ᠣ᠂ ᠪᠣᠷᠪᠠᠯᠨ ᠶᠢᠨ ︽ᠡᠸᠦ᠋ᠷᠦᠫᠠ ᠶᠢ ᠳᠤᠩᠰᠤᠯᠭᠠᠭᠰᠠᠨ ᠾᠦᠩᠨᠣ ᠶᠢᠨ ᠲᠡᠣᠬᠡ ᠪᠤᠶᠤ ᠠᠳ᠋ᠲ᠋ᠢᠯᠠ ᠬᠠᠭᠠᠨ ᠤ ᠴᠠᠳᠢᠭ︾
ᠨᠡᠶᠢᠲᠡᠯᠡᠭᠰᠡᠨ ᠴᠠᠭ᠄
2018-03-22
      ᠣᠩᠭᠠᠷ ᠤᠨ ᠮᠣᠩᠭᠤᠯ ᠰᠤᠳᠤᠯᠤᠭᠠᠴᠢ᠂ ᠲᠡᠣᠬᠡᠴᠢ᠂ ᠳ᠋ᠣᠺᠲ᠋ᠣᠷ ᠪᠤᠷᠪᠠᠯᠠ ᠣᠪᠷᠣᠱᠠᠨᠰᠺᠢᠢ ᠨᠢ ︽ᠡᠸᠦ᠋ᠷᠦᠫᠠ ᠶᠢ ᠳᠤᠩᠰᠤᠯᠭᠠᠭᠰᠠᠨ ᠾᠦᠩᠨᠣ ᠶᠢᠨ ᠲᠡᠣᠬᠡ ᠪᠤᠶᠤ ᠠᠳ᠋ᠲ᠋ᠢᠯᠠ ᠬᠠᠭᠠᠨ ᠤ ᠴᠠᠳᠢᠭ︾ ᠬᠡᠮᠡᠬᠦ ᠡᠨᠡᠬᠦ ᠪᠦᠳᠦᠭᠡᠯ ᠢᠶᠠᠨ ᠮᠣᠩᠭᠤᠯ ᠬᠡᠯᠡ ᠲᠡᠭᠡᠷ᠎ᠡ ᠦᠪᠡᠷ ᠢᠶᠠᠨ ᠪᠢᠴᠢᠵᠦ ᠮᠠᠨ ᠤ ᠨᠡᠷ᠎ᠡ ᠪᠦᠬᠦᠢ ᠡᠷᠳᠡᠮᠲᠡᠳ᠂ ᠲᠡᠣᠬᠡᠴᠢᠳ ᠢᠶᠠᠷ ᠬᠢᠨᠠᠭᠤᠯᠵᠠᠢ᠃ ᠣᠩᠭᠠᠷᠴᠤᠳ ᠡᠷᠲᠡᠨ ᠤ ᠾᠦᠩᠨᠣ ᠨᠠᠷ ᠤᠨ ᠦᠷ᠎ᠠ ᠣᠳᠣᠮ ᠭᠡᠮᠡᠨ ᠦᠪᠡᠷᠰᠡᠳ ᠢᠶᠠᠷ ᠢᠶᠠᠨ ᠪᠠᠭ᠋ᠠᠷᠬᠠᠳᠠᠭ᠃ ᠠᠳ᠋ᠲ᠋ᠢᠯᠠ ᠶᠢᠨ ᠲᠡᠣᠬᠡ ᠴᠦ ᠭᠡᠰᠡᠨ ᠮᠣᠩᠭᠤᠯ ᠣᠷᠤᠨ ᠳᠤ ᠣᠯᠠᠨ ᠴᠦ ᠬᠦᠮᠦᠨ ᠤ ᠰᠤᠨᠢᠷᠬᠠᠯ ᠢ ᠲᠠᠳᠠᠵᠤ ᠪᠠᠶᠢᠭ᠎ᠠ ᠪᠢᠯᠡ᠃      ᠠᠳ᠋ᠲ᠋ᠢᠯᠠ ᠬᠠᠭᠠᠨ᠂ ᠲᠡᠭᠦᠨ ᠤ ᠡᠵᠡᠨᠲᠤ ᠣᠯᠤᠰ᠂ ᠠᠳ᠋ᠲ᠋ᠢᠯᠠ ᠬᠠᠭᠠᠨ ᠤ ᠲᠡᠣᠬᠡᠨ ᠳᠤ ᠦᠯᠡᠳᠡᠭᠡᠭᠰᠡᠨ ᠣᠯᠠ ᠮᠦᠷ ᠦᠨᠦ ᠴᠦ ᠭᠡᠰᠡᠨ ᠳᠡᠯᠡᠬᠡᠢ ᠶᠢ ᠱᠤᠣᠭᠢᠭᠤᠯᠤᠭᠰᠠᠭᠠᠷ ᠪᠠᠶᠢᠨ᠎ᠠ᠃ ᠭᠡᠬᠦ ᠳᠡᠭᠡᠨ ᠡᠬᠢ ᠰᠣᠷᠪᠤᠯᠵᠢ ᠬᠤᠮᠰᠠ ᠣᠴᠢᠷ ᠠᠴᠠ ᠵᠠᠷᠢᠮ ᠠᠰᠠᠭᠤᠳᠠᠯ  ᠤᠳ ᠬᠠᠷᠢᠭᠤᠯᠲᠠ ᠦᠭᠡᠢ ᠬᠡᠪ ᠢᠶᠠᠷ ᠦᠯᠡᠳᠡᠵᠤ ᠪᠠᠶᠢᠨ᠎ᠠ᠃     ᠣ᠂ ᠪᠣᠷᠪᠠᠯᠨ ᠶᠢᠨ ᠡᠨᠡᠬᠦ ᠪᠦᠲᠦᠭᠡᠯ ᠨᠢ ᠠᠳ᠋ᠲ᠋ᠢᠯᠠ ᠬᠠᠭᠠᠨ ᠤ ᠲᠠᠯ᠎ᠠ ᠪᠠᠷ ᠬᠢ ᠪᠤᠰᠤᠳ ᠪᠦᠳᠦᠭᠡᠯ ᠤᠳ ᠲᠠᠢ ᠬᠠᠷᠢᠴᠠᠭᠤᠯᠬᠤ ᠳᠤ ᠦᠪᠡᠷ ᠤᠨ ᠭᠡᠰᠡᠨ ᠣᠨᠴᠠᠯᠢᠭ ᠤᠳ ᠲᠠᠢ᠃ ᠶᠠᠭᠤᠨ ᠤ ᠡᠮᠦᠨ᠎ᠡ ᠡᠨᠡᠬᠦ ᠰᠣᠳᠣᠯᠭᠠᠨ ᠤ ᠠᠵᠢᠯ ᠳᠤ ᠡᠷᠲᠡᠨ ᠤ ᠷᠣᠮᠠ᠂ ᠭᠷᠧᠭ᠂ ᠣᠩᠭᠠᠷ᠂ ᠮᠣᠩᠭᠤᠯ ᠡᠬᠢ ᠰᠤᠷᠪᠣᠯᠵᠢ ᠨᠤᠭᠤᠳ ᠢ ᠬᠠᠷᠢᠴᠠᠭᠤᠯᠣᠨ ᠦᠵᠡᠭᠰᠡᠨ ᠢᠶᠠᠷ ᠢᠶᠠᠨ ᠣᠨᠴᠠᠯᠢᠭ ᠪᠤᠯᠵᠤ ᠪᠠᠶᠢᠭ᠎ᠠ ᠶᠤᠮ᠃ ᠮᠦᠨ ᠾᠦᠩᠨᠣ ᠨᠠᠷ ᠤᠨ ᠭᠠᠷᠣᠯ ᠡᠭᠦᠰᠦᠯ᠂ ᠡᠸᠦ᠋ᠷᠦᠫᠠ ᠶᠢᠨ ᠾᠦᠩᠨᠣ ᠨᠠᠷ ᠠᠽᠢᠶ᠎ᠠ ᠶᠢᠨ ᠾᠦᠩᠨᠦ ᠲᠠᠢ ᠬᠡᠷᠬᠢᠨ ᠬᠤᠯᠪᠣᠭᠳᠠᠵᠤ ᠪᠠᠶᠢᠭ᠎ᠠ ᠲᠠᠯ᠎ᠠ ᠪᠠᠷ ᠳᠡᠯᠭᠡᠷᠡᠩᠭᠦᠢ ᠲᠠᠶᠢᠯᠪᠣᠷᠢ ᠪᠢᠴᠢᠵᠠᠢ᠃ ᠣᠩᠭᠠᠷᠴᠤᠳ ᠠᠳ᠋ᠲ᠋ᠢᠯᠠ ᠶᠢ ᠦᠪᠡᠷᠰᠡᠳ ᠤᠨ ᠬᠠᠮᠤᠭ ᠤᠨ ᠮᠤᠨᠳᠠᠭ ᠬᠠᠭᠠᠨ ᠭᠡᠵᠦ ᠲᠤᠭᠠᠴᠠᠳᠠᠭ ᠪᠠᠶᠢᠨ᠎ᠠ᠃      ᠾᠦᠩᠨᠣ ᠨᠠᠷ ᠡᠸᠦ᠋ᠷᠦᠫᠠ ᠶᠢ ᠲᠡᠷᠡ ᠴᠢᠭ ᠲᠤ ᠨᠢ ᠬᠦᠳᠡᠯᠬᠡᠬᠡᠨ ᠳᠤ ᠣᠷᠣᠭᠤᠯᠵᠣ᠂ ᠲᠡᠳᠠᠨ ᠳᠤ ᠰᠠᠶᠢᠨ ᠪᠤᠯᠤᠨ ᠮᠠᠭᠤ ᠪᠠᠷ ᠳᠤᠷᠠᠰᠤᠭᠳᠠᠳᠠᠭ ᠪᠦᠭᠡᠳ ᠬᠠᠷᠠᠮᠰᠠᠯᠲᠠᠢ ᠨᠢ ᠪᠠᠷᠠᠭᠤᠨ ᠡᠸᠦ᠋ᠷᠦᠫᠠ ᠶᠢᠨ ᠲᠡᠣᠬᠡᠴᠢᠳ ᠾᠦᠩᠨᠣ ᠶᠢᠨ ᠲᠡᠣᠬᠡ ᠶᠢ ᠵᠦᠪᠬᠡᠨ ᠨᠢᠭᠡ ᠲᠠᠯ᠎ᠠ ᠠᠴᠠ ᠳᠠᠶᠢᠯᠪᠤᠷᠢᠯᠠᠵᠣ᠂ ᠦᠷᠦᠭᠡᠰᠦᠯᠡᠯ ᠢᠶᠠᠷ ᠠᠪᠴᠣ ᠦᠵᠡᠳᠡᠭ ᠢ ᠰᠢᠭᠦᠮᠵᠢᠯᠡᠭᠰᠡᠨ ᠪᠠᠶᠢᠨ᠎ᠠ᠃ ᠾᠦᠩᠨᠣ ᠨᠠᠷ ᠰᠢᠭ᠋ ᠡᠸᠦ᠋ᠷᠦᠫᠠ ᠳᠤ ᠨᠦᠯᠦᠭᠡᠯᠡᠭᠰᠡᠨ ᠦᠨᠳᠦᠰᠦᠲᠡᠨ ᠪᠠᠶᠢᠬᠤ ᠦᠭᠡᠢ᠂ ᠬᠤᠵᠢᠮ ᠤᠨ 13 ᠳ᠋ᠣᠭᠠᠷ ᠵᠠᠭᠤᠨ ᠳᠤ ᠢᠷᠡᠭᠰᠡᠨ ᠮᠣᠩᠭᠤᠯ ᠤᠨ ᠳᠦᠷᠢᠮᠡᠬᠡᠶᠢᠯᠡᠯ ᠴᠦ ᠡᠸᠤᠷᠤᠫᠠᠴᠤᠳ ᠢ ᠲᠡᠭᠡᠵᠦ ᠶᠡᠭᠡ ᠴᠤᠴᠢᠷᠠᠭᠠᠵᠤ ᠴᠢᠳᠠᠭ᠎ᠠ ᠦᠭᠡᠢ ᠭᠡᠮᠡᠨ ᠵᠤᠬᠢᠶᠠᠭᠴᠢ ᠳ᠋ᠦᠩᠨᠡᠵᠠᠢ᠃     ᠬᠤᠶᠠᠳᠤᠭᠠᠷ ᠲᠤ ᠵᠤᠬᠢᠶᠠᠭᠴᠢ ᠦᠵᠡᠬᠦ ᠳᠡᠭᠡᠨ ᠡᠸᠦ᠋ᠷᠦᠫᠠ ᠶᠢᠨ ᠾᠦᠩᠨᠣ ᠨᠠᠷ ᠤᠨ ᠲᠡᠣᠬᠡ᠂ ᠣᠭᠰᠠᠭ᠎ᠠ ᠭᠠᠷᠤᠯ ᠢ ᠠᠽᠢᠶ᠎ᠠ  ᠶᠢᠨ ᠾᠦᠩᠨᠣ ᠨᠠᠷ ᠲᠠᠢ ᠵᠠᠪᠠᠯ ᠬᠤᠯᠪᠣᠵᠤ ᠦᠵᠡᠬᠦ ᠶᠤᠰᠤᠲᠠᠢ ᠭᠡᠵᠦ ᠪᠢᠴᠢᠵᠠᠢ᠃ ᠰᠤᠳᠤᠯᠤᠭᠠᠴᠢ ᠮᠠᠨᠢ ᠡᠷᠲᠡᠨ ᠤ ᠬᠢᠲᠠᠳ ᠡᠬᠢ ᠰᠣᠷᠪᠤᠯᠵᠢ ᠪᠤᠯᠤᠨ ᠭᠤᠮᠢᠯᠧᠪ ᠤᠨ ᠪᠢᠴᠢᠭᠰᠡᠨ ᠢ ᠴᠦ ᠰᠠᠶᠢᠨ ᠰᠣᠳᠣᠯᠵᠣ ᠦᠵᠡᠭᠰᠡᠨ ᠭᠡᠳᠡᠭ ᠨᠢ ᠬᠠᠷᠠᠭᠳᠠᠵᠤ ᠪᠠᠶᠢᠨ᠎ᠠ᠃ ᠲᠤᠰ ᠪᠦᠳᠦᠬᠡᠯ ᠳᠤ ᠠᠯᠳᠠᠷᠲᠣ ᠺᠠᠲ᠋ᠠᠯᠢ ᠶᠢᠨ ᠲᠤᠯᠤᠯᠳᠤᠭᠠᠨ ᠨᠢ ᠣᠮᠠᠷᠠᠲᠣ ᠹᠷᠠᠨᠽᠢ ᠳᠤ ᠪᠤᠯᠤᠭ᠎ᠠ ᠦᠭᠡᠢ᠂ ᠬᠠᠷᠢᠨ ᠺᠠᠲ᠋ᠠᠯᠣᠨ ᠦᠨᠳᠦᠰᠦᠲᠡᠨ ᠤ ᠨᠣᠲᠤᠭ ᠲᠤ ᠪᠤᠶᠤ ᠢᠰᠫᠠᠨᠢ ᠶᠢᠨ ᠬᠤᠶᠢᠳᠦ ᠬᠡᠰᠡᠭ ᠲᠤ ᠪᠣᠯᠣᠭᠰᠠᠨ ᠶᠤᠮ ᠬᠡᠮᠡᠵᠠᠢ᠃      ᠵᠤᠬᠢᠶᠠᠭᠴᠢ ᠣ᠂ ᠪᠤᠷᠪᠠᠯᠠ ᠨᠢ 1972 ᠣᠨ ᠳᠤ ᠣᠩᠭᠠᠷ ᠤᠨ ᠣᠵᠳ᠋ ᠬᠤᠲᠠ ᠳᠤ ᠮᠡᠨᠳᠣᠯᠡᠭᠰᠡᠨ᠃ 1999 ᠣᠨ ᠳᠤ ᠲᠡᠣᠬᠡ ᠶᠢᠨ ᠫᠷᠤᠹᠧᠰᠰᠤᠷ ᠵ᠊᠂ ᠪᠤᠯᠤᠳᠪᠠᠭᠠᠲᠤᠷ ᠤᠨ ᠣᠳᠤᠷᠢᠳᠤᠯᠭ᠎ᠠ ᠪᠠᠷ ︽ᠣᠩᠭᠠᠷ ᠪᠤᠯᠤᠨ ᠮᠣᠩᠭᠤᠯ ᠤᠨ ᠨᠡᠶᠢᠭᠡᠮ ᠤᠨ ᠠᠳᠠᠯᠢᠳᠬᠠᠯ︾ ᠰᠡᠳᠣᠪ ᠢᠶᠠᠷ ᠲᠡᠣᠬᠡ ᠶᠢᠨ ᠣᠬᠠᠭᠠᠨ ᠤ ᠳ᠋ᠣᠺᠲ᠋ᠣᠷ ᠤᠨ ᠵᠡᠷᠭᠡ ᠬᠠᠮᠭᠠᠯᠠᠵᠠᠢ᠃ ᠣ᠂ ᠪᠤᠷᠪᠠᠯᠠ ᠳ᠋ᠣᠺᠲ᠋ᠣᠷ ᠤᠨ ᠰᠣᠳᠣᠯᠭᠠᠨ ᠤ ᠴᠢᠭᠯᠡᠯ ᠨᠢ ᠡᠸᠦ᠋ᠷᠤᠫᠠ ᠠᠽᠢᠶ᠎ᠠ ᠶᠢᠨ ᠡᠷᠲᠡᠨ ᠤ ᠨᠡᠭᠦᠳᠡᠯᠴᠢᠳ ᠤᠨ ᠣᠭᠰᠠᠭ᠎ᠠ ᠭᠠᠷᠪᠠᠯ᠂ ᠣᠯᠣᠰ ᠲᠦᠷᠦ ᠶᠢᠨ ᠲᠣᠭᠲᠠᠯᠴᠠᠭ᠎ᠠ ᠶᠤᠮ᠃      ᠳ᠋ᠣᠺᠲ᠋ᠣᠷ ᠣ᠂ ᠪᠤᠷᠪᠠᠯᠠ ᠨᠢ 2005 ᠣᠨ ᠳᠤ ︽ᠮᠣᠩᠭᠤᠯ ᠣᠯᠤᠰ ᠤᠨ ᠲᠡᠣᠬᠡ ᠶᠢᠨ ᠲᠤᠪᠴᠢᠶ᠎ᠠ︾᠂ ︽ᠴᠢᠩᠭᠢᠰ ᠬᠠᠭᠠᠨ ᠤ ᠣᠶᠣᠨ ᠳᠦᠯᠬᠢᠭᠦᠷ︾᠂ 2006 ᠣᠨ ᠳᠤ ︽ᠨᠢᠰᠲ᠋ᠣᠷᠢᠶᠠᠨ ᠱᠠᠰᠢᠨ ᠢ ᠳᠤᠷᠤᠨᠠᠲᠤ ᠳᠤ ᠳᠡᠯᠭᠡᠷᠡᠭᠦᠯᠦᠭᠰᠡᠨ ᠲᠡᠣᠬᠡ᠂ ᠲᠡᠭᠦᠨ ᠤ ᠮᠣᠩᠭᠤᠯ ᠤᠨ ᠡᠵᠡᠨ ᠬᠠᠭᠠᠨᠲᠤ ᠣᠯᠤᠰ ᠤᠨ ᠳᠤᠷᠠᠰᠬᠠᠯ ᠤᠳ︾ ᠵᠡᠷᠭᠡ ᠪᠦᠲᠦᠭᠡᠯ ᠤᠳ ᠢ ᠣᠩᠭᠠᠷ ᠬᠡᠯᠡᠨ᠎ᠡ ᠣᠷᠴᠢᠭᠤᠯᠵᠠᠢ᠃ 2014 ᠣᠨ ᠳᠤ ︽ᠶᠡᠭᠡ ᠵᠠᠰᠠᠭ︾ ᠬᠠᠤᠯᠢ᠂ ︽ᠠᠷᠪᠠᠨ ᠪᠣᠶᠠᠨᠳᠣ ᠨᠣᠮ ᠤᠨ ᠴᠠᠭᠠᠨ ᠲᠡᠣᠬᠡ︾ ᠵᠡᠷᠭᠡ ᠪᠦᠲᠦᠭᠡᠯ ᠤᠳ ᠢ ᠣᠩᠭᠠᠷ ᠬᠡᠯᠡᠨ᠎ᠡ ᠬᠦᠷᠪᠡᠭᠦᠯᠵᠠᠢ᠃ ᠳ᠋ᠣᠺᠲ᠋ᠣᠷ ᠣ᠂ ᠪᠤᠷᠪᠠᠯᠠ ᠨᠢ ᠳ᠋ᠠᠨᠮᠠᠷᠺ ᠣᠯᠤᠰ ᠤᠨ ᠳᠣᠮᠳᠠᠳᠣ ᠠᠽᠢᠶ᠎ᠠ ᠰᠣᠳᠣᠯᠭᠠᠨ ᠤ ᠲᠦᠪ᠂ ᠺᠧᠮᠪᠧᠷᠢᠵᠢ ᠶᠢᠨ ᠶᠡᠭᠡ ᠰᠣᠷᠭᠠᠭᠤᠯᠢ ᠶᠢᠨ ᠳᠣᠮᠳᠠᠳᠣ ᠠᠽᠢᠶ᠎ᠠ ᠶᠢᠨ ᠰᠣᠳᠣᠯᠭᠠᠨ ᠤ ᠲᠦᠪ ᠤᠨ ᠭᠡᠰᠢᠭᠦᠨ ᠶᠤᠮ ᠪᠠᠶᠢᠨ᠎ᠠ᠃ ᠢᠷᠡᠯᠲᠡ᠄ ᠬᠤᠯᠪᠤᠭ᠎ᠠ ᠰᠦᠯᠵᠢᠶ᠎ᠡ
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号