ᠰᠢᠷ᠎ᠠ ᠨᠣᠬᠠᠢ ᠵᠢᠯ  ᠤᠨ ᠲᠠᠪᠣᠨ ᠵᠠᠭᠤᠨ ᠯᠠᠩ ᠲᠡᠭᠡᠭᠰᠢᠯᠡᠬᠦᠯᠬᠦ ᠲᠠᠶᠢᠯᠭ᠎ᠠ  ᠶᠢ ᠴᠢᠩᠭᠢᠰ ᠬᠠᠭᠠᠨ  ᠤ ᠣᠩᠭᠤᠨ ᠳᠤ ᠲᠡᠯᠬᠡᠷᠡᠩᠬᠦᠢ ᠶᠡᠭᠡ ᠪᠠᠷ ᠬᠢᠪᠠ
ᠨᠡᠶᠢᠲᠡᠯᠡᠭᠰᠡᠨ ᠴᠠᠭ᠄
2018-03-20
      ᠠᠷᠭ᠎ᠠ ᠶᠢᠨ ᠣᠯᠠᠷᠢᠯ ᠤᠨ 2018 ᠣᠨ ᠤ 3 ᠳ᠋ᠣᠭᠠᠷ ᠰᠠᠷ᠎ᠠ ᠶᠢᠨ 19 ᠤ ᠡᠳᠦᠷ᠂ ᠪᠢᠯᠢᠭ ᠤᠨ ᠣᠯᠠᠷᠢᠯ ᠤᠨ ᠰᠢᠷ᠎ᠠ ᠨᠣᠬᠠᠢ ᠵᠢᠯ ᠤᠨ ᠬᠤᠶᠠᠷ ᠰᠠᠷ᠎ᠠ ᠶᠢᠨ ᠰᠢᠨ᠎ᠠ ᠶᠢᠨ ᠭᠤᠷᠪᠠᠨ ︵ᠣᠷᠳᠣᠰ ᠲᠣᠭᠠᠯᠠᠯ ᠤᠨ ᠲᠠᠪᠣᠨ ᠰᠠᠷ᠎ᠠ ᠶᠢᠨ ᠰᠢᠨ᠎ᠠ ᠶᠢᠨ ᠭᠤᠷᠪᠠᠨ︶ ᠤ ᠶᠢᠰᠦᠨ ᠴᠠᠭ ᠲᠤ ᠣᠯᠠᠮᠵᠢᠯᠠᠯᠳᠣ ᠲᠠᠪᠣᠨ ᠵᠠᠭᠤᠨ ᠯᠠᠩ ᠲᠡᠭᠡᠭᠰᠢᠯᠡᠬᠦᠯᠬᠦ ᠲᠠᠶᠢᠯᠭ᠎ᠠ ᠶᠢ ᠴᠢᠩᠭᠢᠰ ᠬᠠᠭᠠᠨ ᠤ ᠣᠩᠭᠤᠨ ᠤ ᠠᠭᠤᠷᠠᠭ ᠣᠷᠳᠣᠨ ᠳᠤ ᠲᠡᠯᠬᠡᠷᠡᠩᠬᠦᠢ ᠶᠡᠭᠡ ᠪᠠᠷ ᠬᠢᠪᠠ᠃ ᠴᠢᠩᠭᠢᠰ ᠬᠠᠭᠠᠨ ᠤ ᠣᠩᠭᠤᠨ ᠤ ᠵᠢᠭᠤᠯᠴᠢᠯᠠᠯ ᠤᠨ ᠣᠷᠣᠨ ᠤ ᠬᠠᠮᠢᠶᠠᠷᠣᠯᠳᠠ ᠶᠢᠨ ᠵᠦᠪᠯᠡᠯ ᠤᠨ ᠬᠠᠮᠢᠶ᠎ᠠ ᠪᠦᠬᠦᠢ ᠣᠳᠣᠷᠢᠳᠣᠯᠭ᠎ᠠ ᠪᠣᠯᠣᠨ ᠺᠠᠳ᠋ᠷ ᠠᠵᠢᠯᠳᠠᠳ ᠬᠢᠬᠡᠳ ᠣᠶᠢᠷ᠎ᠠ ᠣᠷᠴᠢᠮ ᠤᠨ ᠮᠦᠷᠬᠦᠯᠴᠢᠳ ᠲᠠᠶᠢᠯᠭ᠎ᠠ ᠳᠤ ᠣᠷᠣᠯᠴᠠᠵᠦ᠂ ᠴᠢᠩᠭᠢᠰ ᠬᠠᠭᠠᠨ ᠤ ᠣᠩᠭᠤᠨ ᠰᠢᠲᠦᠬᠡᠨ ᠢ ᠰᠠᠬᠢᠭᠴᠢ ᠲᠠᠷᠬᠠᠳ ᠶᠠᠮᠣᠳᠠᠳ ᠠᠴᠠ ᠲᠠᠶᠢᠯᠭ᠎ᠠ ᠶᠢ ᠡᠷᠬᠢᠯᠡᠨ᠂ ᠵᠢᠷᠣᠮ ᠶᠣᠰᠣ ᠶᠢ ᠬᠦᠢᠴᠡᠳᠬᠡᠵᠡᠢ᠃ ᠲᠠᠪᠣᠨ ᠵᠠᠭᠤᠨ ᠯᠠᠩ ᠲᠡᠭᠡᠭᠰᠢᠯᠡᠬᠦᠯᠬᠦ ᠲᠠᠶᠢᠯᠭ᠎ᠠ ᠨᠢ ᠴᠠᠭᠠᠨ ᠰᠠᠷ᠎ᠠ  ᠶᠢᠨ ᠰᠢᠨ᠎ᠠ ᠶᠢᠨ ᠨᠢᠬᠡᠨ ᠳᠤ ᠪᠣᠭᠳᠠ ᠡᠵᠡᠨ᠂ ᠬᠠᠳᠣᠨ ᠡᠬᠡ ᠶᠢᠨ ᠬᠡᠬᠡᠨ ᠰᠦᠨᠡᠰᠦᠨ ᠤ ᠡᠮᠦᠨ᠎ᠠ ᠵᠠᠰᠠᠭᠰᠠᠨ ᠰᠢᠨ᠎ᠠ  ᠶᠢᠨ ᠲᠡᠭᠡᠵᠢ ᠶᠢ ᠲᠡᠭᠡᠭᠰᠢᠯᠡᠬᠦᠯᠦᠨ ᠪᠠᠭᠤᠯᠭᠠᠬᠤ ᠪᠠᠷ ᠠᠭᠤᠯᠭ᠎ᠠ ᠪᠠᠨ ᠪᠣᠯᠭᠠᠵᠦ᠂ ᠰᠠᠩ ᠲᠠᠯᠪᠢᠨ ︽ᠡᠵᠡᠨ ᠰᠠᠩ︾ ᠂ ︽ᠰᠦᠯᠳᠡ ᠶᠢᠨ ᠰᠠᠩ︾ ᠣᠩᠰᠢᠬᠤ᠂ ᠨᠢᠨᠳᠠᠷ ᠤᠨ ᠲᠠᠭᠠᠳᠬᠠᠯ ᠬᠢᠬᠦ᠂ ᠵᠣᠯᠨ ᠶᠢᠨ ᠲᠠᠭᠠᠳᠬᠠᠯ ᠬᠢᠬᠦ᠂ ᠦᠳᠬᠡ ᠶᠢᠨ ᠲᠠᠭᠠᠳᠬᠠᠯ ᠬᠢᠬᠦ᠂ ᠦᠴᠢᠭ ᠦᠴᠢᠬᠦ᠂ ᠲᠡᠭᠷᠢ ᠶᠢᠨ ᠲᠠᠭᠤᠣ ᠲᠠᠭᠤᠯᠠᠨ ᠲᠠᠪᠢᠭ ᠲᠠᠯᠪᠢᠬᠤ ᠵᠡᠷᠭᠡ ᠲᠠᠶᠢᠯᠭ᠎ᠠ ᠶᠢᠨ ᠲᠡᠰ ᠲᠠᠷᠠᠭ᠎ᠠ ᠪᠠᠷ ᠶᠠᠪᠣᠭᠳᠠᠨ᠂ ᠲᠠᠶᠢᠯᠭ᠎ᠠ ᠲᠡᠬᠦᠰᠦᠭᠰᠡᠨ ᠤ ᠲᠠᠷᠠᠭ᠎ᠠ ᠲᠠᠷᠬᠠᠳ ᠪᠣᠯᠣᠨ ᠮᠦᠷᠬᠦᠯᠴᠢᠳ ᠲᠡᠭᠡᠭᠰᠢᠯᠡᠬᠦᠯᠦᠭᠰᠡᠨ ᠲᠠᠪᠣᠨ ᠯᠠᠩ ᠤᠨ ᠲᠡᠭᠡᠵᠢ ᠶᠢ ᠬᠡᠰᠢᠭ ᠬᠤᠪᠢ ᠪᠣᠯᠭᠠᠨ ᠬᠦᠷᠳᠡᠵᠡᠬᠡᠳᠡᠭ᠃      ᠴᠢᠩᠭᠢᠰ ᠬᠠᠭᠠᠨ ᠤ ᠨᠠᠢᠮᠠᠨ ᠴᠠᠭᠠᠨ ᠣᠷᠳᠣ ᠪᠣᠯᠣᠨ ᠰᠦᠯᠳᠡ ᠶᠢᠨ ᠲᠠᠶᠢᠯᠭ᠎ᠠ ᠶᠢ ᠵᠢᠯ ᠳᠤ ᠬᠡᠳᠦᠨ ᠠᠷᠪᠠ ᠣᠳᠠᠭ᠎ᠠ ᠬᠢᠳᠡᠭ᠃ ᠲᠡᠬᠦᠨᠴᠢᠯᠡᠨ ᠲᠣᠭᠳᠠᠭᠠᠯ ᠶᠣᠰᠣᠭᠠᠷ ᠴᠣᠮᠴᠤᠭ ᠣᠷᠳᠣ ᠪᠣᠯᠣᠨ ᠰᠢᠲᠦᠬᠡᠨ ᠢ ᠦᠷᠬᠦᠯᠵᠢ ᠰᠢᠨᠡᠳᠬᠡᠳᠡᠭ᠃ ᠨᠢᠬᠡ ᠵᠢᠯ ᠤᠨ ᠲᠠᠶᠢᠯᠭ᠎ᠠ ᠳᠤ ᠬᠡᠷᠡᠭᠰᠡᠬᠦ ᠲᠠᠪᠢᠯᠭ᠎ᠠ᠂ ᠲᠣᠨᠤᠭ ᠲᠦᠬᠦᠬᠡᠷᠦᠮᠵᠢ ᠶᠢ ᠵᠠᠰᠠᠨ ᠲᠣᠩᠭᠠᠬᠤ᠂ ᠰᠢᠨᠡᠳᠬᠡᠬᠦ ᠵᠡᠷᠬᠡ ᠳᠤ ᠪᠠᠭ᠎ᠠ ᠪᠣᠰᠣ ᠵᠠᠷᠣᠳᠠᠯ ᠬᠡᠷᠡᠭᠯᠡᠳᠡᠭ᠃ 1696 ᠣᠨ ᠳᠤ ᠲᠠᠪᠣᠨ ᠵᠠᠭᠤᠨ ᠡᠷᠦᠬᠡ ᠲᠠᠷᠬᠠᠳ ᠲᠠᠬᠢᠨ ᠪᠣᠢ ᠪᠣᠯᠬᠤ ᠦᠶ᠎ᠡ ᠳᠤ ᠮᠠᠨᠵᠦ ᠴᠢᠩ ᠤᠨ ᠶᠡᠭᠡ ᠵᠣᠷᠭᠠᠨ ᠠᠴᠠ ᠲᠡᠳᠡᠨ ᠳᠤ ᠴᠡᠷᠢᠭ ᠤᠨ ᠠᠯᠪᠠ᠂ ᠭᠠᠶᠢᠯᠢ ᠲᠠᠳᠠᠪᠣᠷᠢ ᠶᠢ ᠬᠡᠯᠳᠦᠷᠢᠬᠦᠯᠬᠦ ᠣᠨᠴᠨ ᠡᠷᠬᠡ ᠶᠢ ᠣᠯᠭᠤᠬᠤ ᠶᠢᠨ ᠲᠠᠭᠠᠣ ᠲᠠᠷᠬᠠᠳ ᠤᠨ ᠡᠷᠦᠬᠡ ᠪᠦᠷᠢ ᠳᠤ ᠨᠢᠬᠡ ᠯᠠᠩ ᠮᠦᠩᠬᠦ᠂ ᠲᠠᠪᠣᠨ ᠵᠠᠭᠤᠨ ᠡᠷᠦᠬᠡ ᠪᠦᠬᠦᠳᠡ ᠲᠠᠪᠣᠨ ᠵᠠᠭᠤᠨ ᠯᠠᠩ ᠮᠦᠩᠬᠦ ᠴᠣᠭᠯᠠᠭᠤᠯᠣᠨ ᠴᠢᠩᠭᠢᠰ ᠬᠠᠭᠠᠨ ᠤ ᠲᠠᠶᠢᠯᠭ᠎ᠠ ᠶᠢᠨ ᠶᠠᠪᠣᠳᠠᠯ ᠳᠤ ᠵᠠᠷᠣᠴᠠᠭᠤᠯᠬᠤ ᠶᠢ ᠲᠣᠭᠳᠠᠭᠠᠭᠰᠠᠨ ᠪᠠᠶᠢᠨ᠎ᠠ᠃ ᠡᠨᠡ ᠨᠢ ᠲᠠᠷᠣᠢ ᠲᠡᠣᠬᠡᠨ ᠳᠤ ᠪᠣᠢ ᠪᠣᠯᠣᠭᠰᠠᠨ ︽ᠲᠠᠪᠣᠨ ᠵᠠᠭᠤᠨ ᠯᠠᠩ︾ ᠪᠣᠯᠣᠨ᠎ᠠ᠃ ᠲᠠᠷᠬᠠᠳ ᠤᠨ ᠴᠣᠭᠯᠠᠭᠤᠯᠣᠭᠰᠠᠨ ᠲᠠᠪᠣᠨ ᠵᠠᠭᠤᠨ ᠯᠠᠩ ᠮᠦᠩᠬᠦ ᠨᠢ ᠨᠠᠢᠮᠠᠨ ᠴᠠᠭᠠᠨ ᠣᠷᠳᠣ ᠪᠣᠯᠣᠨ ᠰᠦᠯᠳᠡ ᠶᠢᠨ ᠲᠠᠶᠢᠯᠭ᠎ᠠ ᠶᠢᠨ ᠵᠠᠷᠣᠳᠠᠯ ᠢ ᠦᠨᠳᠦᠰᠦᠨ  ᠳᠤ ᠪᠠᠨ ᠰᠢᠢᠳᠪᠣᠷᠢᠯᠡᠪᠠ᠃ ᠨᠠᠢᠮᠠᠨ ᠴᠠᠭᠠᠨ ᠣᠷᠳᠣ ᠪᠣᠯᠣᠨ ᠰᠦᠯᠳᠡ ᠶᠢ ᠵᠠᠰᠠᠨ ᠰᠢᠨᠡᠳᠬᠡᠬᠦ ᠨᠡᠩ ᠠᠷᠪᠢᠨ ᠵᠠᠷᠣᠳᠠᠯ ᠢ ᠡᠯ᠎ᠡ ᠬᠤᠰᠢᠭᠤᠨ ᠳᠤ ᠠᠯᠪᠠ ᠪᠠᠭᠤᠯᠭᠠᠬᠤ ᠪᠣᠶᠣ ᠲᠠᠷᠬᠠᠳ ᠪᠠᠳᠢᠷ ᠪᠠᠷᠢᠬᠤ ᠪᠠᠷ ᠰᠢᠢᠳᠪᠣᠷᠢᠯᠡᠳᠡᠭ ᠪᠠᠶᠢᠪᠠ᠃ ᠲᠠᠪᠣᠨ ᠵᠠᠭᠤᠨ ᠯᠠᠩ ᠮᠦᠩᠬᠦ ᠶᠢ ᠭᠤᠣᠯᠳᠠᠭᠤ ᠶᠡᠷᠦ ᠶᠢᠨ ᠦᠶ᠎ᠡ ᠶᠢᠨ ᠲᠠᠶᠢᠯᠭ᠎ᠠ ᠶᠢᠨ ᠮᠠᠯ᠂ ᠵᠣᠯᠨ ᠶᠢᠨ ᠲᠣᠰᠣ ᠵᠡᠷᠭᠡ ᠵᠣᠶᠢᠯᠡᠰ ᠪᠠ ᠴᠣᠮᠴᠤᠭ ᠣᠷᠳᠣ ᠶᠢᠨ ᠪᠦᠷᠢᠶᠡᠰᠦ ᠶᠢ ᠰᠣᠯᠢᠬᠤ ᠵᠡᠷᠭᠡ ᠳᠤ ᠬᠡᠷᠡᠭᠯᠡᠵᠦ ᠪᠠᠶᠢᠪᠠ᠃ ᠡᠬᠦᠨ ᠢ ᠦᠬᠡᠷ᠎ᠡ ᠶᠠᠭᠤᠮᠠᠨ ᠳᠤ ᠬᠡᠷᠡᠭᠯᠡᠵᠦ ᠪᠣᠯᠳᠠᠭ ᠦᠬᠡᠢ ᠪᠠᠶᠢᠵᠡᠢ᠃ ᠴᠠᠭᠠᠨ ᠰᠠᠷ᠎ᠠ ᠶᠢᠨ ᠰᠢᠨ᠎ᠠ ᠶᠢᠨ ᠨᠢᠬᠡᠨ ᠤ ᠲᠠᠶᠢᠯᠭ᠎ᠠ ᠶᠢ ᠲᠦᠷᠦᠬᠦᠦ ᠵᠢᠯ ᠤᠨ ᠬᠢᠨᠢ ᠲᠠᠪᠣᠨ ᠵᠠᠭᠤᠨ ᠯᠠᠩ ᠮᠦᠩᠬᠦᠨ ᠤ ᠦᠯᠡᠳᠡᠪᠦᠷᠢ ᠶᠢ ᠪᠦᠬᠦᠨ ᠢ ᠬᠡᠷᠡᠭᠯᠡᠨ ᠪᠡᠯᠡᠳᠬᠡᠳᠡᠭ᠃ ᠡᠶᠢᠮᠦ ᠶᠢᠨ ᠲᠣᠯᠠᠳᠠ ᠴᠠᠭᠠᠨ ᠰᠠᠷ᠎ᠠ ᠶᠢᠨ ᠰᠢᠨ᠎ᠡ ᠶᠢᠨ ᠨᠢᠬᠡᠨ ᠤ ᠲᠠᠶᠢᠯᠭ᠎ᠠ ᠶᠢ ᠪᠠᠰᠨ ︽ᠲᠠᠪᠣᠨ ᠵᠠᠭᠤᠨ ᠯᠠᠩ︾ ᠬᠡᠮᠡᠨ ᠨᠡᠷᠡᠯᠡᠳᠡᠭ᠃ ᠲᠠᠪᠣᠨ ᠵᠠᠭᠤᠨ ᠯᠠᠩ ᠢᠶᠠᠷ ᠪᠡᠯᠡᠳᠬᠡᠨ ᠵᠠᠰᠠᠭᠰᠠᠨ ᠰᠢᠨ᠎ᠠ ᠶᠢᠨ ᠨᠢᠬᠡᠨ ᠤ ᠲᠡᠬᠡᠵᠢ ᠢᠳᠡᠭᠡᠨ ᠢᠶᠠᠨ ᠪᠢᠯᠢᠭ ᠤᠨ ᠬᠤᠶᠠᠷ ᠰᠠᠷ᠎ᠠ ᠶᠢᠨ ᠰᠢᠨ᠎ᠠ ᠶᠢᠨ ᠭᠤᠷᠪᠠᠨ ᠪᠣᠯᠪᠠᠯ ᠲᠣᠰᠬᠠᠢ ᠲᠠᠶᠢᠯᠭ᠎ᠠ ᠬᠢᠵᠦ ᠲᠡᠭᠡᠭᠰᠢᠯᠡᠬᠦᠯᠳᠡᠭ᠃ ᠡᠬᠦᠨ ᠢ ︽ᠲᠠᠪᠣᠨ ᠵᠠᠭᠤᠨ ᠯᠠᠩ ᠲᠡᠭᠡᠭᠰᠢᠯᠡᠬᠦᠯᠬᠦ ᠲᠠᠶᠢᠯᠭ᠎ᠠ︾ ᠬᠡᠮᠡᠳᠡᠭ᠃      ᠲᠠᠪᠣᠨ ᠵᠠᠭᠤᠨ ᠯᠠᠩ ᠲᠡᠭᠡᠭᠰᠢᠯᠡᠬᠦᠯᠬᠦ ᠲᠠᠶᠢᠯᠭ᠎ᠠ ᠨᠢ ᠴᠢᠩᠭᠢᠰ ᠬᠠᠭᠠᠨ ᠤ ᠪᠣᠢ ᠪᠦᠬᠦᠢ ᠲᠠᠶᠢᠯᠭ᠎ᠠ ᠲᠠᠬᠢᠯᠭ᠎ᠠ  ᠲᠠᠢ ᠬᠦᠨ ᠬᠠᠷᠢᠴᠠᠭ᠎ᠠ ᠬᠤᠯᠪᠣᠭ᠎ᠠ ᠲᠠᠢ ᠪᠠᠷ ᠦᠯᠦ ᠪᠠᠷᠠᠨ ᠲᠠᠪᠣᠨ ᠵᠠᠭᠤᠨ ᠡᠷᠦᠬᠡ ᠰᠢᠷ᠎ᠠ ᠲᠠᠷᠬᠠᠳ ᠬᠡᠮᠡᠨ ᠲᠡᠣᠬᠡᠨ ᠳᠤ ᠠᠯᠳᠠᠷᠰᠢᠭᠰᠠᠨ ᠰᠢᠲᠦᠬᠡᠨ ᠰᠠᠬᠢᠭᠴᠢ ᠲᠠᠷᠬᠠᠳ ᠶᠠᠮᠣᠳᠠᠳ ᠤᠨ ᠦᠣᠬᠡ ᠲᠡᠣᠬᠡ᠂ ᠡᠬᠦᠷᠬᠡ ᠠᠯᠪᠠ  ᠲᠠᠢ ᠴᠣ᠋ ᠰᠠᠯᠵᠦ ᠪᠣᠯᠣᠰᠢ ᠦᠬᠡᠢ ᠬᠤᠯᠪᠣᠭ᠎ᠠ ᠲᠠᠢ ᠪᠢᠯᠨ᠃
 
ᠢᠷᠡᠯᠲᠡ᠄ ᠮᠣᠩᠭᠤᠯ ᠷᠠᠳᠢᠣ᠋ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号