ᠨᠡᠶᠢᠳᠡ ᠶᠢᠨ ᠤᠨ ᠳᠤᠭᠠᠯᠠᠯ ᠠᠴᠠ ᠡᠮᠦᠨ᠎ᠡ 221 ᠤᠨ ᠳᠤ ᠴᠢᠨ ᠤᠯᠤᠰ ᠤᠨ ᠬᠠᠭᠠᠨ ᠴᠢᠨ ᠱᠢ | ᠬᠤᠸᠠᠩ ᠪᠤᠰᠤᠳ ᠵᠢᠷᠭᠤᠭᠠᠨ ᠤᠯᠤᠰ ᠢ ᠪᠠᠶᠢᠯᠳᠤᠨ ᠳᠠᠭᠠᠭᠤᠯᠵᠦ᠂ ᠦᠪᠡᠷ ᠤᠨ ᠤᠯᠤᠰ ᠲᠤ ᠨᠢᠭᠡᠳᠭᠡᠵᠦ᠂ | ᠡᠷᠳᠡᠨ ᠤ ᠬᠢᠳᠡᠳ ᠤᠨ ᠠᠩᠬᠠᠨ ᠤ ᠬᠦᠴᠦᠷᠭᠡᠭ ᠡᠵᠡᠨᠳᠦ ᠤᠯᠤᠰ ᠢ ᠪᠠᠶᠢᠭᠤᠯᠤᠭᠰᠠᠨ ᠨᠢ ᠤᠮᠠᠷ᠎ᠠ ᠶᠢᠨ | ᠨᠡᠬᠦᠳᠡᠯᠴᠢᠨ ᠠᠶᠢᠮᠠᠭ᠂ ᠤᠯᠤᠰ ᠤᠳ ᠪᠤᠯᠬᠤ ᠾᠦᠩᠨᠤ᠂ ᠳ᠋ᠦᠩᠬᠤ ᠨᠠᠷ ᠲᠤ ᠨᠡᠩ ᠨᠤᠴᠢᠳᠠᠢ ᠵᠠᠨᠤᠯ | ᠤᠴᠠᠷᠠᠭᠤᠯᠬᠤ ᠪᠤᠯᠵᠠᠢ᠃ ᠡᠨᠡ ᠦᠶ᠎ᠡ ᠳᠤ ᠾᠦᠩᠨᠤ ᠶᠢᠨ ᠴᠡᠷᠢᠭ᠂ ᠠᠷᠮᠢ ᠶᠢᠨ ᠬᠤᠯᠪᠤᠭᠠᠨ ᠤ ᠴᠠᠨ ᠢᠤᠢ | ᠴᠤᠯᠠ ᠲᠠᠢ ᠵᠤᠩᠬᠢᠯᠠᠭᠴᠢ ᠨᠢ ᠲᠦᠮᠡᠨ ᠬᠡᠮᠡᠬᠦ ᠰᠤᠷᠪᠤᠯᠵᠢᠳᠤ ᠢᠵᠠᠭᠤᠷᠳᠠᠨ ᠪᠠᠶᠢᠭᠰᠠᠨ ᠪᠦᠭᠡᠳ ᠬᠦᠴᠦᠷᠭᠡᠭᠵᠢᠨ | ᠨᠢᠭᠡᠳᠦᠭᠰᠡᠨ ᠴᠢᠨ ᠤᠯᠤᠰ ᠤᠨ ᠳᠤᠪᠳᠤᠯᠭᠠᠨ ᠳᠤ ᠡᠷᠡᠰᠳᠡᠨ ᠪᠠᠶᠠᠯᠢᠭ ᠦᠷᠡᠵᠢᠯ ᠰᠢᠮ᠎ᠡ ᠲᠠᠢ ᠤᠷᠳᠤᠰ ᠨᠤᠳᠤᠭ | ᠢᠶᠠᠨ ᠠᠯᠳᠠᠭᠰᠠᠨ ᠤ ᠳᠠᠷᠠᠭ᠎ᠠ ᠦᠪᠡᠷ ᠤᠨ ᠨᠤᠳᠤᠭ ᠤᠨ ᠤᠮᠠᠷᠠᠳᠤ ᠭᠡᠰᠡᠭ ᠪᠤᠯᠬᠤ ᠬᠤᠶᠢᠴᠢ ᠶᠢᠨ ᠦᠶ᠎ᠡ ᠶᠢᠨ | ᠠᠷᠤ ᠮᠤᠩᠭᠤᠯ ᠳᠤ ᠰᠢᠯᠵᠢᠨ ᠢᠷᠡᠭᠰᠡᠨ ᠪᠠᠶᠢᠨ᠎ᠠ᠃ ᠳᠤᠬᠠᠢ ᠶᠢᠨ ᠴᠠᠭ ᠲᠤ ᠶᠤᠸᠠᠢ ᡁᠢ ᠪᠤᠯᠤᠨ ᠳ᠋ᠦᠩᠬᠤ | ᠠᠶᠢᠮᠠᠭ ᠤᠨ ᠬᠤᠯᠪᠤᠭ᠎ᠠ ᠬᠠᠷᠢᠴᠠᠩᠭᠤᠢ ᠬᠦᠴᠦᠷᠭᠡᠭ ᠪᠤᠯᠤᠭᠠᠳ ᠾᠦᠩᠨᠤ ᠶᠢᠨ ᠴᠠᠨ ᠢᠤᠢ ᠠᠴᠠ ᠵᠠᠯᠭᠠᠮᠵᠢᠯᠠᠬᠤ | ᠬᠦᠪᠡᠬᠦᠨ ᠢᠶᠠᠨ ᠪᠠᠷᠢᠴᠠᠭᠠᠨ ᠳᠤ ᠤᠴᠢᠭᠤᠯᠬᠤ ᠶᠢ ᠬᠦᠷᠳᠡᠯ᠎ᠡ ᠱᠠᠭᠠᠷᠳᠠᠬᠤ ᠪᠤᠯᠵᠠᠢ᠃ ᠲᠦᠮᠡᠨ ᠱᠢ ᠢᠤᠢ ᠶᠡᠭᠡ | ᠬᠠᠳᠤᠨ ᠠᠴᠠ ᠪᠠᠨ ᠮᠤᠳᠤᠨ ᠬᠡᠮᠡᠬᠦ ᠠᠬᠠᠮᠠᠳ ᠬᠦᠪᠡᠬᠦᠨ ᠲᠠᠢ ᠪᠠᠶᠢᠭᠰᠠᠨ ᠤᠴᠢᠷ ᠳᠡᠷᠡ ᠬᠦᠪᠡᠬᠦᠨ ᠡᠴᠢᠭᠡ ᠶᠢᠨ | ᠤᠷᠤ ᠶᠢ ᠵᠠᠯᠭᠠᠮᠵᠢᠯᠠᠬᠤ ᠶᠤᠰᠤᠳᠠᠢ ᠪᠠᠶᠢᠵᠠᠢ᠃ ᠬᠡᠳᠡᠯ᠎ᠡ ᠲᠦᠮᠡᠨ ᠦᠪᠡᠷ ᠤᠨ ᠬᠠᠶᠢᠷᠠᠳᠠᠢ ᠪᠠᠭ᠎ᠠ ᠬᠠᠳᠤᠨ ᠠᠴᠠ | ᠲᠦᠷᠦᠭᠰᠡᠨ ᠬᠦᠪᠡᠬᠦᠨ ᠢᠶᠠᠷ ᠦᠪᠡᠷ ᠢ ᠪᠠᠨ ᠵᠠᠯᠭᠠᠮᠵᠢᠯᠠᠭᠤᠯᠬᠤ ᠪᠤᠳᠤᠯ ᠲᠠᠢ ᠪᠠᠶᠢᠭᠰᠠᠨ ᠳᠤᠯᠠ ᠮᠤᠳᠤᠨᠬᠦ᠋ᠪᠡᠬᠦᠨ | ᠢᠶᠠᠨ ᠶᠤᠸᠠᠢ ᡁᠢ ᠠᠶᠢᠮᠠᠭ ᠤᠳ ᠤᠨ ᠬᠤᠯᠪᠤᠭᠠᠨ ᠳᠤ ᠪᠠᠷᠢᠴᠠᠭᠠᠨ ᠳᠤ ᠶᠠᠪᠤᠭᠤᠯᠤᠭᠠᠳ ᠳᠡᠬᠦᠨ ᠢ ᠬᠤᠤᠷᠯᠠᠭᠤᠯᠬᠤ | ᠵᠤᠷᠢᠯᠭ᠎ᠠ ᠪᠠᠷ ᠳᠤᠰ ᠠᠶᠢᠮᠠᠭ ᠤᠨ ᠡᠰᠡᠷᠬᠦ ᠬᠡᠨᠡᠳᠳᠡ ᠳᠤᠪᠳᠤᠯᠵᠠᠢ᠃ ᠶᠤᠸᠠᠢ ᡁᠢ ᠨᠠᠷ ᠦᠨᠡᠭᠡᠷ ᠳᠡᠬᠦᠨ ᠢ | ᠪᠠᠷᠢᠵᠦ ᠠᠯᠠᠬᠤ ᠭᠡᠰᠡᠨ ᠪᠤᠯᠪᠠᠴᠤ ᠮᠤᠳᠤᠨ ᠶᠡᠬᠡᠬᠡᠨ ᠤᠬᠠᠭᠠᠯᠢᠭ ᠪᠦᠭᠡᠳ ᠰᠠᠮᠪᠠᠭ᠎ᠠ ᠲᠠᠢ᠂ ᠴᠢᠬᠢᠷᠠᠭ ᠡᠷ᠎ᠡ | ᠪᠠᠶᠢᠭᠰᠠᠨ ᠳᠤᠯᠠ ᠵᠠᠢ ᠰᠡᠶᠢᠮᠡᠭᠡᠢ ᠶᠢ ᠨᠢ ᠤᠯᠵᠦ᠂ ᠬᠤᠷᠳᠤᠨ ᠬᠦᠯᠦᠭ ᠮᠤᠷᠢ ᠤᠯᠵᠦ ᠤᠨᠤᠭᠠᠳ ᠨᠤᠳᠤᠭ ᠲᠠᠭᠠᠨ | ᠡᠰᠡᠨ ᠮᠡᠨᠳᠦ ᠵᠢᠭᠤᠳᠠᠨ ᠢᠷᠡᠵᠡᠢ᠃ ᠲᠦᠮᠠᠨ ᠴᠠᠨ ᠢᠤᠢ ᠠᠷᠭ᠎ᠠ ᠪᠤᠶᠤ ᠳᠡᠬᠦᠨ ᠤ ᠤᠠᠬᠭᠠᠨ ᠵᠤᠷᠢᠭ ᠢ | ᠦᠨᠡᠯᠡᠵᠦ᠂ ᠨᠢᠭᠡ ᠲᠦᠮᠡᠨ ᠮᠤᠷᠢᠳᠤ ᠴᠡᠷᠢᠭ ᠦᠭᠴᠦ ᠵᠠᠬᠢᠷᠤᠭᠤᠯᠵᠠᠢ ᠃ | ᠳᠤᠬᠠᠢ ᠶᠢᠨ ᠦᠶ᠎ᠡ ᠶᠢᠨ ᠾᠦᠩᠨᠤ ᠳᠤ ᠴᠢᠨ ᠬᠦᠷᠦᠨ ᠵᠠᠨᠤᠯᠬᠢᠯᠠᠵᠦ ᠪᠠᠶᠢᠭᠰᠠᠨ ᠠᠴᠠ ᠡᠬᠡ ᠤᠷᠤᠨ | ᠢᠶᠠᠨ ᠪᠠᠳᠤᠯᠠᠨ ᠬᠠᠮᠠᠭᠠᠯᠠᠬᠤ᠂ ᠳᠡᠬᠦᠨ ᠳᠤ ᠡᠵᠡᠯᠡᠭᠳᠡᠭᠰᠡᠨ ᠤᠷᠳᠤᠰ ᠨᠤᠳᠤᠭ ᠢᠶᠠᠨ ᠴᠢᠯᠦᠭᠡᠯᠡᠨ ᠠᠪᠬᠤ ᠶᠢᠨ | ᠳᠤᠯᠠ ᠤᠪᠤᠭ ᠠᠶᠢᠮᠠᠭ ᠤᠳ ᠢᠶᠠᠨ ᠪᠠᠳᠤᠳᠠᠢ ᠨᠢᠭᠡᠳᠭᠡᠨ ᠵᠠᠩᠬᠢᠳᠤᠮᠠᠯ ᠬᠦᠴᠦ ᠪᠤᠯᠭᠠᠬᠤ᠂ ᠳᠤᠳᠤᠭᠠᠳᠤ ᠶᠢᠨ | ᠡᠭᠡᠳᠡᠷᠡᠭᠡ ᠲᠠᠢ ᠪᠠᠶᠢᠳᠠᠯ ᠢ ᠴᠡᠭᠴᠡᠯᠡᠨ ᠵᠠᠰᠠᠬᠤ ᠭᠡᠳ ᠴᠢᠬᠤᠯᠠ ᠵᠤᠷᠢᠯᠳᠠ ᠨᠤᠭᠤᠳ ᠳᠤᠯᠭᠠᠷᠠᠵᠦ ᠪᠠᠶᠢᠯ᠎ᠠ᠃ | ᠳᠡᠷᠡ ᠪᠦᠬᠦᠨ ᠢ ᠲᠦᠮᠡᠨ ᠴᠠᠨ ᠢᠤᠢ ᠳᠡᠷᠢᠬᠦᠦ ᠲᠠᠢ ᠰᠤᠷᠪᠤᠯᠵᠢᠳᠤ ᠢᠵᠠᠭᠤᠷᠳᠠᠨ ᠨᠠᠷ ᠂ ᠪᠤᠰᠤᠳ ᠵᠠᠷᠢᠮ | ᠬᠦᠮᠦᠰ ᠴᠦ ᠭᠠᠳᠠᠷᠯᠠᠵᠦ ᠪᠠᠶᠢᠭᠰᠠᠨ ᠪᠤᠯᠪᠠᠴᠤ ᠳᠡᠳᠡᠨ ᠤ ᠳᠤᠮᠳᠠ ᠠᠴᠠ ᠬᠡᠷᠡᠭ ᠤᠨ ᠪᠠᠶᠢᠳᠠᠯ ᠢ ᠬᠠᠮᠤᠭ ᠤᠨ | ᠬᠦᠨᠵᠡᠭᠡᠢ ᠤᠶᠢᠯᠠᠭᠠᠵᠦ᠂ ᠵᠦᠪ ᠴᠢᠷᠮᠠᠶᠢᠵᠦ ᠪᠠᠶᠢᠭᠰᠠᠨ ᠬᠦᠮᠦᠨ ᠨᠢ ᠮᠤᠳᠤᠨ ᠬᠦᠪᠡᠬᠦᠨ ᠪᠠᠶᠢᠭᠰᠠᠨ ᠪᠠᠶᠢᠨ᠎ᠠ᠃ | ᠡᠨᠡ ᠦᠶ᠎ᠡ ᠳᠤ ᠮᠤᠳᠤᠨ ᠦᠪᠡᠷ ᠤᠨ ᠠᠶᠢᠮᠠᠭ ᠤᠨ ᠬᠤᠯᠪᠤᠭᠠᠨ ᠤ ᠤᠳᠤᠷᠢᠳᠤᠯᠭ᠎ᠠ᠂ ᠴᠡᠷᠢᠭ ᠤᠨ ᠬᠦᠴᠦ ᠶᠢ | ᠭᠠᠷ ᠲᠠᠭᠠᠨ ᠠᠪᠴᠦ᠂ ᠬᠦᠴᠦᠷᠭᠡᠭ ᠾᠦᠩᠨᠤ ᠤᠯᠤᠰ ᠪᠠᠶᠢᠭᠤᠯᠬᠤ᠂ ᠳᠡᠭᠡᠬᠦ ᠶᠢᠨ ᠳᠤᠯᠠᠳᠠ ᠨᠡᠩ ᠳᠠᠷᠤᠢ | ᠦᠪᠡᠷ ᠲᠤ ᠨᠢ ᠳᠠᠯᠳᠠᠭᠤᠷ ᠳᠠᠶᠢᠰᠤᠩᠨᠠᠭᠠᠳ᠂ ᠾᠦᠩᠨᠤ ᠠᠶᠢᠮᠠᠭ ᠤᠨ ᠬᠤᠯᠪᠤᠭ᠎ᠠ ᠶᠢ ᠤᠯᠢᠭᠳᠠᠢ ᠤᠳᠤᠷᠢᠳᠴᠦ᠂ | ᠳᠠᠶᠢᠰᠤᠨ ᠤ ᠡᠰᠡᠷᠬᠦ ᠡᠷᠴᠢᠮ ᠲᠠᠢ ᠳᠡᠮᠡᠴᠡᠵᠦ ᠴᠢᠳᠠᠬᠤ ᠦᠭᠡᠢ ᠪᠠᠶᠢᠭᠰᠠᠨ ᠡᠴᠢᠭᠡ ᠴᠠᠨ ᠢᠤᠢ ᠶᠢ ᠵᠡᠮ ᠠᠴᠠ | ᠪᠠᠨ ᠵᠠᠶᠢᠯᠠᠭᠤᠯᠬᠤ ᠪᠠᠷ ᠰᠢᠢᠳᠦᠭᠰᠡᠨ ᠪᠠᠶᠢᠨ᠎ᠠ᠃ | ᠮᠤᠳᠤᠨ ᠴᠡᠷᠢᠭ ᠤᠳ ᠲᠡᠭᠡᠨ ᠬᠠᠨᠳᠤᠵᠦ ᠄ ︽ᠪᠢ ᠦᠪᠡᠷ ᠢᠶᠠᠨ ᠬᠠᠮᠢᠭᠠᠰᠢ ᠪᠠᠨ ᠶᠠᠭᠤ ᠶᠢ ᠬᠠᠷᠪᠤᠨ᠎ᠠ | ᠪᠤᠢ᠂ ᠲᠠ ᠨᠠᠷ ᠮᠦᠨ ᠳᠡᠷᠡ ᠵᠦᠭ ᠬᠠᠨᠳᠦᠵᠦ ᠬᠠᠷᠪᠤᠵᠦ ᠪᠠᠶᠢᠬᠤ ᠶᠤᠰᠤᠳᠠᠢ᠂ ᠬᠡᠷᠪᠡ ᠳᠡᠭᠡᠭᠡ ᠦᠭᠡᠢ ᠬᠦᠮᠦᠨ | ᠭᠠᠷᠪᠠᠯ ᠳᠡᠬᠦᠨ ᠤ ᠳᠤᠯᠤᠭᠠᠢ ᠶᠢ ᠠᠪᠤᠨ᠎ᠠ︾ ᠬᠡᠮᠡᠨ ᠳᠤᠰᠢᠶᠠᠵᠦ᠂ ᠬᠠᠳᠠᠭᠤ ᠵᠢᠷᠤᠮ ᠳᠤᠭᠳᠠᠭᠠᠵᠠᠢ᠃ ᠳᠡᠦᠭᠡᠨ | ᠳᠤᠮᠤᠭ ᠶᠤᠰᠤᠭᠠᠷ᠂ ᠮᠤᠳᠤᠨ ᠨᠤᠮᠤ ᠪᠠᠨ ᠳᠠᠳᠠᠭᠠᠳ ᠳᠠᠯᠪᠢᠮᠠᠭᠴᠠ᠂ ᠢᠰᠭᠡᠷᠦᠨ ᠳᠤᠤᠭᠠᠷᠴᠦ ᠤᠳᠳᠠᠭ | ᠳᠠᠭᠤᠳᠤ ᠰᠤᠮᠤ ᠶᠢ ᠦᠢᠯᠡᠳᠦᠭᠡᠳ᠂ ᠨᠢᠭᠡ ᠡᠳᠦᠷ ᠠᠩ ᠬᠢᠵᠦ ᠪᠠᠶᠢᠬᠤ ᠳᠠᠭᠠᠨ ᠬᠡᠨᠡᠳᠳᠡ ᠦᠪᠡᠷ ᠤᠨ ᠬᠦᠯᠦᠭ | ᠮᠤᠷᠢᠨ ᠤ ᠵᠦᠭ ᠰᠤᠮᠤ ᠬᠠᠷᠪᠤᠵᠠᠢ᠃ ᠴᠡᠷᠢᠭ ᠤᠨ ᠳᠡᠶᠢᠯᠦᠩᠬᠢ ᠨᠢ ᠳᠡᠬᠦᠨ ᠤ ᠬᠦᠯᠦᠭ ᠮᠤᠷᠢ ᠶᠢ ᠬᠠᠷᠪᠤᠭᠰᠠᠨ | ᠪᠤᠯᠪᠠᠴᠤ ᠵᠠᠷᠢᠮ ᠨᠢ ᠳᠡᠭᠡᠭᠰᠡᠨ ᠦᠭᠡᠢ᠃ ᠮᠤᠳᠤᠨ ᠬᠠᠷᠪᠤᠭ᠎ᠠ ᠦᠭᠡᠢ ᠴᠡᠷᠢᠭ ᠤᠳ ᠤᠨ ᠳᠤᠯᠤᠭᠠᠢ ᠶᠢ ᠳᠠᠰᠤ | ᠴᠠᠪᠴᠢᠪᠠ᠃ ᠬᠡᠳᠦ ᠬᠤᠨᠤᠭ ᠤᠨ ᠳᠠᠷᠠᠭ᠎ᠠ ᠮᠤᠳᠤᠨ ᠦᠪᠡᠷ ᠤᠨ ᠬᠠᠳᠤᠨ ᠳᠠᠭᠠᠨ ᠰᠤᠮᠤ ᠵᠤᠭᠤᠵᠦ ᠤᠷᠬᠢᠳᠠᠯᠠ | ᠵᠠᠷᠢᠮ ᠳᠠᠭᠠᠯᠳᠤᠭᠰᠠᠳ ᠨᠢ ᠠᠶᠤᠵᠦ ᠬᠡᠯᠮᠡᠭᠳᠡᠭᠡᠳ᠂ ᠬᠠᠳᠤᠨ ᠤ ᠵᠦᠭ ᠰᠤᠮᠤ ᠳᠠᠯᠪᠢᠯ ᠦᠭᠡᠢ ᠦᠢᠯᠡᠳᠦᠭᠡᠳ᠂ | ᠳᠤᠯᠤᠭᠠᠢ ᠪᠠᠨ ᠠᠪᠤᠭᠤᠯᠤᠭᠰᠠᠨ ᠪᠠᠶᠢᠨ᠎ᠠ᠃ ᠳᠠᠷᠠᠭ᠎ᠠ ᠶᠢᠨ ᠤᠳᠠᠭ᠎ᠠ ᠠᠩ ᠳᠤ ᠶᠠᠪᠤᠵᠦ ᠪᠠᠶᠢᠭᠠᠳ ᠮᠤᠳᠤᠨ | ᠡᠴᠢᠭᠡ ᠴᠠᠨ ᠢᠤᠢ ᠶᠢᠨ ᠬᠦᠯᠦᠭ ᠮᠤᠷᠢ ᠶᠢ ᠬᠠᠷᠪᠤᠵᠦ ᠤᠷᠬᠢᠵᠠᠢ᠃ ᠳᠠᠭᠠᠯᠳᠤᠭᠰᠠᠳ ᠴᠦᠮ ᠳᠡᠷᠡᠬᠦ ᠬᠦᠯᠦᠭ | ᠮᠤᠷᠢᠨ ᠳᠤ ᠰᠤᠮᠤ ᠵᠤᠭᠤᠪᠠ᠃ ᠦᠪᠡᠷ ᠤᠨ ᠴᠡᠷᠢᠭ ᠢ ᠤᠳᠤ ᠶᠠᠭᠤᠨ ᠳᠤ ᠴᠦ ᠬᠡᠷᠡᠭᠯᠡᠵᠦ ᠪᠤᠯᠬᠤ ᠪᠤᠯᠤᠯ᠎ᠠ | ᠬᠡᠮᠡᠨ ᠦᠵᠡᠭᠡᠳ ᠮᠤᠳᠤᠨ ᠠᠩ ᠳᠤ ᠶᠠᠪᠤᠵᠦ ᠪᠠᠶᠢᠬᠤ ᠳᠠᠭᠠᠨ ᠬᠡᠨᠡᠳᠳᠡ ᠡᠴᠢᠭᠡ ᠶᠢᠨ ᠵᠦᠭ ᠳᠠᠭᠤᠳᠤ ᠰᠤᠮᠤ | ᠪᠠᠨ ᠬᠠᠷᠪᠤᠬᠤ ᠳᠤ᠂ ᠴᠡᠷᠢᠭ ᠤᠳ ᠨᠢ ᠴᠦᠮ ᠴᠠᠨ ᠢᠤᠢ ᠶᠢᠨ ᠵᠦᠭ ᠰᠤᠮᠤ ᠬᠠᠷᠪᠤᠵᠦ ᠠᠯᠠᠵᠠᠢ᠃ ᠮᠤᠳᠤᠨ | ᠦᠷᠬᠦᠭᠡ ᠭᠡᠷ ᠲᠡᠭᠡᠨ ᠪᠤᠴᠠᠵᠦ ᠢᠷᠡᠭᠡᠳ ᠴᠠᠨ ᠢᠤᠢ ᠶᠢᠨ ᠪᠠᠭ᠎ᠠ ᠬᠠᠳᠤᠨ ᠢ᠂ ᠦᠪᠡᠷ ᠤᠨ ᠬᠢᠨᠢ ᠳᠡᠬᠦᠦ ᠪᠤᠯᠤᠨ | ᠬᠦᠪᠡᠬᠦᠨ᠂ ᠳᠡᠬᠦᠨᠴᠢᠯᠡᠨ ᠡᠰᠡᠷᠬᠦᠴᠡᠨ ᠳᠤᠷ᠎ᠠ ᠦᠭᠡᠶᠢᠴᠡᠭᠰᠡᠨ ᠰᠤᠷᠪᠤᠯᠵᠢᠯᠳᠤ ᠢᠵᠠᠭᠤᠷᠳᠠᠨ ᠨᠠᠷ ᠢ ᠪᠦᠬᠦᠳᠡ ᠶᠢ | ᠨᠢ ᠴᠠᠭᠠᠵᠠ ᠪᠠᠷ ᠠᠪᠴᠦ᠂ ᠪᠦᠬᠦ ᠦᠷᠢᠰᠦᠯᠳᠦᠭᠴᠢ ᠪᠠᠨ ᠳᠠᠷᠤᠵᠦ ᠠᠪᠤᠭᠠᠳ᠂ ᠨᠡᠶᠢᠳᠡ ᠶᠢᠨ ᠤᠨ ᠳᠤᠭᠠᠯᠠᠯ | ᠤᠨ ᠡᠮᠦᠨ᠎ᠡ 209 ᠤᠨ ᠳᠤ ᠾᠦᠩᠨᠤ ᠶᠢᠨ ᠴᠠᠨ ᠢᠤᠢ ᠪᠠᠷ ᠡᠷᠬᠦᠮᠵᠢᠯᠡᠭᠳᠡᠵᠦ᠂ 24 ᠠᠶᠢᠮᠠᠭ ᠢᠶᠠᠨ ᠨᠢᠭᠡᠳᠭᠡᠨ | ᠵᠠᠬᠢᠷᠴᠦ᠂ ᠾᠦᠩᠨᠤ ᠬᠦᠷᠦᠨ ᠢ ᠦᠨᠳᠦᠰᠦᠯᠡᠨ ᠪᠠᠶᠢᠭᠤᠯᠤᠭᠰᠠᠨ ᠪᠠᠶᠢᠨ᠎ᠠ᠃ | | ᠡᠶᠢᠨᠬᠦ ᠾᠦᠩᠨᠤ ᠤᠯᠤᠰ ᠪᠠᠶᠢᠭᠤᠯᠤᠭᠳᠠᠬᠤ ᠠᠴᠠ ᠡᠮᠦᠨ᠎ᠡ ᠲᠦᠮᠡᠨ ᠴᠠᠨ ᠢᠤᠢ ᠶᠢᠨ ᠦᠶ᠎ᠡ ᠳᠤ ᠵᠡᠬᠦᠨ | ᠵᠡᠷᠭᠡᠯᠡᠳᠡᠭᠡ ᠳ᠋ᠦᠩᠬᠤ ᠠᠶᠢᠮᠠᠭ ᠤᠨ ᠬᠤᠯᠪᠤᠭ᠎ᠠ᠂ ᠪᠠᠷᠠᠭᠤᠨ ᠤᠷᠢᠳᠤ ᠵᠠᠯᠭᠠᠭ᠎ᠠ ᠶᠤᠸᠠᠢ ᡁᠢ ᠠᠶᠢᠮᠠᠭ ᠤᠨ | ᠬᠤᠯᠪᠤᠭ᠎ᠠ ᠳᠤᠰ ᠳᠤᠰ ᠶᠡᠭᠡᠭᠡᠨ ᠬᠦᠴᠦᠷᠭᠡᠭ ᠪᠤᠯᠵᠦ᠂ ᠢᠯᠠᠩᠭᠤᠶ᠎ᠠ ᠳ᠋ᠦᠩᠬᠤ ᠨᠠᠷ ᠾᠦᠩᠨᠤ ᠨᠠᠷ ᠲᠤ ᠰᠦᠷᠡᠬᠡᠢ | ᠳᠡᠭᠡᠷᠡᠯᠭᠡᠬᠦ ᠶᠠᠩᠵᠦ ᠲᠠᠢ ᠪᠤᠯᠤᠭᠰᠠᠨ ᠪᠠᠶᠢᠨ᠎ᠠ᠃ ᠮᠤᠳᠤᠨ ᠴᠠᠨ ᠢᠤᠢ ᠶᠢ ᠭᠠᠷᠴᠦ ᠢᠷᠡᠬᠦ ᠳᠤ ᠳ᠋ᠦᠩᠬᠤ ᠨᠠᠷ | ᠡᠬᠦᠨ ᠢ ᠶᠠᠩᠵᠦ ᠪᠦᠷᠢ ᠪᠠᠷ ᠦᠳᠦᠭᠡᠨ ᠬᠠᠳᠬᠤᠵᠦ ᠪᠠᠶᠢᠭᠠᠳ ᠳᠠᠶᠢᠨ ᠭᠠᠷᠭᠠᠵᠦ᠂ ᠴᠤᠬᠢᠨ ᠳᠤᠷᠤᠶᠢᠳᠠᠭᠤᠯᠬᠤ | ᠪᠤᠳᠤᠯᠭ᠎ᠠ ᠶᠠᠪᠤᠭᠤᠯᠵᠠᠢ᠃ ᠡᠬᠢᠨ ᠤ ᠡᠬᠡᠯᠵᠢᠨ ᠳᠤ ᠳ᠋ᠦᠩᠬᠤ ᠠᠶᠢᠮᠠᠭ ᠤᠨ ᠬᠤᠯᠪᠤᠭᠠᠨ ᠤ ᠵᠤᠩᠬᠢᠯᠠᠭᠴᠢ ᠨᠢ | ᠮᠤᠳᠤᠨ ᠴᠠᠨ ᠢᠤᠢ ᠳᠤ ᠡᠯᠴᠢ ᠢᠯᠡᠭᠡᠵᠦ ᠄ ︽ᠲᠦᠮᠡᠨ ᠴᠠᠨ ᠢᠤᠢ ᠶᠢᠨ ᠬᠡᠷᠡᠭᠯᠡᠵᠦ ᠪᠠᠶᠢᠭᠰᠠᠨ ᠡᠳᠦᠷ ᠲᠤ | ᠮᠢᠩᠭᠠᠨ ᠭᠠᠵᠠᠷ ᠳᠠᠪᠬᠢᠵᠦ ᠴᠢᠳᠠᠳᠠᠭ ᠬᠤᠷᠳᠤᠨ ᠬᠦᠯᠦᠭ ᠮᠤᠷᠢ ᠪᠠᠨ ᠬᠤᠶᠠᠷ ᠳᠠᠯ᠎ᠠ ᠨᠠᠶᠢᠷᠠᠮᠳᠠᠯ ᠤᠨ ᠤᠴᠢᠷ | ᠨᠠᠶᠢᠷ ᠳᠠᠯᠪᠢᠵᠦ ᠤᠯᠭᠤᠨ᠎ᠠ ᠤᠤ︾ ᠬᠡᠬᠦ ᠳᠤ ᠶᠤᠰᠤᠭᠠᠷ ᠪᠤᠯᠭᠠᠪᠠ᠃ ᠤᠳᠠᠯ ᠦᠭᠡᠢ ᠳᠠᠬᠢᠨ ᠡᠯᠴᠢ ᠢᠯᠡᠭᠡᠵᠦ ᠄ | ︽ᠬᠠᠳᠤᠳ ᠤᠨ ᠢᠶᠠᠨ ᠠᠯᠢ ᠨᠢᠭᠡ ᠶᠢ ᠨᠠᠶᠢᠷ ᠳᠠᠯᠪᠢᠵᠦᠦ ᠦᠭᠬᠦᠨ᠎ᠡ ᠤᠤ︾ ᠬᠡᠮᠡᠨ ᠦᠳᠦᠭᠡᠨ ᠬᠠᠳᠬᠤᠵᠠᠢ᠃ | ᠡᠨᠡ ᠦᠶ᠎ᠡ ᠳᠤ ᠴᠠᠨ ᠢᠤᠢ ᠶᠢᠨ ᠵᠦᠪᠯᠡᠬᠦ ᠨᠤᠭᠤᠳ ᠮᠠᠰᠢ ᠶᠡᠭᠡ ᠤᠨᠳᠤᠭᠤᠴᠠᠨ ᠵᠢᠪᠡᠭᠦᠴᠡᠵᠦ ᠄ ︽ᠳᠡᠳᠡᠨ ᠳᠤ | ᠰᠢᠭᠤᠳ ᠳᠠᠶᠢᠨ ᠵᠠᠷᠯᠠᠪᠠᠯ ᠵᠤᠬᠢᠨ᠎ᠠ︾ ᠬᠡᠮᠡᠨ ᠵᠦᠪᠯᠡᠬᠦ ᠳᠤ᠂ ᠮᠤᠳᠤᠨ ᠴᠠᠨ ᠢᠤᠢ ᠾᠦᠩᠨᠤ ᠤᠯᠤᠰ ᠤᠨ | ᠬᠦᠴᠦᠨ ᠴᠢᠳᠠᠯ ᠵᠢᠭᠳᠡᠷᠡᠵᠦ᠂ ᠴᠡᠷᠢᠭ ᠳᠠᠶᠢᠨ ᠤ ᠪᠡᠯᠡᠳᠭᠡᠯ ᠠᠷᠠᠢ ᠬᠠᠩᠭᠠᠭᠳᠠᠭᠠ ᠦᠭᠡᠢ ᠬᠡᠮᠡᠨ ᠦᠵᠡᠵᠦ᠄ ︽ | ᠨᠠᠶᠢᠷᠠᠮᠳᠠᠯᠳᠤ ᠬᠦᠷᠰᠢ ᠲᠠᠢ ᠪᠠᠨ ᠠᠯᠢ ᠨᠢᠭᠡ ᠬᠠᠳᠤᠨ ᠤ ᠤᠯᠠᠮ ᠠᠴᠠ ᠡᠪ ᠡᠪᠳᠡᠷᠡᠬᠦ ᠬᠡᠷᠡᠭ ᠦᠭᠡᠢ ᠪᠢᠵᠡ︾ | ᠬᠡᠳ ᠦᠪᠡᠷ ᠤᠨ ᠬᠠᠮᠤᠭ ᠤᠨ ᠳᠤᠳᠤᠨᠤ ᠬᠠᠶᠢᠷᠠᠳᠤ ᠬᠠᠳᠤᠨ ᠢᠶᠠᠨ ᠳ᠋ᠦᠩᠬᠤ ᠳᠤ ᠨᠠᠶᠢᠷ ᠳᠠᠯᠪᠢᠵᠦ ᠢᠯᠡᠭᠡᠵᠡᠢ᠃ | ᠳᠡᠬᠦᠨ ᠤ ᠳᠠᠷᠠᠭ᠎ᠠ ᠤᠯᠤᠰ ᠤᠨ ᠳᠤᠳᠤᠭᠠᠳᠤ ᠶᠢ ᠵᠠᠰᠠᠵᠦ᠂ ᠴᠡᠷᠢᠭ ᠳᠠᠶᠢᠨ ᠤ ᠪᠡᠯᠡᠳᠭᠡᠯ ᠢ ᠦᠨᠳᠦᠰᠦᠨ ᠳᠤ ᠨᠢ | ᠬᠠᠩᠭᠠᠨ ᠳᠠᠶᠢᠨ ᠳᠤᠯᠤᠭᠠᠨ ᠳᠤ ᠪᠡᠯᠡᠨ ᠪᠤᠯᠵᠦ ᠴᠢᠳᠠᠭᠰᠠᠨ ᠳᠤᠯᠠ ᠳᠠᠷᠠᠭ᠎ᠠ ᠶᠢᠨ ᠡᠬᠡᠯᠵᠢᠨ ᠳᠤ ᠳ᠋ᠦᠩᠬᠤ ᠨᠠᠷ | ᠾᠦᠩᠨᠤ ᠶᠢᠨ ᠬᠠᠷᠢᠶᠠᠨ ᠤ ᠭᠤᠪᠢ ᠶᠢᠨ ᠨᠡᠯᠢᠶᠡᠳ ᠤᠷᠳᠤ ᠵᠤᠷᠪᠤᠰ ᠭᠠᠵᠠᠷ ᠢ ᠨᠠᠶᠢᠷ ᠳᠠᠯᠪᠢᠨ ᠦᠭᠬᠦ ᠶᠢ ᠬᠦᠰᠡᠬᠦ | ᠳᠤ ᠮᠤᠳᠤᠨ ᠴᠠᠨ ᠢᠤᠢ ᠶᠡᠭᠡ ᠬᠢᠯᠢᠩᠨᠡᠨ᠄ ︽ᠭᠠᠵᠠᠷ ᠪᠤᠯ ᠲᠦᠷᠦ ᠤᠯᠤᠰ ᠤᠨ ᠦᠨᠳᠦᠰᠦ ᠰᠠᠭᠤᠷᠢ ᠮᠦᠨ | ᠪᠢᠯᠡ᠃ ᠳᠡᠬᠦᠨ ᠢ ᠪᠤᠰᠤᠳ ᠲᠤ ᠦᠭᠴᠦ ᠶᠠᠭᠠᠬᠢᠵᠦ ᠪᠤᠯᠬᠤ ᠪᠢᠯᠡ︾ ᠬᠡᠮᠡᠨ ᠴᠡᠷᠢᠭ ᠢᠶᠠᠨ ᠤᠳᠤᠷᠢᠳᠤᠨ | ᠬᠦᠳᠡᠯᠵᠦ᠂ ᠳᠠᠶᠢᠰᠤᠨ ᠢᠶᠠᠨ ᠰᠠᠨᠠᠭᠠᠨ ᠳᠤ ᠦᠭᠡᠢ ᠪᠠᠶᠢᠬᠤ ᠳᠤ ᠨᠢ ᠳᠤᠪᠳᠤᠯᠤᠨ ᠪᠤᠳᠠ ᠨᠢᠷᠭᠡᠵᠡᠢ᠃ ᠳ᠋ᠦᠩᠬᠤ | ᠠᠶᠢᠮᠠᠭ ᠤᠨ ᠬᠤᠯᠪᠤᠭ᠎ᠠ ᠶᠢ ᠪᠠᠶᠢᠯᠳᠤᠨ ᠡᠵᠡᠯᠡᠵᠦ᠂ ᠴᠡᠷᠢᠭ ᠳᠠᠶᠢᠨ ᠤ ᠪᠡᠯᠡᠳᠭᠡᠯ ᠪᠦᠷᠢᠨ ᠪᠦᠷᠢᠨ | ᠬᠠᠩᠭᠠᠭᠳᠠᠭᠰᠠᠨ ᠳᠤᠯᠠ ᠮᠤᠳᠤᠨ ᠴᠠᠨ ᠢᠤᠢ ᠳᠡᠷᠡ ᠳᠤᠤᠷ᠎ᠠ ᠪᠠᠨ ᠪᠠᠷᠠᠭᠤᠨ ᠤᠷᠤᠭᠰᠢ ᠬᠦᠳᠡᠯᠵᠦ᠂ ᠶᠤᠸᠠᠢ | ᡁᠢ ᠠᠶᠢᠮᠠᠭ ᠤᠨ ᠬᠤᠯᠪᠤᠭ᠎ᠠ ᠶᠢ ᠪᠤᠳᠠ ᠴᠤᠬᠢᠨ ᠳᠤᠷᠤᠶᠢᠳᠠᠭᠤᠯᠪᠠ᠃ ᠶᠤᠸᠠᠢ ᡁᠢ ᠠᠶᠢᠮᠠᠭ ᠤᠳ ᠤᠨ ᠳᠠᠪᠤ ᠨᠢ | ᠪᠠᠷᠠᠭᠤᠨ ᠵᠦᠭ ᠵᠢᠭᠤᠳᠠᠨ ᠭᠠᠷᠴᠦ᠂ ᠵᠠᠮ ᠵᠠᠭᠤᠷ᠎ᠠ ᠳᠡᠭᠷᠢ ᠠᠭᠤᠯᠠ ᠶᠢᠨ ᠦᠪᠦᠷ᠂ ᠶᠡᠭᠡ ᠶᠤᠸᠠᠢ ᡁᠢ᠂ ᠪᠠᠺᠲᠷᠢ | ᠵᠡᠷᠭᠡ ᠭᠠᠵᠠᠷᠲ᠋ᠤ ᠨᠡᠯᠢᠶᠡᠳ ᠰᠠᠭᠠᠳᠠᠨ ᠪᠠᠶᠢᠭᠠᠳ᠂ ᠤᠳᠤ ᠶᠢᠨ ᠠᠹᠭᠠᠨᠢᠰᠲ᠋ᠠᠨ ᠳᠤ ᠤᠴᠢᠨ ᠰᠠᠭᠤᠷᠢᠰᠢᠵᠦ᠂ | ᠨᠢᠭᠡᠳᠦᠭᠡᠷ ᠵᠠᠭᠤᠨ ᠤ ᠦᠶ᠎ᠡ ᠳᠤ ᠺᠦᠱᠡᠨ ᠬᠦᠷᠦᠨ ᠢ ᠪᠠᠶᠢᠭᠤᠯᠤᠨ ᠡᠷᠳᠡᠨ ᠤ ᠡᠨᠡᠳᠭᠡᠭ ᠤᠨ ᠺᠦᠱᠡᠨ ᠤ ᠰᠤᠶᠤᠯ | ᠢᠷᠭᠡᠨᠰᠢᠯ ᠤᠨ ᠦᠨᠳᠦᠰᠦ ᠰᠠᠭᠤᠷᠢ ᠶᠢ ᠳᠠᠯᠪᠢᠯᠴᠠᠭᠰᠠᠨ ᠪᠠᠶᠢᠨ᠎ᠠ ᠃ | ᠮᠤᠳᠤᠨ ᠴᠠᠨ ᠢᠤᠢ ᠪᠠᠰᠠ ᠮᠤᠩᠭᠤᠯ ᠤᠨ ᠤᠮᠠᠷᠠᠳᠤ ᠬᠢᠵᠠᠭᠠᠷ ᠪᠤᠷᠢᠶᠠᠳ᠂ ᠳᠤᠸᠠ᠂ ᠬᠠᠺᠠᠰ | ᠨᠤᠳᠤᠭ ᠲᠤ ᠤᠷᠤᠰᠢᠨ ᠠᠮᠢᠳᠤᠷᠠᠵᠦ ᠪᠠᠶᠢᠭᠰᠠᠨ ᠾᠦᠨ ᠢᠤᠢ᠂ ᠳ᠋ᠢᠩᠯᠢᠩ᠂ ᠶᠤᠸᠠᠶᠢᠱᠧ᠂ ᠴᠡᠶᠢᠯᠢ ᠵᠡᠷᠭᠡ | ᠨᠡᠬᠦᠳᠡᠯ ᠤᠨ ᠮᠠᠯᠴᠢᠨ ᠴᠡᠳᠡᠨ ᠠᠩᠴᠢᠨ ᠬᠦᠷᠦᠭᠡᠴᠢᠨ ᠠᠶᠢᠮᠠᠭ ᠤᠳ ᠢ ᠳᠠᠷᠠᠭᠠᠯᠠᠨ ᠡᠵᠡᠯᠡᠵᠦ᠂ ᠨᠤᠳᠤᠭ | ᠳᠡᠪᠢᠰᠭᠡᠷ ᠢᠶᠠᠨ ᠬᠠᠺᠰ᠂ ᠪᠠᠶᠢᠭᠠᠯ ᠨᠠᠭᠤᠷ ᠬᠦᠷᠳᠡᠯ᠎ᠡ ᠳᠡᠯᠡᠵᠡᠢ᠃ ᠳᠠᠷᠠᠭ᠎ᠠ ᠨᠢ ᠮᠤᠳᠤᠨ ᠴᠠᠨ ᠢᠤᠢ ᠴᠡᠷᠢᠭ | ᠢᠶᠠᠨ ᠬᠦᠳᠡᠯᠭᠡᠵᠦ᠂ ᠤᠷᠢᠳᠤ ᠬᠢᠳᠡᠳ ᠤᠨ ᠪᠤᠯᠢᠶᠠᠨ ᠡᠵᠡᠯᠡᠭᠰᠡᠨ ᠤᠷᠳᠤᠰ ᠨᠤᠳᠤᠭ ᠪᠤᠯᠤᠨ ᠳᠡᠷᠡ ᠬᠠᠪᠢ ᠶᠢᠨ | ᠨᠤᠳᠤᠭ ᠢ ᠴᠢᠯᠥᠭᠡᠯᠡᠨ᠂ ᠡᠷᠬᠢᠭᠦᠯᠥᠨ ᠾᠦᠩᠨᠤ ᠤᠯᠤᠰ ᠲᠤ ᠨᠢᠭᠡᠳᠭᠡᠨ ᠠᠪᠤᠭᠰᠠᠨ ᠪᠠᠶᠢᠨ᠎ᠠ᠃ ᠲᠡᠭᠦᠨᠴᠢᠯᠠᠨ | ᠪᠠᠷᠠᠭᠤᠨ ᠵᠥᠭ ᠬᠥᠳᠡᠯᠵᠤ᠂ ᠤᠳᠤ ᠶᠢᠨ ᠺᠠᠽᠠᠭᠰᠲ᠋ᠠᠨ ᠤ ᠨᠤᠳᠤᠭ ᠲᠤ ᠤᠷᠤᠰᠢᠨ ᠠᠮᠢᠳᠤᠷᠠᠵᠤ ᠪᠠᠶᠢᠭᠰᠠᠨ | ᠨᠡᠭᠦᠳᠡᠯᠴᠢᠨ ᠮᠠᠯᠴᠢᠨ ᠥᠰᠥᠨ ᠠᠶᠢᠮᠠᠭ ᠤᠳ ᠪᠤᠯᠤᠨ ᠲᠤᠷᠤᠨᠠᠳᠤ᠂ ᠥᠷᠥᠨᠠᠳᠤ ᠲᠥᠷᠺᠧᠰᠲ᠋ᠠᠨ ᠤ 36 ᠲᠤᠮᠤ᠂ | ᠵᠢᠵᠢᠭ ᠬᠤᠲᠠ ᠨᠤᠭᠤᠳ ᠢ ᠪᠠᠶᠢᠯᠳᠤᠨ ᠡᠵᠡᠯᠡᠵᠤ᠂ ᠾᠦᠩᠨᠤ ᠤᠯᠤᠰ ᠤᠨ ᠡᠷᠬᠡᠰᠢᠶᠡᠯ ᠨᠥᠯᠥᠭᠡᠨ ᠳᠤ | ᠤᠷᠤᠭᠤᠯᠵᠠᠢ᠃ | ᠤᠨ ᠳᠤᠭᠠᠯᠠᠯ ᠠᠴᠠ ᠡᠮᠥᠨ᠎ᠡ ᠭᠤᠷᠪᠠᠳᠤᠭᠠᠷ ᠵᠠᠭᠤᠨ ᠤ ᠵᠠᠭᠠᠭ ᠲᠡᠭᠡᠷ᠎ᠡ ᠾᠦᠩᠨᠤ ᠤᠯᠤᠰ ᠨᠢ ᠲᠡᠶᠢᠨᠬᠦ | ᠤᠯᠠᠨ ᠤᠯᠤᠰ ᠠᠶᠢᠮᠠᠭ ᠤᠳ ᠢ ᠡᠵᠡᠯᠡᠨ ᠵᠠᠬᠢᠷᠤᠭᠰᠠᠨ᠂ ᠮᠤᠩᠭᠤᠯ ᠪᠠ ᠲᠥᠪ ᠠᠽᠢ ᠶᠢᠨ ᠨᠡᠭᠦᠳᠡᠯᠴᠢᠳ ᠤᠨ | ᠠᠩᠬᠠᠨ ᠤ ᠬᠥᠴᠥᠷᠬᠡᠭ ᠲᠤᠮᠤ ᠡᠵᠡᠨᠳᠤ ᠬᠥᠴᠥᠨ ᠪᠤᠯᠤᠭᠰᠠᠨ ᠪᠠᠶᠢᠨ᠎ᠠ᠃ ᠲᠡᠷᠡ ᠴᠠᠭ ᠠᠴᠠ ᠡᠬᠢᠯᠡᠨ ᠮᠤᠳᠤᠨ | ᠪᠤᠯᠤᠨ ᠲᠠᠷᠠᠭ᠎ᠠ ᠥᠶ᠎ᠡ ᠶᠢᠨ ᠾᠦᠩᠨᠤ ᠬᠥᠷᠥᠨ ᠤ ᠲᠥᠷᠥ ᠶᠢᠨ ᠲᠡᠷᠢᠭᠦᠨ ᠨᠢ ᠤᠷᠢᠳᠤ ᠠᠳᠠᠯᠢ ᠵᠥᠪᠬᠡᠨ ᠴᠠᠨ | ᠢᠤᠢ ᠬᠡᠭᠳᠡᠬᠦ ᠦᠬᠡᠢ᠂ ᠬᠠᠷᠢᠨ ᠶᠡᠭᠡ ᠴᠠᠨ ᠢᠤᠢ ᠬᠡᠭᠳᠡᠬᠦ ᠪᠤᠯᠪᠠ᠃ ᠾᠦᠩᠨᠤ ᠬᠥᠷᠥᠨ ᠨᠢ ᠮᠤᠩᠭᠤᠯ᠂ ᠲᠥᠷᠺ᠂ | ᠮᠠᠨᠵᠤ᠂ ᠲᠥᠩᠬᠦᠰ᠂ ᠢᠷᠠᠨ᠂ ᠶᠤᠸᠠᠢ ᡁᠢ ᠵᠡᠷᠭᠡ ᠥᠷᠡᠯ᠂ ᠠᠯᠲᠠᠢ᠂ ᠡᠨᠡᠳᠭᠡᠭ᠂ ᠡᠸᠥ᠋ᠷᠥᠫᠡ ᠶᠢᠨ ᠢᠵᠠᠭᠤᠷ | ᠤᠨ ᠶᠠᠩᠵᠤ ᠪᠥᠷᠢ ᠶᠢᠨ ᠬᠡᠯᠡᠨ ᠤ ᠠᠶᠢᠮᠠᠭ ᠤᠪᠤᠭ ᠤᠳ ᠠᠴᠠ ᠪᠥᠷᠢᠳᠥᠭᠰᠡᠨ ᠤᠯᠤᠰ ᠪᠠᠶᠢᠪᠠ᠃ ᠾᠦᠩᠨᠤ | ᠤᠯᠤᠰ ᠢ ᠠᠩᠬ᠎ᠠ ᠪᠠᠶᠢᠭᠤᠯᠤᠭᠳᠠᠬᠤ ᠥᠶ᠎ᠡ ᠳᠤ ᠬᠥᠴᠥᠷᠭᠡᠭ ᠡᠵᠡᠨᠳᠤ ᠴᠢᠨ ᠬᠥᠷᠥᠨ ᠠᠴᠠ ᠲᠤᠳᠤᠭᠠᠳᠤ ᠶᠢᠨ | ᠵᠥᠷᠢᠴᠡᠯ ᠲᠡᠮᠡᠴᠡᠯ᠂ ᠨᠡᠭᠦᠳᠡᠯᠴᠢᠳ ᠤᠨ ᠲᠤᠪᠳᠤᠯᠭᠠ ᠵᠡᠷᠭᠡ ᠠᠴᠠ ᠨᠡᠯᠢᠶᠡᠳ ᠰᠤᠯᠠᠷᠠᠨ ᠲᠤᠷᠤᠶᠢᠳᠠᠵᠤ᠂ ᠮᠥᠬᠦᠬᠦ | ᠲᠡᠶᠢᠰᠢ ᠪᠠᠨ ᠬᠠᠨᠳᠤᠵᠤ ᠪᠠᠶᠢᠵᠠᠢ᠃ ᠮᠤᠳᠤᠨ ᠠᠷᠤ ᠲᠠᠯ᠎ᠠ ᠪᠠᠨ ᠡᠶᠢᠨᠬᠦ ᠬᠠᠩᠭᠠᠮᠠᠭᠴᠠ ᠴᠢᠨ ᠬᠦᠷᠦᠨ ᠢ | ᠠᠩᠬᠠᠷᠴᠤ ᠡᠬᠢᠯᠡᠪᠡ᠃ ᠮᠤᠳᠤᠨ ᠴᠠᠨ ᠢᠤᠢ ᠶᠢᠨ ᠤᠳᠤᠷᠢᠳᠤᠭᠰᠠᠨ ᠾᠦᠩᠨᠤ ᠶᠢᠨ ᠮᠤᠷᠢᠨ ᠴᠡᠷᠢᠭ ᠡᠨᠡ ᠥᠶ᠎ᠡ | ᠳᠤ ᠴᠢᠨ ᠤᠯᠤᠰ ᠤᠨ ᠤᠮᠠᠷᠠᠳᠤ ᠬᠢᠯᠢ ᠳᠤ ᠥᠶ᠎ᠡ ᠥᠶ᠎ᠡ ᠴᠥᠮᠥᠷᠡᠨ ᠤᠷᠤᠵᠤ ᠂ ᠴᠢᠨ ᠤᠯᠤᠰ ᠤᠨ ᠡᠰᠡᠷᠬᠦ | ᠲᠤᠳᠤᠭᠠᠳᠤ ᠲᠡᠮᠡᠴᠡᠯ ᠢ ᠢᠯᠠ᠂ ᠲᠠᠯᠲᠠ ᠶᠡᠬᠡᠲᠠ ᠲᠡᠮᠵᠢᠵᠤ ᠪᠠᠶᠢᠭᠰᠠᠨ ᠶᠠᠪᠤᠳᠠᠯ ᠡᠷᠳᠡᠨ ᠤ ᠴᠢᠨ ᠤ ᠲᠡᠷᠡᠬᠦ | ᠬᠥᠴᠥᠷᠭᠡᠭ ᠬᠥᠷᠥᠨ ᠤ ᠮᠥᠬᠦᠯ ᠢ ᠲᠥᠷᠭᠡᠳᠭᠡᠭᠰᠡᠨ ᠪᠠᠶᠢᠨ᠎ᠠ᠃ ᠴᠢᠨ ᠤᠯᠤᠰ ᠢ ᠥᠨᠳᠥᠰᠥᠯᠡᠨ ᠪᠠᠶᠢᠭᠤᠯᠤᠭᠴᠢ | ᠴᠢᠨ ᠱᠢ ᠬᠤᠸᠠᠩ ᠨᠠᠰᠤ ᠪᠠᠷᠠᠭᠰᠠᠨ ᠠᠴᠠ ᠬᠤᠶᠢᠰᠢ ᠨᠢᠭᠡ ᠵᠢᠯ ᠤᠨ ᠲᠠᠷᠠᠭ᠎ᠠ ᠴᠢᠨ ᠤ ᠲᠠᠷᠢᠶᠠᠴᠢᠳ ᠵᠡᠪᠰᠡᠭᠯᠡᠨ | ᠪᠤᠰᠴᠤ᠂ ᠬᠤᠶᠠᠷ ᠵᠢᠯ ᠭᠠᠷᠤᠢ ᠰᠢᠷᠥᠭᠦᠨ ᠲᠡᠮᠡᠴᠡᠯ ᠬᠢᠵᠤ᠂ ᠴᠢᠨ ᠤᠯᠤᠰ ᠢ ᠮᠥᠬᠦᠭᠡᠭᠡᠳ ᠪᠠᠷᠠᠭᠤᠨ ᠬᠠᠨ | ᠤᠯᠤᠰ ᠢ ᠪᠠᠶᠢᠭᠤᠯᠤᠭᠰᠠᠨ ᠨᠢ ᠤᠷᠢᠳᠤ ᠶᠢᠨ ᠴᠢᠨ ᠤᠯᠤᠰ ᠠᠴᠠ ᠴᠦ ᠬᠥᠴᠥᠷᠬᠡᠭ ᠬᠥᠷᠥᠨ ᠪᠤᠯᠤᠭᠰᠠᠨ ᠪᠠᠶᠢᠨ᠎ᠠ᠃ | ᠴᠢᠨ ᠤᠯᠤᠰ ᠤᠨ ᠢᠷᠭᠡᠨ ᠤ ᠲᠠᠶᠢᠨ ᠡᠶᠢᠨᠬᠦ ᠤᠨ ᠳᠤᠭᠠᠯᠠᠯ ᠠᠴᠠ ᠡᠮᠥᠨ᠎ᠡ 202 ᠤᠨ ᠳᠤ ᠬᠠᠨᠴᠤᠳ ᠤᠨ | ᠵᠠᠬᠢᠷᠬᠤ ᠤᠭᠰᠠᠭ᠎ᠠ ᠶᠢ ᠥᠨᠳᠥᠰᠥᠯᠡᠵᠤ᠂ ᠭᠤᠤᠽᠤ ᠭᠡᠳᠡᠭ ᠬᠡᠷᠬᠡᠮ ᠢᠶᠠᠷ ᠬᠢᠳᠠᠳ ᠤᠨ ᠲᠡᠥᠬᠡᠨ ᠳᠤ | ᠠᠯᠳᠠᠷᠰᠢᠭᠰᠠᠨ ᠯᠢᠤ ᠪᠠᠩ ᠤᠨ ᠢᠯᠠᠯᠲᠠ ᠪᠠᠷ ᠲᠠᠭᠤᠰᠤᠭᠰᠠᠨ ᠪᠠᠶᠢᠪᠠ᠃ | ᠤᠨ ᠳᠤᠭᠠᠯᠠᠯ ᠠᠴᠠ ᠡᠮᠥᠨ᠎ᠡ 201 ᠤᠨ ᠳᠤ ᠮᠤᠳᠤᠨ ᠴᠠᠨ ᠢᠤᠢ ᠲᠦᠷᠪᠡᠨ ᠲᠦᠮᠡᠨ ᠮᠤᠷᠢᠳᠤ | ᠴᠡᠷᠢᠭ ᠲᠠᠢ ᠪᠠᠷ ᠬᠠᠨ ᠤᠯᠤᠰ ᠤᠨ ᠬᠢᠯᠢ ᠳᠤ ᠴᠥᠮᠥᠷᠡᠨ ᠤᠷᠤᠪᠠ᠃ ᠲᠡᠳᠡ ᠮᠠᠢ ᠴᠠᠶᠢᠵᠠ ᠶᠢ ᠪᠥᠰᠡᠯᠡᠭᠰᠡᠨ | ᠪᠥᠭᠡᠳ ᠴᠠᠶᠢᠵᠠ ᠶᠢ ᠤᠳᠤᠷᠢᠳᠤᠭᠴᠢ ᠸᠠᠩ ᠬᠠᠨ ᠰᠢᠨ ᠪᠠᠭᠤᠵᠤ ᠥᠭᠬᠦ ᠠᠴᠠ ᠠᠷᠭ᠎ᠠ ᠦᠬᠡᠢ ᠪᠤᠯᠤᠭᠰᠠᠨ | ᠪᠠᠶᠢᠨ᠎ᠠ᠃ ᠬᠠᠨ ᠤᠯᠤᠰ ᠤᠨ ᠤᠯᠠᠮᠵᠢᠯᠠᠯ ᠶᠤᠰᠤᠭᠠᠷ ᠪᠤᠯ ᠪᠠᠭᠤᠵᠤ ᠥᠭᠭᠦᠨ᠎ᠡ ᠭᠡᠳᠡᠭ ᠨᠢ ᠤᠷᠪᠠᠭᠰᠠᠨ ᠲᠠᠢ | ᠠᠳᠠᠯᠢ ᠪᠥᠭᠡᠳ ᠢᠯᠠᠭᠴᠢ ᠶᠢᠨ ᠬᠠᠷᠢᠶᠠᠳᠤ ᠪᠤᠯᠵᠤ ᠰᠢᠯᠵᠢᠯ᠎ᠡ ᠭᠡᠰᠡᠨ ᠥᠭᠡ ᠶᠤᠮ᠃ ᠶᠠᠮᠠᠷ ᠴᠦ ᠨᠥᠬᠦᠴᠡᠯ | ᠪᠠᠶᠢᠳᠠᠯ ᠢ ᠲᠤᠷᠠᠳᠤᠭᠰᠠᠨ ᠪᠠᠭᠤᠵᠤ ᠥᠭᠭᠦᠭᠴᠢ ᠶᠢ ᠥᠷᠥᠰᠢᠶᠡᠬᠦ ᠦᠬᠡᠢ᠂ ᠤᠴᠢᠷ ᠨᠢ ᠲᠡᠷᠡ ᠪᠠᠷ ᠠᠮᠢ ᠪᠠᠨ | ᠬᠤᠤᠷᠯᠠᠬᠤ ᠶᠤᠰᠤᠲᠠᠢ ᠪᠠᠶᠢᠪᠠ᠃ ᠡᠶᠢᠮᠤ ᠳᠤ ᠸᠠᠩ ᠬᠠᠨ ᠰᠢᠨ ᠤ ᠬᠤᠪᠢ ᠳᠤ ᠪᠤᠴᠠᠬᠤ ᠵᠠᠮ ᠦᠬᠡᠢ ᠪᠤᠯᠤᠭᠰᠠᠨ | ᠪᠥᠭᠡᠳ ᠲᠡᠷᠡ ᠪᠠᠷ ᠰᠢᠨ᠎ᠡ ᠡᠵᠡᠨ ᠳᠡᠭᠡᠨ ᠥᠨᠡᠨᠴᠢ ᠪᠠᠷ ᠵᠢᠳᠭᠦᠵᠤ ᠡᠬᠢᠯᠡᠵᠡᠢ᠃ ᠾᠦᠩᠨᠤᠴᠤᠳ ᠡᠮᠥᠨ᠎ᠡ ᠵᠥᠭ | ᠠᠮᠵᠢᠯᠲᠠ ᠲᠠᠢ ᠤᠷᠤᠭᠰᠢᠯᠠᠵᠤ ᠭᠸᠤᠵᠤᠩ ᠤᠨ ᠨᠢᠷᠤᠭᠤ ᠶᠢ ᠲᠡᠪᠠᠨ ᠡᠪᠥᠯ ᠨᠢ ᠬᠤᠶᠢᠳᠤ ᠱᠠᠨ ᠰᠢ ᠶᠢᠨ ᠨᠡᠶᠢᠰᠯᠡᠯ | ᠵᠢᠨᠶᠠᠩ ᠬᠤᠲᠠ ᠤᠷᠤᠭᠤ ᠲᠥᠭᠦᠵᠤ ᠢᠷᠡᠵᠡᠢ᠃ ᠡᠨᠡ ᠥᠶ᠎ᠡ ᠳᠤ ᠬᠢᠳᠠᠳ ᠤᠨ ᠪᠠᠷᠠᠭᠤᠨ ᠬᠠᠨ ᠤᠯᠤᠰ ᠤᠨ | ᠡᠵᠡᠨ ᠬᠠᠭᠠᠨ ᠦᠪᠡᠷ ᠤᠨ ᠪᠡᠶ᠎ᠡ ᠪᠠᠷ ᠠᠷᠮᠢ ᠪᠠᠨ ᠤᠳᠤᠷᠢᠳᠤᠨ ᠤᠴᠢᠭᠰᠠᠨ ᠪᠤᠯᠪᠠᠴᠤ ᠶᠠᠩᠬᠢᠨᠠᠭᠰᠠᠨ ᠬᠥᠢᠲᠡᠨ ᠤ | ᠤᠯᠠᠮ ᠠᠴᠠ ᠲᠠᠶᠢᠴᠢᠳ ᠤᠨ ᠬᠢᠨᠢ ᠭᠤᠷᠪᠠᠨ ᠤ ᠨᠢᠭᠡ ᠨᠢ ᠭᠠᠷ ᠢᠶᠠᠨ ᠬᠥᠯᠳᠡᠭᠡᠵᠤ ᠪᠡᠭᠡᠷᠡᠭᠰᠡᠨ ᠠᠵᠢ᠃ | ᠮᠤᠳᠤᠨ ᠨᠡᠭᠦᠳᠡᠯᠴᠢᠳ ᠤᠨ ᠶᠡᠷᠥᠳᠡ ᠶᠢᠨ ᠠᠷᠭ᠎ᠠ ᠶᠢ ᠬᠡᠷᠡᠭᠯᠡᠨ᠂ ᠬᠠᠭᠤᠷᠮᠠᠴᠢ ᠪᠠᠷ ᠤᠬᠤᠷᠢᠨ | ᠵᠢᠭᠤᠳᠠᠭᠠᠳ᠂ ᠬᠠᠨ ᠤᠯᠤᠰ ᠤᠨ ᠰᠢᠯᠢᠳᠡᠭ ᠠᠩᠬᠢ ᠨᠤᠭᠤᠳ ᠢ ᠲᠠᠯᠪᠢᠭᠰᠠᠨ ᠵᠠᠩᠭᠤᠨ ᠳᠠᠭᠠᠨ ᠤᠷᠤᠭᠤᠯᠵᠤ᠂ | ᠬᠠᠨ ᠤᠯᠤᠰ ᠤᠨ ᠠᠷᠮᠢ ᠶᠢᠨ ᠮᠠᠩᠯᠠᠢ ᠬᠡᠰᠡᠭ ᠢ ᠳ᠋ᠠᠲ᠋ᠥ᠋ᠩ ᠬᠤᠲᠠ ᠶᠢᠨ ᠤᠶᠢᠷᠠᠯᠴᠠᠭ᠎ᠠ ᠬᠢ ᠫᠢᠩ ᠴᠧᠩ ᠤᠷᠴᠢᠮ | ᠳᠤ ᠡᠵᠡᠨ ᠬᠠᠭᠠᠨ ᠲᠠᠢ ᠨᠢ ᠬᠠᠮᠳᠤ ᠪᠥᠰᠡᠯᠡᠨ ᠠᠪᠤᠭᠰᠠᠨ ᠪᠠᠶᠢᠨ᠎ᠠ᠃ ᠬᠠᠨ ᠤᠯᠤᠰ ᠤᠨ ᠴᠡᠷᠢᠭ | ᠾᠦᠩᠨᠤᠴᠤᠳ ᠤᠨ ᠠᠶᠤᠮᠰᠢᠭᠳᠤ ᠲᠤᠪᠳᠤᠯᠭᠠ ᠶᠢ ᠨᠢᠴᠤᠭᠠᠬᠤ ᠭᠡᠵᠤ ᠨᠤᠶᠢᠷ ᠦᠬᠡᠢ ᠪᠠᠷ ᠪᠥᠰᠡᠯᠡᠯᠲᠠᠨ ᠳᠤ | ᠲᠤᠯᠤᠭ᠎ᠠ ᠬᠤᠨᠤᠭ ᠲᠡᠰᠥᠭᠰᠡᠨ ᠪᠠᠶᠢᠨ᠎ᠠ᠃ ᠭᠡᠪᠡᠴᠤ ᠠᠳᠠᠭ ᠰᠡᠭᠦᠯ ᠳᠡᠭᠡᠨ ᠾᠦᠩᠨᠤᠴᠤᠳ ᠲᠤ ᠪᠠᠭᠤᠯᠲᠠ ᠬᠢᠨ | ᠠᠷᠭ᠎ᠠ ᠦᠬᠡᠢ ᠶᠢᠨ ᠡᠷᠭᠡᠨ ᠳᠤ ᠨᠠᠶᠢᠷᠠᠮᠳᠠᠯ ᠤᠨ ᠬᠡᠷ᠎ᠡ ᠪᠠᠶᠢᠭᠤᠯᠵᠤ ᠠᠯᠪᠠ ᠡᠷᠬᠦᠬᠦ ᠶᠤᠰᠤᠲᠠᠢ ᠪᠤᠯᠵᠠᠢ᠃ ᠲᠡᠷᠡᠬᠦ | ᠬᠡᠷ᠎ᠡ ᠶᠤᠰᠤᠭᠠᠷ ᠬᠠᠨ ᠤᠯᠤᠰ ᠤᠨ ᠬᠠᠭᠠᠨ ᠨᠢ ︽ᠤᠷᠳᠤ ᠴᠠᠭᠠᠨ ᠬᠡᠷᠡᠮ ᠠᠴᠠ ᠬᠤᠶᠢᠰᠢ ᠬᠢ ᠨᠤᠮᠤ ᠪᠠᠷᠢᠭᠰᠠᠨ | ᠤᠯᠤᠰ ᠪᠤᠶᠤ ᠨᠡᠭᠦᠳᠡᠯᠴᠢᠳ ᠴᠠᠨ ᠢᠤᠢ ᠶᠢᠨ ᠴᠠᠭᠠᠵᠠ ᠶᠢ ᠲᠠᠭᠠᠰᠤᠭᠠᠢ᠃ ᠤᠷᠳᠤ ᠬᠡᠷᠡᠮ ᠠᠴᠠ ᠲᠤᠳᠤᠭᠰᠢ | ᠲᠡᠪᠡᠯ ᠮᠠᠯᠠᠭᠠᠢ ᠲᠠᠢ ᠤᠯᠤᠰ ᠢ ᠪᠤᠶᠤ ᠬᠢᠳᠠᠳ ᠢ ᠪᠢ ᠵᠠᠬᠢᠷᠤᠰᠤᠭᠠᠢ︾ ᠭᠡᠮᠡᠨ ᠲᠤᠬᠢᠷᠠᠯᠴᠠᠵᠤ᠂ ᠵᠢᠯ ᠪᠥᠷᠢ | ᠾᠦᠩᠨᠤ ᠳᠤ ᠶᠡᠭᠡ ᠬᠡᠮᠵᠢᠶᠡᠨ ᠤ ᠠᠯᠲᠠ ᠮᠥᠩᠬᠦ᠂ ᠲᠤᠷᠭ᠎ᠠ ᠲᠤᠷᠳᠤᠩ᠂ ᠰᠡᠥᠬᠡ ᠲᠡᠷᠭᠡ᠂ ᠭᠠᠷ ᠤᠷᠠᠯᠠᠯ ᠤᠨ | ᠪᠤᠰᠤᠳ ᠨᠠᠨᠳᠢᠨ ᠪᠥᠳᠥᠭᠡᠭᠳᠡᠭᠦᠨ᠂ ᠲᠠᠷᠢᠶ᠎ᠠ ᠪᠤᠳᠠᠭ᠎ᠠ ᠪᠠᠷ ᠠᠯᠪᠠᠨ ᠲᠠᠳᠠᠪᠤᠷᠢ ᠥᠭᠴᠤ ᠪᠠᠶᠢᠬᠤ ᠡᠭᠦᠷᠭᠡ | ᠬᠥᠯᠢᠶᠡᠵᠡᠢ᠃ ᠭᠤᠷᠪᠠ ᠠᠴᠠ ᠲᠦᠷᠪᠡᠨ ᠲᠦᠮᠡᠨ ᠴᠡᠷᠢᠭ ᠲᠠᠢ ᠮᠤᠳᠤᠨ ᠤ ᠬᠤᠪᠢ ᠳᠤ 600Km ᠭᠠᠵᠠᠷ | ᠰᠤᠨᠤᠨ ᠪᠠᠶᠢᠷᠢᠯᠠᠭᠰᠠᠨ ᠬᠠᠨ ᠤᠯᠤᠰ ᠤᠨ ᠠᠷᠮᠢ ᠮᠠᠩᠨᠠᠢ ᠶᠢᠨ ᠬᠥᠴᠥ ᠪᠠᠨ ᠠᠯᠳᠠᠭᠰᠠᠨ ᠴᠦ ᠾᠦᠩᠨᠤ ᠠᠴᠠ | ᠬᠥᠴᠥᠲᠠᠢ ᠪᠠᠶᠢᠭᠰᠠᠨ ᠲᠤᠯᠠ ᠡᠶᠢᠨᠬᠦ ᠨᠠᠶᠢᠷᠠᠮᠳᠠᠯ ᠪᠠᠶᠢᠭᠤᠯᠤᠭᠰᠠᠨ ᠨᠢ ᠬᠤᠨᠵᠢᠭᠠ ᠲᠠᠢ ᠠᠯᠬᠤᠮ ᠪᠤᠯᠵᠠᠢ᠃ | ᠮᠤᠳᠤᠨ ᠴᠠᠨ ᠢᠤᠢ ᠡᠶᠢᠨᠬᠦ 35 ᠵᠢᠯ ᠾᠦᠩᠨᠤ ᠬᠥᠷᠥᠨ ᠤ ᠲᠥᠷᠥ ᠶᠢ ᠪᠠᠷᠢᠬᠤ ᠵᠠᠭᠤᠷ᠎ᠠ ᠲᠡᠭᠦᠨ ᠢ ᠶᠡᠬᠡᠲᠠ | ᠥᠷᠭᠡᠳᠭᠡᠨ ᠪᠠᠬᠢᠵᠢᠭᠦᠯᠵᠤ᠂ ᠲᠤᠬᠠᠢ ᠶᠢᠨ ᠥᠶ᠎ᠡ ᠶᠢᠨ ᠬᠠᠮᠤᠭ ᠤᠨ ᠬᠥᠴᠥᠷᠭᠡᠭ ᠬᠥᠷᠥᠨ ᠨᠦᠭᠦᠳ ᠲᠠᠢ ᠡᠩ | ᠵᠡᠷᠭᠡᠴᠡᠭᠦᠶᠢᠴᠠ ᠬᠡᠮᠵᠢᠶᠡᠨ ᠳᠤ ᠬᠥᠷᠲᠡᠯ᠎ᠡ ᠬᠥᠭᠵᠢᠭᠦᠯᠥᠭᠡᠳ᠂ ᠤᠨ ᠳᠤᠭᠠᠯᠠᠯ ᠠᠴᠠ ᠡᠮᠥᠨ᠎ᠡ 170 ᠤᠨ ᠳᠤ | ᠨᠠᠰᠤ ᠡᠴᠥᠰᠯᠡᠭᠰᠡᠨ ᠶᠤᠮ᠃ | ︽ᠮᠤᠩᠭᠤᠯᠴᠤᠳ ᠤᠨ ᠳᠡᠦᠭᠡᠨ ᠳᠤ ᠠᠯᠳᠠᠷᠰᠢᠭᠰᠠᠨ 33 ᠴᠤᠤᠳᠤ ︵ᠬᠤᠶᠠᠷ︶ — | ᠮᠤᠩᠭᠤᠯᠴᠤᠳ ᠤᠨ ᠳᠡᠦᠭᠡᠨ ᠳᠤ ᠠᠯᠳᠠᠷᠰᠢᠭᠰᠠᠨ 33 ᠴᠤᠤᠳᠤ ᠵᠠᠩᠵᠤᠨ︾ ᠬᠡᠬᠦ ᠨᠤᠮ ᠠᠴᠠ ᠰᠡᠶᠢᠷᠡᠬᠦᠯᠪᠡ᠃ | | ᠲᠡᠮᠦᠷᠭᠤᠣᠯᠲᠣ ᠨᠠᠶᠢᠷᠠᠭᠤᠯᠵᠤ 2018-03-22 ᠤ ᠡᠳᠦᠷ ᠨᠡᠶᠢᠲᠡᠯᠡᠪᠡ |