠴᠢᠭ ᠢ | ᠤᠯᠤᠬᠰᠠᠨ ᠨᠢ ᠮᠦᠨ ᠴᠤ ᠲᠦᠢᠯ ᠤᠨ ᠦᠨ᠎ᠡ ᠴᠡᠨ᠎ᠡ ᠲᠠᠢ ᠬᠤᠪᠤᠷ ᠴᠤᠬᠠᠭ ᠡᠷᠳᠡᠨᠢ ᠪᠤᠯᠬᠤ ᠨᠢ ᠭᠠᠷᠴᠠᠭ᠎ᠠ ᠦᠬᠡᠢ | ᠶᠤᠮ᠃ | ᠳᠤᠬᠠᠢ ᠶᠢᠨ ᠦᠶ᠎ᠠ ᠳᠤ᠂ ᠬᠠᠷ᠎ᠠ ᠬᠤᠳᠠ ᠶᠢᠨ ᠪᠠᠭᠤᠷᠢ ᠳᠤ ᠨᠠᠷᠢᠨ ᠬᠠᠶᠢᠯᠳᠠ ᠰᠢᠨᠵᠢᠯᠡᠯᠳᠠ ᠬᠢᠭᠰᠡᠨ | ᠬᠦᠮᠦᠨ ᠪᠤᠯ ᠳᠤᠰ ᠪᠠᠷᠳᠠᠭ᠎ᠠ ᠰᠢᠨᠵᠢᠯᠡᠬᠡᠨ ᠤ ᠠᠩᠬᠢ ᠶᠢᠨ ᠰᠸᠧᠳᠧᠨ ᠤ ᠳᠠᠯ᠎ᠠ ᠶᠢᠨ ᠤᠷᠤᠯᠠᠬᠴᠢ ᠳᠠᠷᠤᠭ᠎ᠠ ᠶᠢ | ᠬᠠᠷᠢᠭᠤᠴᠠᠵᠤ ᠪᠠᠶᠢᠬᠰᠠᠨ ᠹᠤᠯᠺᠧ · ᠪᠧᠷᠭᠮᠠᠨ ᠪᠤᠯᠬᠤ ᠶᠤᠮ᠃ ᠳᠡᠷᠡᠪᠡᠷ 1927 — 1931 ᠤᠨ ᠪᠤᠯᠳᠠᠯᠠᠬᠢ | ᠬᠤᠭᠤᠴᠠᠭᠠᠨ ᠳᠤ ᠡᠵᠡᠨ᠎ᠡ ᠭᠤᠤᠯ ᠤᠨ ᠤᠷᠤᠰᠬᠠᠯ ᠳᠠᠭᠠᠤ ᠤᠷᠤᠨ᠂ ᠬᠠᠷ᠎ᠠ ᠬᠤᠳᠠ ᠶᠢᠨ ᠪᠠᠭᠤᠷᠢ ᠪᠠᠷ ᠤᠯᠠᠨᠳᠠ | ᠢᠷᠡᠵᠤ ᠪᠠᠶᠢᠬᠰᠠᠨ ᠪᠦᠬᠡᠳ ᠤᠷᠢᠳ ᠬᠤᠵᠢᠳ ᠬᠠᠨ ᠤᠯᠤᠰ ᠤᠨ ᠦᠶ᠎ᠡ ᠶᠢᠨ ᠬᠢᠳᠠᠳ ᠦᠰᠦᠭ ᠲᠠᠢ ᠬᠤᠯᠤᠰᠤᠨ | ᠪᠢᠴᠢᠭ᠂ ᠳᠠᠩᠭᠤᠳ ᠦᠰᠦᠭ ᠲᠠᠢ ᠪᠠᠷᠯᠠᠯ ᠤᠨ ᠵᠦᠢᠯᠡᠰ᠂ ᠭᠠᠷ ᠪᠢᠴᠢᠮᠡᠯ ᠪᠤᠯᠤᠨ ᠶᠤᠸᠠᠨ ᠤᠯᠤᠰ ᠤᠨ ᠦᠶ᠎ᠠ ᠶᠢᠨ | ᠴᠠᠭᠠᠰᠤᠨ ᠵᠤᠭᠤᠰ ᠢ ᠨᠡᠯᠢᠶᠠᠳ ᠤᠯᠤᠬᠰᠠᠨ ᠶᠤᠮ᠃ ᠡᠳᠡᠬᠡᠷ ᠡᠷᠳᠡᠨ ᠤ ᠬᠠᠭᠤᠴᠢ ᠵᠦᠢᠯᠡᠰ ᠢ ᠳᠠᠷᠡ | ᠤᠯᠤᠰ ᠲᠠᠭᠠᠨ ᠠᠪᠴᠤ ᠬᠠᠷᠢᠬᠤ ᠰᠠᠨᠠᠭ᠎ᠠ ᠲᠠᠢ ᠪᠠᠶᠢᠬᠰᠠᠨ ᠴᠤ ᠮᠠᠨ ᠤ ᠤᠯᠤᠰ ᠤᠨ ᠤᠯᠠᠨ ᠡᠷᠳᠡᠮᠳᠡᠨ | ᠰᠤᠳᠤᠯᠭᠠᠳᠠᠳ ᠬᠦᠴᠦᠯᠡᠨ ᠬᠤᠷᠢᠬᠯᠠᠬᠰᠠᠨ ᠢᠶᠠᠷ ᠨᠡᠯᠢᠶᠠᠳ ᠳᠤᠭᠠᠨ ᠤ ᠬᠠᠭᠤᠴᠢᠰ ᠢ ᠦᠯᠡᠳᠡᠬᠡᠨ ᠬᠤᠴᠤᠷᠭᠠᠵᠤ | ᠴᠢᠳᠠᠬᠰᠠᠨ ᠪᠠᠶᠢᠨ᠎ᠠ᠃ ︵ᠮᠠᠤ ᠲᠦᠮᠡᠨ ᠡᠮᠬᠢᠳᠭᠡᠨ ᠪᠢᠴᠢᠪᠡ︶ |