ᠮᠠᠷᠺᠦ · ᠫᠤᠯᠤ ᠦᠨᠡᠭᠡᠷ ᠲᠤᠮᠳᠠᠳᠤ ᠤᠯᠤᠰ ᠲᠤ ᠢᠷᠡᠵᠦ ᠦᠩᠭᠡᠷᠡᠭᠰᠡᠨ ᠭᠡᠵᠢ ᠤᠤ︖
ᠨᠡᠶᠢᠲᠡᠯᠡᠭᠰᠡᠨ ᠴᠠᠭ᠄
2018-03-08
     ᠲᠡᠦᠭᠡᠨ ᠨᠤᠮ ᠲᠤᠳᠤᠷ᠎ᠠ᠂ ᠮᠠᠷᠺᠦ · ᠫᠤᠯᠤ ᠶᠢ ᠬᠦᠮᠦᠰ ᠲᠡᠯᠡᠬᠡᠢ ᠲᠡᠭᠡᠷᠡᠬᠢ ᠬᠠᠮᠤᠭ ᠤᠨ ᠠᠭᠤᠤ ᠶᠡᠭᠡ ᠪᠠᠷᠳᠠᠭ᠎ᠠ ᠰᠢᠨᠵᠢᠯᠡᠭᠴᠢ ᠶᠢᠨ ᠨᠢᠭᠡ ᠭᠡᠵᠦ ᠡᠷᠬᠦᠮᠵᠢᠯᠡᠨ᠂ ᠪᠠᠰᠠᠴᠤ ᠶᠤᠸᠠᠨ ᠤᠯᠤᠰ ᠤᠨ ᠬᠤᠪᠢᠯᠠᠢ ᠬᠠᠭᠠᠨ ᠤ ᠨᠤᠶᠠᠷᠬᠠᠯ ᠤᠨ ᠦᠶ᠎ᠡ ᠳᠤ ᠲᠤᠮᠳᠠᠳᠤ ᠤᠯᠤᠰ ᠲᠤ ᠢᠷᠡᠵᠦ ᠦᠡᠭᠭᠡᠷᠡᠭᠰᠡᠨ ᠭᠠᠳᠠᠭᠠᠳᠤ ᠶᠢᠨ ᠨᠦᠬᠦᠷᠰᠡᠭ ᠡᠯᠴᠢᠨ ᠤ ᠨᠢᠭᠡ ᠭᠡᠵᠦ ᠦᠵᠡᠵᠦ ᠪᠤᠢ᠃ ᠭᠡᠳᠡᠯ᠎ᠡ ᠲᠡᠷᠡ ᠪᠤᠯ ᠨᠢᠭᠡᠨ ᠮᠡᠭᠡᠯᠡᠭᠴᠢ ᠪᠠᠶᠢᠵᠦ᠂ ᠮᠢᠩᠭᠠᠨ ᠤᠨ ᠤᠯᠠᠮᠵᠢᠯᠠᠭᠳᠠᠵᠦ ᠪᠠᠶᠢᠬᠤ ᠶᠤᠸᠠᠨ ᠤᠯᠤᠰ ᠲᠤ ᠵᠢᠭᠤᠯᠴᠢᠯᠠᠭᠰᠠᠨ ᠵᠡᠷᠭᠡ ᠭᠡᠷᠡᠭ ᠤᠴᠢᠷ ᠨᠢ ᠦᠨᠡᠨᠳᠡᠭᠡᠨ ᠪᠦᠷ ᠬᠤᠳᠠᠯ ᠶᠠᠷᠢᠶ᠎ᠠ ᠪᠤᠯᠬᠤ ᠶᠤᠮ ᠭᠡᠨ᠎ᠡ︖        ︽ᠡᠳᠦᠷ ᠪᠦᠷᠢ ᠶᠢᠨ ᠴᠠᠬᠢᠯᠭᠠᠨ ᠮᠡᠳᠡᠭᠡ ᠰᠤᠨᠢᠨ︾ ᠤ 8 ᠰᠠᠷ᠎ᠠ ᠶᠢᠨ 10 ᠤ ᠡᠳᠦᠷ ᠮᠡᠳᠡᠭᠡᠯᠡᠭᠰᠡᠨ ᠢ ᠦᠨᠳᠦᠰᠦᠯᠡᠪᠡᠯ᠂ ᠤᠢᠢᠷ᠎ᠠ ᠳᠤ᠂ ᠨᠠᠪᠦ᠋ᠯᠧᠼᠢ ᠶᠡᠭᠡ ᠰᠤᠷᠭᠠᠭᠤᠯᠢ ᠶᠢᠨ ᠳ᠋ᠠᠨᠨᠢᠷ · ᠫᠸᠢᠢᠲ᠋ᠧᠷᠢᠷᠠ ᠫᠷᠤᠹᠧᠰᠰᠤᠷ ᠤᠨ ᠲᠠᠭᠠᠭᠤᠯᠤᠭᠰᠠᠨ ᠬᠠᠭᠤᠴᠢ ᠰᠤᠳᠤᠯᠤᠯ ᠤᠨ ᠪᠠᠭ᠎ᠠ ᠲᠤᠭᠤᠢᠢᠯᠠᠩ ᠤᠨ ᠬᠢᠨ ᠢᠲ᠋ᠠᠯᠢ ᠶᠢᠨ ᠲᠡᠦᠭᠡᠨ ᠰᠡᠳᠬᠦᠯ ︽ᠲᠡᠦᠭᠡᠨ ᠠᠩᠬᠠᠷᠤᠯ ᠲᠦᠪᠯᠡᠷᠡᠯ︾ ᠤᠨ ᠰᠤᠷᠪᠤᠯᠵᠢᠯᠠᠭ᠎ᠠ ᠶᠢ ᠬᠦᠯᠢᠶᠡᠬᠦ ᠳᠡᠭᠡᠨ ᠶᠠᠷᠢᠭᠰᠠᠨ  ᠨᠢ᠂ ᠦᠪᠡᠷ ᠢ ᠪᠠᠨ ᠲᠤᠮᠳᠠᠳᠤ ᠤᠯᠤᠰ ᠪᠠ ᠲᠤᠷᠤᠨᠠᠳᠠᠬᠢᠨ ᠳᠤ ᠭᠡᠳᠦᠨ ᠠᠷᠪᠠᠨ ᠵᠢᠯ ᠠᠮᠢᠳᠤᠷᠠᠵᠠᠢ ᠭᠡᠵᠦ ᠭᠡᠯᠡᠭᠰᠡᠨ ᠸᠧᠨᠢᠽᠢᠶ᠎ᠠ ᠶᠢᠨ ᠪᠠᠷᠳᠠᠭ᠎ᠠ ᠰᠢᠨᠵᠢᠯᠡᠭᠴᠢ᠂ ᠦᠨᠡᠨᠳᠡᠭᠡᠨ ᠬᠠᠮᠤᠭ ᠬᠤᠯᠠ ᠳᠠᠭᠠᠨ ᠵᠦᠪᠭᠡᠨ ᠬᠠᠷ᠎ᠠ ᠲᠠᠩᠬᠢᠰ ᠬᠦᠷᠴᠦ ᠦᠩᠭᠡᠷᠡᠵᠡᠢ᠃ ᠬᠠᠷᠢᠨ ᠲᠡᠬᠦᠨ ᠤ ᠮᠢᠩᠭ᠎ᠠ ᠰᠢᠬᠠᠭᠤ ᠵᠢᠯ ᠶᠠᠷᠢᠭᠳᠠᠭᠰᠠᠨ ᠪᠠᠷᠳᠠᠭ᠎ᠠ ᠰᠢᠨᠵᠢᠯᠡᠭᠰᠡᠨ ᠲᠡᠦᠭᠡᠨ ᠭᠡᠷᠡᠭ  ᠨᠢ ᠲᠡᠷᠡ ᠵᠦᠪᠭᠡᠨ ᠲᠡᠳᠡᠭᠡᠷ ᠲᠤᠮᠳᠠᠳᠤ ᠤᠯᠤᠰ᠂ ᠶᠠᠫᠤᠨ ᠪᠠ ᠮᠤᠩᠭᠤᠯ ᠬᠠᠭᠠᠨᠳᠤ ᠤᠯᠤᠰ ᠤᠨ ᠲᠡᠦᠭᠡᠨ ᠶᠠᠪᠤᠳᠠᠯ ᠢ ᠰᠠᠶᠢᠨ ᠮᠡᠳᠡᠳᠡᠭ ᠠᠷᠠᠯᠵᠢᠶᠠᠨ ᠤ ᠬᠠᠨᠢᠳᠠᠨ ᠤ ᠠᠮᠠᠨ ᠠᠴᠠ ᠰᠤᠨᠤᠰᠤᠭᠰᠠᠨ ᠭᠡᠷᠡᠭ ᠤᠴᠢᠷ ᠲᠡᠳᠦᠢ ᠪᠤᠯᠤᠨ᠎ᠠ᠃ ᠰᠡᠬᠦᠯ ᠳᠤᠨᠢ ᠮᠠᠷᠺᠦ · ᠫᠤᠯᠤ ᠡᠳᠡᠭᠡᠷ ᠲᠡᠮᠳᠡᠭᠯᠡᠯ ᠢᠶᠠᠨ ᠡᠮᠬᠢᠳᠭᠡᠵᠦ ᠲᠡᠪᠳᠡᠷᠯᠡᠨ᠂ ᠦᠪᠡᠷ ᠢ ᠪᠠᠨ 1271 — 1291 ᠤᠨ ᠤ ᠬᠤᠭᠤᠷᠤᠨᠳᠤ ᠲᠤᠮᠳᠠᠳᠤ ᠤᠯᠤᠰ ᠲᠤ ᠠᠮᠢᠳᠤᠷᠠᠵᠦ ᠦᠩᠭᠡᠷᠡᠪᠡ ᠭᠡᠵᠦ ᠶᠠᠷᠢᠭᠰᠠᠨ ᠪᠠᠶᠢᠨ᠎ᠠ᠃ ᠲᠡᠷᠡ ᠪᠠᠰᠠ ᠤᠨᠴᠠᠭᠠᠢᠢᠯᠠᠨ ᠲᠤᠳᠤᠷᠬᠠᠢᠢᠯᠠᠭᠰᠠᠨ ᠨᠢ ᠲᠡᠷᠡ ᠲᠤᠬᠠᠢ ᠶᠢᠨ ᠦᠶ᠎ᠡ ᠳᠤ ᠬᠤᠪᠢᠯᠠᠢ ᠬᠠᠭᠠᠨ ᠲᠠᠢ ᠨᠢᠭᠳᠠ ᠬᠠᠷᠢᠴᠠᠭ᠎ᠠ ᠲᠠᠢ ᠪᠠᠶᠢᠪᠠ ᠭᠡᠵᠦ ᠶᠠᠷᠢᠭᠰᠠᠨ ᠪᠠᠶᠢᠨ᠎ᠠ᠃        ᠭᠡᠷᠡᠴᠢ 1᠄ ᠲᠡᠦᠭᠡᠨ ᠪᠤᠳᠠᠳᠤ ᠶᠠᠪᠤᠳᠠᠯ ᠲᠠᠢ ᠨᠡᠶᠢᠴᠡᠬᠦ ᠦᠭᠡᠢ᠃ ᠮᠠᠷᠺᠦ · ᠫᠤᠯᠤ ᠬᠤᠪᠢᠯᠠᠢ 1274 ᠤᠨ ᠪᠠ 1281 ᠤᠨ ᠳᠤ ᠶᠠᠫᠤᠨ ᠳᠤ ᠲᠦᠷᠢᠨ ᠤᠷᠤᠭᠰᠠᠨ ᠶᠠᠪᠤᠳᠠᠯ ᠢ ᠲᠡᠮᠳᠡᠭᠯᠡᠬᠦ ᠳᠡᠭᠡᠨ ᠲᠡᠦᠭᠡᠨ ᠪᠤᠳᠠᠳᠤ ᠪᠠᠶᠢᠳᠠᠯ ᠲᠠᠢ ᠨᠡᠶᠢᠴᠡᠬᠦ ᠦᠭᠡᠢ ᠮᠠᠰᠢ ᠤᠯᠠᠨ ᠮᠠᠳᠠᠭ ᠲᠠᠢ ᠠᠰᠠᠭᠤᠳᠠᠯ ᠦᠯᠡᠳᠡᠭᠡᠵᠡᠢ᠃ ᠫᠸᠢᠢᠲ᠋ᠧᠷᠢᠷᠠ ᠫᠧᠷᠦᠹᠧᠰᠰᠤᠷ ᠤᠨ ᠭᠡᠯᠡᠬᠦ ᠪᠠᠷ᠄ ︽ᠲᠡᠷᠡ ᠬᠤᠶᠠᠷ ᠤᠳᠠᠭ᠎ᠠ ᠶᠢᠨ ᠲᠠᠶᠢᠨ ᠤ ᠨᠠᠷᠢᠨ ᠪᠠᠶᠢᠳᠠᠯ ᠢ ᠪᠦᠷ ᠬᠤᠳᠬᠤᠯᠳᠤᠭᠤᠯᠵᠠᠢ᠃ ᠲᠡᠦᠭᠡᠨ ᠤ ᠲᠦᠷᠰᠦᠯᠡᠯ ᠢ ᠦᠨᠳᠦᠰᠦᠯᠡᠪᠡᠯ᠂ ᠨᠢᠭᠡᠳᠦᠭᠡᠷ ᠤᠳᠠᠭᠠᠨ ᠤ ᠲᠦᠷᠢᠨ ᠤᠷᠤᠭᠰᠠᠨ ᠬᠤᠭᠤᠴᠠᠭᠠᠨ ᠳᠤ᠂ ᠶᠤᠸᠠᠨ ᠤᠯᠤᠰ ᠤᠨ ᠤᠩᠭᠤᠴᠠᠨ ᠤ ᠠᠩᠬᠢ ᠰᠤᠯᠤᠩᠭᠤᠰ ᠤᠯᠤᠰ ᠠᠴᠠ ᠶᠠᠫᠤᠨ ᠤ ᠲᠠᠯᠠᠢ ᠶᠢᠨ ᠡᠷᠬᠢ ᠳᠤ ᠬᠦᠷᠬᠦ ᠵᠠᠮ ᠵᠠᠭᠤᠷ᠎ᠠ ᠪᠠᠨ ᠲᠠᠯᠠᠢ ᠶᠢᠨ ᠲᠠᠶᠢᠹᠧᠩ ᠰᠠᠯᠬᠢᠨ ᠳᠤ ᠲᠠᠭᠠᠷᠢᠭᠳᠠᠪᠠ ᠭᠡᠵᠦ ᠪᠤᠢ᠃ ᠭᠡᠳᠡᠯ᠎ᠡ ᠲᠡᠷᠡ ᠤᠳᠠᠭᠠᠨ ᠤ ᠲᠠᠯᠠᠢ ᠶᠢᠨ ᠶᠡᠭᠡ ᠲᠠᠶᠢᠹᠧᠩ ᠰᠠᠯᠬᠢ ᠨᠢ 1281 ᠤᠨ ᠳᠤ ᠡᠬᠦᠰᠦᠭᠰᠡᠨ ᠪᠠᠶᠢᠨ᠎ᠠ᠃ ᠲᠡᠷᠡ ᠦᠪᠡᠷ ᠤᠨ ᠢᠶᠠᠨ ᠨᠢᠳᠤ ᠪᠠᠷ ᠢᠶᠠᠨ ᠤᠯᠵᠦ ᠬᠠᠷᠠᠭᠰᠠᠨ ᠭᠡᠷᠡᠴᠢ ᠶᠢᠨ ᠬᠦᠮᠦᠨ ᠭᠡᠵᠦ ᠭᠡᠯᠡᠵᠦ ᠪᠤᠢ᠃ ᠭᠡᠷᠪᠡ ᠡᠨᠡᠬᠦ ᠤᠴᠢᠷ ᠨᠢ ᠦᠨᠡᠨ ᠪᠤᠯᠬᠤ ᠳᠤ ᠬᠦᠷᠪᠡᠯ᠂ ᠭᠡᠷᠡᠭ ᠤᠴᠢᠷ ᠤᠨ ᠡᠬᠦᠰᠦᠯ ᠤᠨ ᠴᠠᠬ ᠢ 7 ᠵᠢᠯ ᠤᠨ ᠡᠮᠦᠨᠡᠬᠢ ᠤᠴᠢᠷ ᠭᠡᠵᠦ ᠪᠤᠷᠤᠭᠤ ᠲᠡᠮᠳᠡᠭᠯᠡᠬᠦ ᠪᠤᠢ︖︾᠃ ᠡᠬᠦᠨ ᠠᠴᠠ ᠭᠠᠳᠠᠨ᠎ᠠ᠂ ᠮᠠᠷᠺᠦ · ᠫᠤᠯᠤ ᠶᠢᠨ ᠶᠤᠸᠠᠨ ᠤᠯᠤᠰ ᠤᠨ ᠤᠩᠭᠤᠴᠠᠨ ᠤ ᠠᠩᠬᠢ ᠶᠢᠨ ᠲᠤᠬᠠᠢ ᠲᠦᠷᠰᠦᠯᠡᠯ ᠨᠢ ᠬᠠᠭᠤᠴᠢ ᠰᠤᠳᠤᠯᠭᠠᠳᠠᠳ ᠤᠨ ᠶᠠᠫᠤᠨ  ᠠᠴᠠ ᠤᠯᠵᠦ ᠠᠪᠤᠭᠰᠠᠨ ᠡᠷᠳᠡᠨ ᠤ ᠠᠷᠠᠭ ᠶᠠᠰᠤᠨ ᠤ ᠪᠠᠶᠢᠳᠠᠯ ᠲᠠᠢ ᠦᠨᠡᠨᠳᠡᠭᠡᠨ ᠨᠡᠶᠢᠴᠡᠬᠦ ᠦᠭᠡᠢ᠃ ᠲᠡᠷᠡ ᠨᠤᠮ ᠳᠤᠳᠤᠷ᠎ᠠ ᠪᠠᠨ ᠶᠤᠸᠠᠨ ᠤᠯᠤᠰ ᠤᠨ ᠤᠩᠭᠤᠴᠠ ᠵᠦᠪᠭᠡᠨ ᠲᠠᠪᠤᠨ ᠰᠢᠷᠤᠭ ᠲᠠᠢ ᠭᠡᠵᠦ ᠪᠢᠴᠢᠵᠦ ᠪᠤᠢ᠂ ᠭᠡᠳᠡᠯ᠎ᠡ ᠤᠯᠳᠠᠭᠰᠠᠨ ᠲᠡᠦᠭᠡᠨ ᠦᠯᠡᠳᠡᠭᠳᠡᠯ ᠳᠤ ᠵᠦᠪᠭᠡᠨ ᠭᠤᠷᠪᠠᠨ ᠰᠢᠷᠤᠭ ᠲᠠᠢ᠃        ᠭᠡᠷᠡᠴᠢ 2᠄ ᠫᠧᠷᠰ ᠭᠡᠯᠡ ᠭᠡᠷᠡᠭᠯᠡᠬᠦ ᠲᠤᠷᠠᠳᠠᠢ ᠳ᠋ᠠᠨᠨᠢᠷ · ᠫᠸᠢᠢᠲ᠋ᠧᠷᠢᠷᠠ ᠫᠷᠤᠹᠧᠰᠰᠤᠷ ᠢᠯᠡᠷᠭᠡᠶᠢᠯᠡᠭᠰᠡᠨ ᠨᠢ᠂ ︽ᠲᠡᠷᠡ ᠬᠤᠪᠢᠯᠠᠢ ᠶᠢᠨ ᠤᠩᠭᠤᠴᠠ ᠶᠢ ᠲᠦᠷᠰᠦᠯᠡᠬᠦ ᠦᠶᠡᠰ᠂ ᠵᠦᠨᠡᠨ ︵chunam︶ ᠭᠡᠬᠦ ᠦᠭᠡ ᠪᠠᠷ ᠤᠩᠭᠤᠴᠠᠨ ᠤ ᠤᠰᠤ ᠶᠢ ᠰᠡᠷᠭᠡᠶᠢᠯᠡᠬᠦ ᠭᠠᠳᠠᠷ ᠲᠠᠯ᠎ᠠ ᠶᠢᠨ ᠪᠠᠷᠤᠭᠰᠢᠨ ︵pitch︶ ᠢ ᠲᠦᠷᠰᠦᠯᠡᠵᠡᠢ᠃ ᠭᠡᠳᠡᠯ᠎ᠡ ᠬᠢᠳᠡᠳ ᠭᠡᠯᠡ ᠪᠡ ᠮᠤᠩᠭᠤᠯ ᠬᠡᠯᠡᠨ ᠳᠤ ︿ᠵᠦᠨᠡᠨ﹀ ᠭᠡᠳᠡᠭ ᠨᠢ ᠶᠠᠮᠠᠷ ᠴᠤ ᠤᠳᠬ᠎ᠠ ᠦᠭᠡᠢ ᠦᠭᠡ ᠪᠤᠯᠤᠨ᠎ᠠ᠃ ᠦᠨᠡᠨᠳᠡᠭᠡᠨ ᠫᠧᠷᠰ ᠭᠡᠯᠡᠨ ᠳᠤ ᠵᠦᠨᠡᠨ ᠭᠡᠳᠡᠭ ᠨᠢ ᠲᠠᠷᠤᠢ ᠪᠠᠷᠤᠭᠰᠢᠨ ᠢ ᠵᠢᠭᠠᠳᠠᠭ᠃ ᠠᠳᠠᠯᠢᠬᠠᠨ ᠢᠶᠠᠷ᠂ ᠲᠡᠬᠦᠨ ᠤ ᠲᠦᠷᠰᠦᠯᠡᠯ ᠲᠤᠮᠳᠠ ᠮᠠᠰᠢ ᠤᠯᠠᠨ ᠫᠧᠷᠰ ᠭᠡᠯᠨ ᠪᠠᠷ ᠮᠤᠩᠭᠤᠯ ᠪᠡ ᠲᠤᠮᠳᠠᠳᠤ ᠤᠯᠤᠰ ᠤᠨ ᠭᠠᠵᠠᠷ ᠤᠨ ᠨᠡᠷ᠎ᠡ ᠶᠢ ᠲᠦᠯᠦᠭᠡᠯᠡᠨ ᠨᠡᠷᠡᠯᠡᠵᠡᠢ︾᠃        ᠭᠡᠷᠡᠴᠢ 3᠄ ᠲᠡᠦᠭᠡᠨ ᠨᠤᠮ ᠳᠤ ᠨᠡᠷ᠎ᠡ ᠦᠭᠡᠢ ᠮᠠᠷᠺᠦ · ᠫᠤᠯᠤ ᠦᠪᠡᠷ ᠢ ᠪᠠᠨ ᠬᠤᠪᠢᠯᠠᠢ ᠶᠢᠨ ᠦᠶ᠎ᠡ ᠳᠤ ᠤᠷᠳᠤᠨ ᠤ ᠲᠤᠳᠤᠷ᠎ᠠ ᠡᠯᠴᠢᠨ ᠰᠠᠶᠢᠳ ᠤᠨ ᠲᠤᠰᠢᠶᠠᠯ ᠢ ᠬᠠᠷᠢᠭᠤᠴᠠᠵᠦ ᠪᠠᠶᠢᠵᠠᠢ ᠭᠡᠵᠦ ᠭᠡᠯᠡᠪᠡ᠃ ᠭᠡᠳᠡᠯ᠎ᠡ ᠮᠤᠩᠭᠤᠯ ᠬᠢᠳᠡᠳ ᠲᠡᠦᠭᠡᠨ ᠮᠠᠲ᠋ᠧᠷᠢᠶᠠᠯ ᠳᠤ ᠲᠡᠬᠦᠨ ᠤ ᠨᠡᠷ᠎ᠡ ᠶᠡᠷᠦ ᠠᠴᠠ ᠲᠤᠷᠠᠳᠤᠭᠳᠠᠵᠦ ᠦᠩᠭᠡᠷᠡᠭᠰᠡᠨ ᠦᠭᠡᠢ᠃
 
ᠢᠷᠡᠯᠲᠡ᠄ ᠬᠥᠬᠡᠬᠤᠲᠠ ᠶᠢᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号