ᠲᠣᠳᠣ ᠦᠰᠦᠭ ᠤᠨ ᠵᠣᠬᠢᠶᠠᠭᠳᠠᠭᠰᠠᠨ 370 ᠵᠢᠯ ᠤᠨ ᠤᠢ ᠶᠢ ᠳᠤᠷᠠᠰᠬᠠᠬᠤ ᠣᠶᠢᠷᠠᠳ ᠤᠨ ᠲᠡᠥᠬᠡ ᠪᠠ ᠰᠣᠶᠣᠯ ᠰᠣᠳᠣᠯᠣᠯ ᠤᠨ ᠡᠷᠳᠡᠮ ᠰᠢᠨᠵᠢᠯᠡᠭᠡᠨ ᠤ ᠶᠠᠷᠢᠯᠴᠠᠬᠤ ᠬᠤᠷᠠᠯ ᠪᠡᠭᠡᠵᠢᠩ ᠳᠤ ᠶᠠᠪᠤᠭᠳᠠᠪᠠ
ᠨᠡᠶᠢᠲᠡᠯᠡᠭᠰᠡᠨ ᠴᠠᠭ᠄
2018-03-29
      ᠠᠷᠠᠳ ᠤᠨ ᠰᠦᠯᠵᠢᠶ᠎ᠡ ᠶᠢᠨ ᠪᠡᠭᠡᠵᠢᠩ ᠤᠨ 3 ᠰᠠᠷ᠎ᠠ ᠶᠢᠨ 25 ᠤ ᠡᠳᠦᠷ ᠤᠨ  ᠴᠠᠬᠢᠯᠭᠠᠨ  ᠮᠡᠳᠡᠭᠡ  ︵ᠳᠣᠷᠣᠨ᠎ᠠ︶ ᠮᠣᠩᠭᠤᠯ ᠦᠨᠳᠦᠰᠦᠲᠡᠨ ᠤ  ᠲᠡᠥᠬᠡᠨ ᠳᠤ  ᠬᠡᠷᠡᠭᠯᠡᠭᠳᠡᠭᠰᠡᠨ  ᠦᠰᠦᠭ  ᠪᠢᠴᠢᠭ ᠤᠨ  ᠨᠢᠭᠡ  ᠪᠣᠯᠬᠤ  ᠲᠣᠳᠣ  ᠦᠰᠦᠭ ‍ᠤᠨ‌ᠵᠣᠬᠢᠶᠠᠭᠳᠠᠭᠰᠠᠨ 370 ᠵᠢᠯ ᠤᠨ ᠣᠢ ᠳᠤ  ᠳᠣᠬᠢᠶᠠᠵᠤ᠂  ᠳᠤᠮᠳᠠᠳᠤ  ᠤᠯᠤᠰ ᠤᠨ  ᠠᠷᠠᠳ ᠤᠨ  ᠶᠡᠭᠡ  ᠰᠤᠷᠭᠠᠭᠤᠯᠢ ᠵᠢᠨ‌‍ᠰᠤᠩᠭᠤᠳᠠᠭ ᠰᠣᠳᠣᠯᠣᠯ ᠤᠨ ᠳᠡᠭᠡᠳᠦ ᠰᠤᠷᠭᠠᠭᠤᠯᠢ ᠶᠢᠨ ᠤᠶᠢᠷᠠᠳ ᠰᠣᠳᠣᠯᠣᠯ· ᠲᠣᠳᠣ ᠰᠣᠳᠣᠯᠣᠯ ᠤᠨ ᠲᠥᠪ ᠪᠠ  ᠳᠤᠮᠳᠠᠳᠤ‌ᠤᠯᠤᠰ ᠤᠨ ᠮᠣᠩᠭᠤᠯ ᠲᠡᠥᠬᠡ ᠰᠣᠳᠣᠯᠣᠯ ᠤᠨ ᠨᠡᠶᠢᠭᠡᠮᠯᠢᠭ ᠠᠴᠠ ︽ᠲᠣᠳᠣ ᠦᠰᠦᠭ ᠤᠨ 370 ᠵᠢᠯ᠄ ᠣᠶᠢᠷᠠᠳ ᠤᠨ ᠲᠡᠥᠬᠡ‌‍ᠪᠠ ᠰᠣᠶᠣᠯ ᠰᠣᠳᠣᠯᠣᠯ ᠤᠨ ᠡᠷᠳᠡᠮ ᠰᠢᠨᠵᠢᠯᠡᠭᠡᠨ ᠤ  ᠶᠠᠷᠢᠯᠴᠠᠬᠤ  ᠬᠤᠷᠠᠯ︾   ᠢ  3ᠰᠠᠷ᠎ᠠ ᠶᠢᠨ  24 ᠤ  ᠡᠳᠦᠷ  ᠡᠷᠬᠢᠯᠡᠨ‌ᠬᠤᠷᠠᠯᠳᠤᠭᠤᠯᠤᠭᠰᠠᠨ ᠪᠠᠶᠢᠨ᠎ᠠ᠃              ᠲᠤᠰ ᠤᠳᠠᠭᠠᠨ ᠤ ᠬᠤᠷᠠᠯ ᠳᠤ ᠳᠤᠮᠳᠠᠳᠤ᠂ ᠮᠣᠩᠭᠤᠯ᠂ ᠣᠷᠣᠰ᠂ ᠶᠠᠫᠤᠨ᠂  ᠠᠩᠭ᠍ᠯᠢ  ᠵᠡᠷᠭᠡ  ᠣᠯᠠᠨ  ᠤᠯᠤᠰ ‍ᠤᠨ‌ᠬᠤᠷᠢ ᠭᠠᠷᠤᠢ ᠡᠷᠳᠡᠮᠲᠡᠨ ᠰᠤᠳᠤᠯᠭᠠᠲᠠᠳ ᠢ ᠪᠠᠭᠲᠠᠭᠠᠭᠰᠠᠨ ᠲᠠᠪᠢ ᠭᠠᠷᠤᠢ  ᠬᠦᠮᠦᠨ  ᠬᠤᠷᠠᠨ  ᠴᠤᠭᠯᠠᠷᠠᠵᠤ᠂  ᠤᠶᠢᠷᠠᠳ ‍ᠤᠨ‌‍ᠲ᠋ᠡᠥᠬᠡ ᠰᠣᠶᠣᠯ᠂ ᠣᠶᠢᠷᠠᠳ ᠮᠣᠩᠭᠤᠯᠴᠤᠳ ᠤᠨ ᠤᠭᠰᠠᠭ᠎ᠠ ᠠᠶᠢᠮᠠᠭ᠂ ᠲᠣᠳᠣ ᠦᠰᠦᠭ  ᠰᠣᠳᠣᠯᠣᠯ ᠤᠨ  ᠠᠬᠤᠢ  ᠪᠠᠶᠢᠳᠠᠯ᠂ᠲᠣᠳᠣ ᠦᠰᠦᠭ ᠤᠨ ᠪᠢᠴᠢᠭ ᠬᠠᠷ᠎ᠠ᠂ ᠲᠣᠳᠣ ᠦᠰᠦᠭ ᠤᠨ ᠪᠢᠴᠢᠯᠭᠡ ᠶᠢᠨ  ᠣᠨᠴᠠᠯᠢᠭ  ᠰᠢᠨᠵᠢ᠂  ᠥᠭᠡᠯᠡᠳ  ᠠᠶᠢᠮᠠᠭ ‍ᠤᠨ‌ᠦᠷ᠎ᠡ ᠬᠤᠶᠢᠴᠢᠰ ᠤᠨ ᠲᠠᠷᠬᠠᠯᠲᠠ ᠶᠢᠨ ᠪᠠᠶᠢᠳᠠᠯ᠂ ᠡᠯ᠎ᠡ ᠤᠯᠤᠰ ᠣᠷᠣᠨ ᠳᠠᠬᠢ ᠤᠶᠢᠷᠠᠳ ᠰᠣᠳᠣᠯᠣᠯ ᠲᠣᠳᠣ  ᠰᠣᠳᠣᠯᠣᠯ ‍ᠤᠨ‌‍ᠲ᠋ᠤᠶᠢᠮᠤ ᠪᠠᠶᠢᠳᠠᠯ ᠵᠡᠷᠭᠡ ᠶᠢᠨ ᠲᠣᠭᠤᠷᠢᠨ ᠳᠤ ᠴᠢᠯᠦᠭᠡᠲᠡᠢ ᠶᠠᠷᠢᠯᠴᠠᠭᠰᠠᠨ ᠪᠠᠶᠢᠨ᠎ᠠ᠃              ᠲᠣᠳᠣ ᠦᠰᠦᠭ 1648 ᠣᠨ ᠳᠤ ᠵᠣᠬᠢᠶᠠᠭᠳᠠᠵᠤ᠂ ᠽᠠᠶ᠎ᠠ ᠪᠠᠨᠳᠢᠳᠠ ᠨᠠᠮᠬᠠᠶᠢᠵᠠᠮᠰᠤ ᠠᠴᠠ ᠤᠶᠢᠭᠤᠷᠵᠢᠨ ᠮᠣᠩᠭᠤᠯ‌ᠦᠰᠦᠭ ᠤᠨ  ᠪᠢᠴᠢᠯᠭᠡ   ᠶᠢᠨ  ᠣᠨᠴᠠᠯᠢᠭ ᠤᠨ  ᠰᠠᠭᠤᠷᠢᠨ  ᠳᠡᠭᠡᠷ᠎ᠡ  ᠤᠶᠢᠷᠠᠳ  ᠠᠮᠠᠨ  ᠠᠶᠠᠯᠭᠤ ᠶᠢᠨ   ᠣᠨᠴᠠᠯᠢᠭ ᠲᠤ᠋‌ᠵᠣᠬᠢᠴᠠᠭᠤᠯᠤᠨ ᠵᠣᠬᠢᠶᠠᠵᠤ᠂ ᠬᠤᠵᠢᠮ ᠨᠢ ᠭᠤᠣᠯᠳᠠᠭᠤ ᠵᠡᠭᠦᠨᠭᠠᠷ ᠪᠠ ᠢᠵᠢᠯ ᠵᠠᠢ ᠶᠢᠨ ᠲᠣᠷᠭᠤᠳᠴᠤᠳ ᠤᠨ  ᠳᠤᠮᠳᠠ  ᠢᠯᠡᠭᠦᠦ‌‍ᠬᠡᠷᠡᠭᠯᠡᠭᠳᠡᠵᠡᠢ᠃              ᠮᠣᠩᠭᠤᠯᠴᠤᠳ  ᠲᠡᠥᠬᠡᠨ  ᠬᠦᠭᠵᠢᠯᠲᠡ ᠶᠢᠨ  ᠶᠠᠪᠤᠴᠠ ᠳᠤ ᠪᠠᠨ  ᠡᠯ᠎ᠡ  ᠵᠦᠢᠯ ᠤᠨ  ᠬᠡᠷᠡᠭᠴᠡᠭᠡ ᠠᠴᠠ   ᠪᠣᠯᠵᠤ᠂ᠤᠶᠢᠭᠤᠷᠵᠢᠨ ᠮᠣᠩᠭᠤᠯ ᠦᠰᠦᠭ᠂ ᠳᠦᠷᠪᠡᠯᠵᠢᠨ ᠦᠰᠦᠭ᠂ ᠠᠯᠢ ᠭᠠᠯᠢ ᠦᠰᠦᠭ᠂ ᠸᠠᠭᠢᠨᠳᠠᠷ᠎ᠠ ᠦᠰᠦᠭ᠂ ᠲᠣᠳᠣ ᠦᠰᠦᠭ᠂ᠰᠣᠶᠣᠮᠪᠤ ᠦᠰᠦᠭ᠂ ᠺᠢᠷᠢᠯ ᠦᠰᠦᠭ ᠵᠡᠷᠭᠡ ᠣᠯᠠᠨ ᠵᠦᠢᠯ ᠤᠨ ᠦᠰᠦᠭ  ᠪᠢᠴᠢᠭ ᠢ  ᠬᠡᠷᠡᠭᠯᠡᠵᠦ᠂  ᠤᠶᠢᠭᠤᠷᠵᠢᠨ  ᠮᠣᠩᠭᠤᠯ‌ᠦᠰᠦᠭ᠂ ᠺᠢᠷᠢᠯ ᠦᠰᠦᠭ ᠬᠢᠭᠡᠳ ᠲᠣᠳᠣ ᠦᠰᠦᠭ ᠢ  ᠣᠳᠣ  ᠪᠣᠯᠲᠠᠯ᠎ᠠ  ᠬᠡᠷᠡᠭᠯᠡᠭᠰᠡᠭᠡᠷ  ᠶᠤᠮ᠃  ᠲᠣᠳᠣ  ᠦᠰᠦᠭ  ᠨᠢ‌ᠵᠣᠬᠢᠶᠠᠭᠳᠠᠭᠰᠠᠨ  ᠴᠠᠭ ᠤᠨ  ᠬᠤᠪᠢ ᠳᠤ  ᠲᠡᠶᠢᠮᠦ  ᠴᠤ  ᠡᠷᠲᠡ  ᠪᠢᠰᠢ  ᠪᠠᠶᠢᠭᠰᠠᠨ  ᠴᠤ  ᠮᠣᠩᠭᠤᠯᠴᠤᠳ ᠤᠨ  ᠬᠡᠷᠡᠭᠯᠡᠵᠦ‌ᠦᠩᠭᠡᠷᠡᠭᠰᠡᠨ ᠦᠰᠦᠭ ᠪᠢᠴᠢᠭ ᠤᠨ ᠳᠣᠲᠣᠷ᠎ᠠ ᠬᠡᠷᠡᠭᠯᠡᠭᠳᠡᠭᠰᠡᠨ  ᠴᠠᠭ ᠤᠨ  ᠤᠷᠲᠤ ᠶᠢᠨ  ᠬᠤᠪᠢ ᠳᠤ  ᠬᠤᠳᠤᠮ  ᠦᠰᠦᠭ︵ᠤᠶᠢᠭᠤᠷᠵᠢᠨ ᠮᠣᠩᠭᠤᠯ ᠦᠰᠦᠭ︶ ᠤᠨ ᠯᠡ ᠳᠠᠷᠠᠭ᠎ᠠ ᠣᠷᠣᠨ᠎ᠠ᠃ ᠭᠤᠷᠪᠠᠨ  ᠵᠠᠭᠤ  ᠭᠠᠷᠤᠢ  ᠵᠢᠯ  ᠬᠡᠷᠡᠭᠯᠡᠭᠳᠡᠭᠰᠡᠨ  ᠲᠣᠳᠣ‌ᠦᠰᠦᠭ ᠨᠢ 20 ᠳ᠋ᠤᠭᠠᠷ ᠵᠠᠭᠤᠨ ᠳᠤ ᠬᠦᠷᠦᠭᠡᠳ ᠬᠤᠪᠢ ᠵᠠᠶᠠᠭᠠᠨ ᠳᠤᠨᠢ ᠶᠡᠬᠡᠬᠡᠨ  ᠬᠤᠪᠢᠷᠠᠯᠲᠠ  ᠭᠠᠷᠴᠤ᠂  20  ᠳ᠋ᠤᠭᠠᠷ‌ᠵᠠᠭᠤᠨ ᠤ ᠬᠤᠷᠢᠭᠠᠳ ᠣᠨ ᠳᠤ ᠣᠷᠣᠰ ᠤᠨ ᠬᠠᠯᠢᠮᠠᠭ᠂ ᠳᠦᠴᠢᠭᠡᠳ ᠣᠨ ᠳᠤ ᠮᠣᠩᠭᠤᠯ ᠤᠯᠤᠰ ᠤᠨ ᠪᠠᠷᠠᠭᠤᠨ ᠠᠶᠢᠮᠠᠭ ‍ᠤᠨ‌ᠣᠶᠢᠷᠠᠳᠴᠤᠳ ᠲᠣᠳᠣ ᠦᠰᠦᠭ ᠢ ᠬᠡᠷᠡᠭᠯᠡᠬᠦ ᠪᠠᠨ ᠪᠠᠶᠢᠵᠤ ᠺᠢᠷᠢᠯ ᠪᠢᠴᠢᠭ ᠢ ᠬᠡᠷᠡᠭᠯᠡᠪᠡ᠃ 20 ᠳ᠋ᠤᠭᠠᠷ ᠵᠠᠭᠤᠨ ᠤ  ᠳᠠᠯᠠᠭᠠᠳ‌ᠣᠨ ᠤ  ᠰᠡᠭᠦᠯᠴᠢ ᠠᠴᠠ  ᠲᠤᠮᠳᠠᠳᠤ  ᠤᠯᠤᠰ ᠤᠨ  ᠰᠢᠨᠵᠢᠶᠠᠩ ᠤᠨ  ᠣᠶᠢᠷᠠᠳᠴᠤᠳ   ᠬᠤᠳᠤᠮ   ᠦᠰᠦᠭ ᠢ   ᠡᠬᠢᠯᠡᠨ‌‍ᠲ᠋ᠡᠯᠭᠡᠷᠡᠭᠦᠯᠦᠭᠰᠡᠨ ᠪᠦᠭᠡᠳ ᠶᠡᠷᠡᠭᠡᠳ ᠣᠨ ᠪᠣᠯᠬᠤ ᠳᠤ ᠲᠣᠳᠣ ᠦᠰᠦᠭ ᠨᠢ  ᠰᠤᠷᠭᠠᠭᠤᠯᠢ ᠶᠢᠨ  ᠰᠤᠷᠤᠭᠴᠢᠳ ᠤᠨ  ᠰᠤᠷᠬᠤ‌ᠦᠰᠦᠭ ᠪᠢᠰᠢ ᠪᠣᠯᠵᠤ᠂ ᠣᠳᠣᠬᠠᠨ ᠬᠡᠳᠦᠶᠢᠪᠡᠷ ᠡᠳᠦᠢ ᠲᠡᠳᠦᠢ ᠨᠣᠮ᠂ ᠰᠡᠳᠬᠦᠯ᠂  ᠰᠣᠨᠢᠨ  ᠮᠦᠨ  ᠲᠣᠳᠣ  ᠦᠰᠦᠭ ᠵᠶ᠋ᠡᠷ‌‍ᠬᠡᠪᠯᠡᠭᠳᠡᠭᠰᠡᠭᠡᠷ ᠠᠪᠠᠴᠤ ᠲᠣᠳᠣ ᠦᠰᠦᠭ ᠨᠢ ᠨᠢᠭᠡᠨᠲᠡ ᠮᠣᠩᠭᠤᠯᠴᠤᠳ ᠤᠨ ᠬᠡᠷᠡᠭᠯᠡᠵᠦ ᠥᠩᠭᠡᠷᠡᠭᠰᠡᠨ  ᠦᠰᠦᠭ  ᠪᠢᠴᠢᠭ ‍ᠦᠨ‌‍ᠲ᠋ᠣᠲᠣᠷᠠᠬᠢ ᠪᠢᠳᠡᠨ ᠠᠴᠠ ᠬᠠᠮᠤᠭ ᠤᠨ ᠣᠶᠢᠷ᠎ᠠ ᠬᠠᠶᠠᠭᠳᠠᠭᠰᠠᠨ ᠦᠰᠦᠭ ᠪᠢᠴᠢᠭ ᠤᠨ ᠨᠢᠭᠡᠨ ᠪᠣᠯᠣᠭᠰᠠᠨ ᠪᠠᠶᠢᠨ᠎ᠠ᠃              ᠲᠣᠳᠣ ᠦᠰᠦᠭ ᠵᠣᠬᠢᠶᠠᠭᠳᠠᠭᠰᠠᠨ ᠲᠡᠷᠡ ᠴᠠᠭ ᠠᠴᠠ ᠠᠪᠤᠭᠠᠳ ᠲᠣᠳᠣ ᠦᠰᠦᠭ ᠢᠶᠠᠷ  ᠨᠣᠮ  ᠰᠤᠳᠤᠷ ᠢ  ᠶᠡᠬᠡᠪᠡᠷ‌ᠣᠷᠴᠢᠭᠤᠯᠵᠤ᠂ ᠲᠣᠳᠣ ᠦᠰᠦᠭ ᠨᠢ ᠤᠶᠢᠷᠠᠳ ᠲᠤ ᠮᠠᠰᠢ ᠲᠦᠷᠭᠡᠨ ᠢᠶᠠᠷ  ᠲᠦᠭᠡᠪᠡ᠃  ᠭᠡᠪᠡᠴᠦ  ᠲᠤᠬᠠᠢ ᠶᠢᠨ  ᠦᠶ᠎ᠡ ᠵᠢᠨ‌ᠨᠡᠶᠢᠭᠡᠮ ᠤᠨ ᠡᠯᠳᠡᠪ ᠵᠦᠢᠯ ᠤᠨ ᠰᠢᠯᠲᠠᠭᠠᠨ ᠠᠴᠠ ᠪᠣᠯᠵᠤ ᠪᠤᠰᠤᠳ ᠣᠯᠠᠨ  ᠮᠣᠩᠭᠤᠯ  ᠣᠷᠣᠨ ᠳᠤ  ᠳᠡᠯᠭᠡᠷᠡᠵᠦ  ᠴᠢᠳᠠᠭᠰᠠᠨ‌ᠦᠭᠡᠢ ᠪᠣᠯᠪᠠᠴᠤ ᠤᠶᠢᠷᠠᠳ ᠤᠨ ᠲᠡᠥᠬᠡ ᠰᠣᠶᠣᠯ ᠤᠨ ᠬᠦᠭᠵᠢᠯᠲᠡ ᠳᠤ ᠰᠠᠭᠤᠷᠢ ᠲᠠᠯᠪᠢᠨ᠂ ᠣᠳᠣ ᠪᠣᠯᠲᠠᠯ᠎ᠠ 370  ᠵᠢᠯ ‍ᠦᠨ‌ᠬᠤᠭᠤᠴᠠᠭᠠᠨ ᠳᠤ ᠣᠶᠢᠷᠠᠳ ᠤᠨ  ᠲᠡᠥᠬᠡ᠂  ᠰᠣᠶᠣᠯ᠂  ᠰᠢᠨᠵᠢᠯᠡᠬᠦ  ᠤᠬᠠᠭᠠᠨ ᠤ  ᠬᠦᠭᠵᠢᠯᠲᠡ ᠳᠤ  ᠲᠤᠶᠢᠯ ᠤᠨ  ᠴᠢᠬᠤᠯᠠ‌ᠦᠢᠯᠡᠳᠦᠯ ᠦᠵᠡᠭᠦᠯᠦᠨ᠂ ᠮᠣᠩᠭᠤᠯ ᠰᠣᠶᠣᠯ ᠤᠨ ᠴᠢᠬᠤᠯᠠ ᠠᠴᠢᠶᠠᠯᠠᠪᠤᠷᠢ ᠪᠣᠯᠵᠠᠢ᠃  ᠲᠣᠳᠣ  ᠦᠰᠦᠭ ᠤᠨ  ᠳᠤᠷᠠᠰᠬᠠᠯᠲᠤ‌‍ᠪᠢᠴᠢᠭ ᠨᠢ ᠨᠡᠭᠦᠳᠡᠯᠴᠢᠨ ᠮᠣᠩᠭᠤᠯᠴᠤᠳ ᠤᠨ ᠪᠢᠴᠢᠭ ᠤᠨ ᠰᠣᠶᠣᠯ ᠤᠨ ᠴᠢᠬᠤᠯᠠ ᠪᠦᠷᠢᠯᠳᠦᠭᠦᠨ ᠬᠡᠰᠡᠭ ᠮᠦᠨ᠃    
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号