ᠴᠢᠩᠬᠢᠰ ᠤᠨ ᠪᠢᠯᠢᠭ ᠰᠣᠷᠭᠠᠯ
ᠨᠡᠶᠢᠲᠡᠯᠡᠭᠰᠡᠨ ᠴᠠᠭ᠄
2018-03-08
     1. ᠡᠬᠢᠯᠡᠭᠡᠳ ᠪᠡᠶ᠎ᠡ ᠪᠠᠨ ᠵᠠᠰᠠ ︐ ᠲᠠᠷᠠᠭ᠎ᠠ ᠨᠢ ᠭᠡᠷ ᠢᠶᠠᠨ ᠵᠠᠰᠠ ︐ ᠲᠡᠭᠡᠭᠡᠳ ᠲᠦᠷᠦ ᠪᠠᠨ ᠵᠠᠰᠠ      2. ᠳᠠᠷᠣᠤ ᠬᠢᠴᠢᠶᠡᠩᠭᠦᠢ ᠶᠠᠪᠤᠳᠠᠭ ᠪᠣᠯ ᠳᠠᠶᠠᠭᠠᠷ ᠣᠯᠠᠨ ᠲᠠᠢ ᠨᠠᠶᠢᠷᠰᠠᠭ ᠦᠨᠡᠨ ᠮᠥᠨ ᠢ ᠪᠠᠷᠢᠳᠠᠭ ᠪᠣᠯ ᠨᠦᠬᠦᠷᠰᠡᠭ      3. ᠨᠢᠯᠪᠣᠰᠣ ᠣᠨᠠᠭᠠᠬᠤ ᠪᠠᠷ ᠨᠢᠳᠤᠷᠭ᠎ᠠ ᠵᠠᠩᠭᠢᠳ      4. ᠬᠠᠷᠠᠬᠤ ᠨᠢᠳᠣ ᠬᠡᠳᠦᠢ ᠣᠯᠠᠨ ᠪᠣᠯᠪᠠᠴᠦ ᠬᠠᠷᠡᠭᠭᠤᠢ ᠳᠤ ᠪᠠᠰᠠ ᠳ᠋ᠧᠩ ᠵᠣᠯᠠ ᠶᠢᠨ ᠭᠡᠷᠡᠯ ᠬᠡᠷᠡᠭᠳᠡᠢ ᠬᠠᠷᠠᠴᠦ ᠲᠦᠮᠡᠨ ᠬᠡᠳᠦᠢ ᠣᠯᠠᠨ ᠪᠣᠯᠪᠠᠴᠦ ᠬᠠᠮᠤᠭ ᠢ ᠣᠳᠣᠷᠢᠳᠬᠤ ᠰᠣᠳᠣᠨ ᠮᠡᠷᠭᠡᠳ ᠬᠡᠷᠡᠭᠳᠡᠢ      5. ᠪᠣᠯᠵᠣᠭᠰᠠᠨ ᠠᠴᠠ ᠪᠠᠨ ᠪᠣᠯᠳᠣᠷᠢᠯ ᠦᠬᠡᠢ ᠰᠶᠢᠳᠦᠭᠰᠡᠨ ᠠᠴᠠ ᠪᠠᠨ ᠰᠢᠨᠳᠠᠷᠠᠯ ᠦᠬᠡᠢ      6. ᠬᠦᠴᠦ ᠪᠠᠷ ᠲᠡᠮᠡᠴᠡᠯᠳᠦᠭᠰᠡᠨ ᠠᠴᠠ ᠣᠬᠠᠭᠠᠨ ᠢᠶᠠᠷ ᠲᠡᠮᠡᠴᠡᠯᠳᠣ      7. ᠦᠨᠡᠨ ᠰᠣᠷᠭᠠᠯ ᠤᠨ ᠦᠬᠡ ᠬᠡᠳᠦᠢ ᠰᠢᠷᠣᠬᠦᠨ ᠪᠣᠯᠪᠠᠴᠦ ᠠᠪ ᠭᠤᠶᠠᠴᠢ ᠬᠠᠭᠤᠷᠮᠠᠭ ᠦᠬᠡ ᠬᠡᠳᠦᠢ ᠵᠦᠭᠡᠯᠡᠨ ᠴᠦ ᠣᠷᠬᠢ      8. ᠡᠷᠳᠡᠮ ᠢ ᠰᠣᠷᠬᠤ ᠳᠤ ᠦᠴᠦᠬᠡᠨ ᠵᠣᠪᠠᠪᠠᠴᠦ ᠦᠨᠢᠳᠡ ᠵᠢᠷᠭᠠᠬᠤ ᠶᠢᠨ ᠲᠣᠯᠠᠳᠠ ᠬᠢᠴᠢᠶᠡᠨ ᠦᠵᠡᠬᠦ ᠬᠡᠷᠡᠭᠳᠡᠢ      9. ᠬᠦᠮᠦᠨ ᠤ ᠭᠡᠮ ᠶᠢ ᠶᠠᠭᠠᠷᠠᠨ ᠪᠣᠤ ᠭᠠᠷᠭ᠎ᠠ ᠦᠪᠡᠷ ᠤᠨ ᠭᠡᠮ ᠢ ᠣᠷᠢᠳᠠ ᠰᠢᠬᠦᠮᠵᠢᠯᠡ ᠬᠡᠷᠡᠭ ᠦᠶᠢᠯᠡ ᠬᠡᠳᠦᠢ ᠦᠴᠦᠬᠡᠨ ᠪᠣᠯᠪᠠᠴᠦ ᠬᠢᠴᠢᠶᠡᠯ ᠠᠴᠠ ᠠᠨᠭᠢᠵᠢᠷᠠᠪᠠᠰᠣ ᠦᠯᠦ ᠪᠦᠳᠦᠶᠦ      10. ᠬᠦᠮᠦᠨ ᠤ ᠣᠯᠵᠠ ᠶᠢ ᠪᠠᠭ᠋ᠠᠷᠪᠠᠰᠣ ᠦᠪᠡᠷ ᠤᠨ ᠬᠡᠰᠢᠭ ᠵᠠᠶᠢᠯᠠᠮᠣᠢ      11. ᠬᠤᠪᠢ ᠲᠠᠪᠢᠯᠠᠩ ᠳᠤ ᠭᠤᠳᠣᠵᠣ ᠰᠠᠭᠤᠬᠤ ᠪᠠᠷ ᠬᠦᠴᠦ ᠭᠠᠷᠭᠠᠵᠣ ᠲᠡᠮᠡᠴᠡᠵᠣ ᠦᠵᠡ      12. ᠦᠬᠡ ᠬᠡᠯᠡᠬᠦᠢ ᠳᠤᠷ ᠪᠣᠯᠬᠤ ᠡᠰᠡᠬᠦ ᠶᠢ ᠪᠣᠳᠣᠯᠬᠢᠯᠠᠨ ᠰᠠᠨᠠᠯᠳᠠᠢ ᠠᠶᠣᠤᠯᠢᠬᠠᠢ ᠲᠣᠳᠣᠷ᠎ᠠ ᠠᠴᠠ ᠦᠬᠦᠯᠡᠭᠰᠡᠨ ᠴᠦ ᠠᠮᠠ ᠠᠯᠳᠠᠪᠠᠰᠣ ᠪᠠᠷᠢᠵᠣ ᠦᠯᠦ ᠪᠣᠯᠣᠮᠤᠢ      13. ᠡᠨᠡ ᠠᠷᠢᠬᠢ ᠬᠡᠮᠡᠭᠴᠢ ᠶᠠᠭᠤᠮ᠎ᠠ ᠪᠠᠭ᠎ᠠ ᠪᠣᠯᠪᠠᠰᠣ ᠣᠷᠮ᠎ᠠ ᠶᠢ ᠬᠦᠭᠵᠢᠭᠡᠮᠣᠢ ᠪᠠᠭ᠋ᠠᠨ ᠠᠬᠠᠳᠠᠪᠠᠰᠣ ᠣᠬᠠᠭᠠᠨ ᠢ ᠪᠠᠯᠠᠷᠠᠭᠤᠯᠣᠮᠤᠢ      14. ᠠᠯᠳᠠᠨ ᠪᠡᠶ᠎ᠠ ᠮᠢᠨᠣ ᠠᠯᠵᠢᠶᠠᠪᠠᠰᠣ ᠠᠯᠵᠢᠶᠠᠳᠣᠭᠠᠢ ᠠᠬᠤ ᠲᠦᠷᠦ ᠮᠢᠨᠣ ᠪᠣᠤ ᠠᠯᠳᠠᠷᠠᠳᠣᠭᠠᠢ ᠪᠦᠳᠦᠨ ᠪᠡᠶ᠎ᠡ ᠮᠢᠨᠣ ᠵᠣᠪᠠᠪᠠᠰᠣ ᠵᠣᠪᠠᠳᠣᠭᠠᠢ ᠪᠦᠷᠢᠨ ᠣᠯᠣᠰ ᠮᠢᠨᠣ ᠪᠣᠤ ᠰᠠᠮᠳᠣᠷᠳᠣᠭᠠᠢ      15. ᠬᠤᠯᠠ ᠬᠡᠮᠡᠨ ᠪᠣᠤ ᠴᠦᠬᠦ ᠶᠠᠪᠣᠪᠠᠰᠣ ᠬᠦᠷᠦᠶᠣ ᠬᠦᠨᠳᠦ ᠬᠡᠮᠡᠨ ᠪᠣᠤ ᠴᠦᠬᠦ ᠡᠷᠭᠦᠪᠡᠰᠣ ᠲᠠᠭᠠᠭᠠᠶᠣ      16. ᠦᠨᠳᠦᠷ ᠠᠭᠤᠯᠠ ᠬᠦᠳᠦᠯ ᠵᠣᠷᠢ ᠦᠷᠭᠡᠨ ᠮᠦᠷᠡᠨ ᠤ ᠣᠯᠣᠮ ᠵᠣᠷᠢ      17. ᠮᠢᠬ᠎ᠠ ᠢᠳᠡᠬᠦ ᠰᠡᠳᠣᠨ ᠠᠮᠠᠨ ᠳᠤ ᠪᠠᠶᠢᠳᠠᠭ ᠬᠦᠮᠦᠨ ᠢᠳᠡᠬᠦ ᠰᠢᠳᠣᠨ ᠰᠡᠳᠬᠢᠯ ᠳᠤ ᠪᠠᠶᠢᠳᠠᠭ      18. ᠪᠡᠶ᠎ᠡ ᠪᠦᠬᠡ ᠪᠦᠭᠡᠰᠦ ᠭᠠᠭᠴᠠ ᠶᠢ ᠢᠯᠡᠶᠣ ᠪᠢᠯᠢᠭ ᠪᠦᠬᠡ ᠪᠦᠭᠡᠰᠣ ᠣᠯᠠᠨ ᠢ ᠢᠯᠠᠶᠣ ᠰᠠᠶᠢᠨ ᠬᠡᠷᠡᠭ ᠵᠠᠭᠤᠨᠳᠠ ᠦᠶᠢᠯᠡᠳᠪᠡᠰᠦ ᠦᠶᠢᠯᠡᠰ ᠤᠨ ᠲᠡᠵᠢᠭᠡᠯ ᠲᠡᠷᠡ ᠪᠣᠶᠣ ᠦᠨᠡᠨ ᠦᠬᠡ ᠵᠠᠭᠤᠨᠳᠠ ᠦᠬᠦᠯᠡᠪᠡᠰᠦ ᠰᠡᠳᠬᠢᠯ ᠤᠨ ᠲᠣᠯᠭᠠᠭᠤᠷᠢ ᠲᠡᠷᠡ ᠪᠣᠶᠣ       19. ᠦᠰᠳᠣ ᠲᠠᠶᠢᠰᠣᠨ ᠦᠵᠡᠭᠳᠡᠬᠦ ᠦᠬᠡᠢ ᠬᠡᠮᠡᠨ ᠰᠡᠯᠡᠮ᠎ᠡ ᠪᠠᠨ ᠪᠢᠳᠡᠬᠡᠢ ᠣᠷᠬᠢᠭᠳᠣᠨ ᠦ ᠰᠡᠪ  ᠲᠠᠢ ᠪᠣᠯᠣᠯ᠎ᠠ ᠭᠡᠳ ᠨᠦᠬᠦᠳ ᠢᠶᠠᠨ ᠪᠢᠳᠡᠬᠡᠢ ᠬᠠᠷᠠᠳᠠᠭᠳᠣᠨ      20. ᠶᠠᠰᠣ ᠪᠠᠨ ᠬᠤᠭᠤᠷᠠᠪᠠᠴᠦ ᠨᠡᠷ᠎ᠡ ᠪᠠᠨ ᠪᠣᠤ ᠬᠤᠭᠤᠯ ᠬᠡᠯᠡ ᠣᠭᠳᠣᠯᠪᠠᠴᠦ ᠦᠬᠡ ᠪᠠᠨ ᠪᠣᠤ ᠪᠣᠴᠠ      21. ᠠᠭᠤᠯᠠ ᠬᠡᠳᠣᠢ ᠦᠨᠳᠦᠷ ᠪᠣᠯᠪᠠᠴᠦ ᠠᠪᠠᠷᠢᠪᠠᠰᠣ ᠣᠷᠣᠢ ᠳᠤᠨᠢ ᠭᠠᠷᠣᠶᠣ ᠣᠰᠣᠨ ᠬᠡᠳᠦᠢ ᠬᠦᠨ ᠪᠣᠯᠪᠠᠴᠦ ᠭᠠᠳᠣᠯᠪᠠᠰᠣ ᠬᠦᠪᠡᠭᠡ ᠳᠤᠨᠢ ᠬᠦᠷᠦᠶᠣ      22. ᠰᠠᠷᠠᠭᠤᠯ ᠣᠬᠠᠭᠠᠨ ᠠᠴᠠ ᠢᠯᠡᠬᠦᠣ ᠰᠠᠶᠢᠨ ᠨᠦᠬᠦᠷ ᠪᠠᠶᠢᠳᠠᠭ ᠦᠬᠡᠢ ᠮᠣᠩᠬᠠᠭ ᠬᠢᠯᠢᠩ ᠠᠴᠠ ᠢᠯᠡᠬᠦᠣ ᠮᠠᠭᠤ ᠲᠠᠶᠢᠰᠣᠨ ᠪᠠᠶᠢᠬᠤ ᠦᠬᠡᠢ
 
ᠢᠷᠡᠯᠲᠡ᠄ ᠬᠥᠬᠡᠬᠤᠲᠠ ᠶᠢᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号