ᠲᠤᠮᠳᠠᠳᠤ ᠤᠯᠤᠰ ᠤᠨ ᠲᠡᠤᠬᠡ ᠶᠢᠨ ᠤᠬᠠᠭᠠᠨ ᠮᠠᠰᠢᠳᠠ ᠬᠦᠭᠵᠢᠵᠤ᠂ ᠤᠤᠯ ᠠᠴᠠ ᠲᠡᠤᠬᠡ ᠶᠢᠨ ᠲᠤᠯᠭᠤᠷ | ᠪᠢᠴᠢᠭ ᠪᠦᠷᠢᠨ ᠭᠦᠢᠴᠡᠳ ᠪᠠᠶᠢᠳᠠᠭ ᠢᠶᠠᠷ ᠢᠶᠠᠨ ᠠᠯᠳᠠᠷ ᠲᠠᠢ ᠶᠤᠮ᠃ ᠲᠦᠪ ᠲᠡᠤᠬᠡ ᠶᠢᠨ ᠪᠢᠴᠢᠭ ᠲᠤ ᠨᠢᠭᠡ ᠨᠤᠮ | ᠶᠡᠭᠡ ᠤᠨᠴᠠᠭᠠᠢ ᠬᠠᠷᠠᠭᠳᠠᠨ᠎ᠠ᠂ ᠡᠨᠡ ᠪᠤᠯ ᠲᠠᠷᠤᠢ ᠺᠧ ᠱᠤᠤ ᠮᠢᠨ ︵柯劭忞︶ ᠤ ᠭᠠᠭᠴᠠᠭᠠᠷ ᠢᠶᠠᠨ | ᠨᠠᠶᠢᠷᠠᠭᠤᠯᠤᠭᠰᠠᠨ ︽ᠰᠢᠨ᠎ᠡ ᠶᠤᠸᠠᠨ ᠤᠯᠤᠰ ᠤᠨ ᠲᠡᠤᠬᠡ︾ ᠪᠤᠯᠤᠨ᠎ᠠ᠃ ᠤᠯᠠᠨ ᠲᠤᠰᠬᠠᠢ ᠮᠡᠷᠭᠡᠵᠢᠯᠳᠡᠨ ᠬᠦᠴᠦ | ᠬᠠᠮᠳᠤᠷᠠᠨ ᠲᠠᠪᠤᠨ ᠵᠢᠯ ᠬᠡᠷᠡᠭᠰᠡᠵᠤ ᠲᠤᠯᠭᠠᠨ ᠬᠠᠷᠭᠤᠭᠤᠯᠤᠭᠰᠠᠨ ᠡᠮᠬᠢᠳᠭᠡᠯ ᠲᠡᠪᠲᠡᠷ ︽ᠰᠢᠨ᠎ᠡ ᠶᠤᠸᠡᠨ | ᠤᠯᠤᠰ ᠤᠨ ᠲᠡᠤᠬᠡ︾ ᠶᠢ ᠤᠶᠢᠷ᠎ᠡ ᠳᠤ ᠡᠷᠳᠡᠨ ᠤ ᠲᠤᠯᠭᠤᠷ ᠪᠢᠴᠢᠭ ᠤᠨ ᠬᠡᠪᠯᠡᠯ ᠤᠨ ᠬᠤᠷᠢᠶ᠎ᠡ ᠠᠴᠠ ᠬᠡᠪᠯᠡᠭᠦᠯᠪᠡ᠃ | | ︽ᠰᠢᠨ᠎ᠡ ᠶᠤᠸᠡᠨ ᠤᠯᠤᠰ ᠤᠨ ᠲᠡᠤᠬᠡ︾ ᠪᠤᠯ ︽ᠶᠤᠸᠡᠨ ᠤᠯᠤᠰ ᠤᠨ ᠲᠡᠤᠬᠡ︾ ᠶᠢᠨ ᠰᠠᠭᠤᠷᠢ ᠲᠡᠭᠡᠷ᠎ᠡ | ᠪᠤᠢ ᠪᠤᠯᠤᠭᠰᠠᠨ ᠶᠤᠮ᠃ ᠲᠡᠮᠲᠡᠭᠯᠡᠯ ᠢ ᠦᠨᠳᠦᠰᠤᠯᠡᠪᠡᠯ᠂ ᠮᠢᠩ ᠤᠯᠤᠰ ᠤᠨ ᠦᠶ᠎ᠡ ᠳᠤ ︽ᠶᠤᠸᠡᠨ ᠤᠯᠤᠰ ᠤᠨ | ᠲᠡᠤᠬᠡ︾ ᠶᠢ ᠨᠠᠶᠢᠷᠠᠭᠤᠯᠬᠤ ᠳᠤ ᠤᠷᠤᠯᠴᠠᠭᠰᠠᠨ ᠬᠦᠮᠦᠨ ᠨᠢ ᠮᠤᠩᠭᠤᠯ ᠦᠭᠡ ᠰᠠᠶᠢᠨ ᠮᠡᠳᠡᠬᠦ ᠦᠭᠡᠢ᠂ ᠶᠤᠸᠡᠨ | ᠤᠯᠤᠰ ᠤᠨ ᠪᠢᠴᠢᠭ ᠰᠤᠳᠤᠷ᠂ ᠬᠠᠤᠯᠢ ᠴᠠᠭᠠᠵᠠ᠂ ᠲᠡᠤᠬᠡ ᠶᠢᠨ ᠲᠤᠷᠡᠰᠬᠠᠯᠳᠤ ᠵᠦᠢᠯᠡᠰ ᠢ ᠲᠡᠮᠢ ᠤᠶᠢᠯᠠᠭᠠᠬᠤ | ᠦᠭᠡᠢ᠂ ᠠᠵᠢᠯ ᠨᠢ ᠠᠯᠠᠩ ᠰᠠᠯᠠᠩ ᠪᠠᠶᠢᠭᠰᠠᠨ ᠤᠴᠢᠷ ᠠᠴᠠ ᠮᠠᠰᠢ ᠤᠯᠠᠨ ᠠᠯᠳᠠᠭ᠎ᠠ ᠲᠠᠰᠢᠶ᠎ᠠ ᠭᠠᠷᠭᠠᠪᠠ᠃ ︽ | ᠶᠤᠸᠡᠨ ᠤᠯᠤᠰ ᠤᠨ ᠲᠡᠤᠬᠡ︾ ᠬᠡᠪᠯᠡᠭᠳᠡᠮᠡᠭᠴᠡ ᠬᠦᠮᠦᠰ ᠲᠤ ᠵᠢᠮᠡᠯᠡᠭᠳᠡᠪᠡ᠃ ᠴᠢᠩ ᠤᠯᠤᠰ ᠲᠤ ᠤᠷᠤᠭᠰᠠᠨ ᠤ | ᠲᠡᠷᠠᠭ᠎ᠠ᠂ ᠡᠷᠳᠡᠮᠳᠡᠳ ᠲᠡᠰᠤᠷᠡᠯᠳᠠ ᠦᠭᠡᠢ ᠨᠦᠬᠦᠪᠦᠷᠢᠯᠡᠵᠤ᠂ ᠶᠤᠸᠡᠨ ᠤ ᠲᠡᠤᠬᠡ ᠶᠢ ᠰᠢᠨᠵᠢᠯᠡᠨ ᠨᠤᠳᠠᠯᠠᠵᠤ | ᠡᠬᠢᠯᠡᠪᠡ᠃ ᠺᠧ ᠱᠤᠤ ᠮᠢᠨ ᠤ ︽ᠰᠢᠨ᠎ᠡ ᠶᠤᠸᠡᠨ ᠤᠯᠤᠰ ᠤᠨ ᠲᠡᠤᠬᠡ︾ ᠪᠤᠯ ᠲᠡᠳᠡᠭᠡᠷ ᠪᠦᠳᠦᠮᠵᠢ ᠶᠢᠨ ᠶᠡᠭᠡ | ᠬᠤᠷᠢᠶᠠᠩᠭᠤᠢ ᠮᠦᠨ᠃ ᠺᠧ ᠱᠤᠤ ᠮᠢᠨ᠂ ᠴᠢᠩ ᠤᠯᠤᠰ ᠤᠨ ᠪᠠᠳᠠᠷᠠᠭᠤᠯᠳᠤ ᠲᠦᠷᠦ ᠶᠢᠨ ᠠᠷᠪᠠᠨ ᠬᠤᠶᠠᠷ ᠤᠨ ᠤ | ᠤᠷᠤᠭᠰᠠᠳ᠂ ᠴᠢᠩ ᠤᠯᠤᠰ ᠤᠨ ᠲᠡᠤᠬᠡ ᠪᠢᠴᠢᠯᠭᠡ ᠶᠢᠨ ᠤᠷᠳᠤᠨ ᠤ ᠶᠡᠷᠦᠩᠬᠡᠢ ᠨᠠᠶᠢᠷᠠᠭᠤᠯᠤᠭᠴᠢ ᠮᠦᠨ᠃ | ᠨᠤᠳᠠᠯᠠᠯ ᠢ ᠦᠨᠳᠦᠰᠦᠯᠡᠪᠡᠯ᠂ ᠺᠧ ᠱᠤᠤ ᠮᠢᠨ ᠡᠨᠡ ᠨᠤᠮ ᠢ ᠪᠢᠴᠢᠬᠦ ᠳᠤ ᠪᠠᠨ ᠨᠠᠶ᠋ᠮᠠᠨ ᠮᠢᠩᠭᠠᠨ ᠪᠤᠳᠢ | ᠪᠦᠬᠦᠢ ︽ᠶᠦᠩᠯᠦ ᠶᠡᠭᠡ ᠲᠤᠯᠢ︾ ᠶᠢ ᠤᠯᠠᠨᠳᠠ ᠤᠷᠪᠠᠭᠤᠯᠵᠤ᠂ ᠪᠠᠰᠠ ᠦᠷᠦᠨᠡᠳᠠᠬᠢᠨ ᠤ ᠲᠡᠤᠬᠡ ᠶᠢᠨ ᠮᠠᠲ᠋ᠧᠷᠢᠶᠠᠯ | ᠪᠠ ᠴᠢᠩ ᠤᠯᠤᠰ ᠤᠨ ᠴᠢᠶᠠᠨ ᠳ᠋ᠠ ᠰᠢᠨ ︵钱大忻︶ ᠠᠴᠠ ᠨᠠᠭᠠᠰᠢᠬᠢ ᠤᠯᠠᠨ ᠡᠷᠳᠡᠮᠳᠡᠨ ᠤ ︽ᠶᠤᠸᠡᠨ | ᠤᠯᠤᠰ ᠤᠨ ᠲᠡᠤᠬᠡ︾ ᠶᠢᠨ ᠰᠤᠳᠤᠯᠤᠯ ᠤᠨ ᠦᠷ᠎ᠡ ᠪᠦᠳᠦᠭᠡᠯ ᠢ ᠯᠠᠪᠯᠠᠯᠳᠠ ᠪᠤᠯᠭᠠᠪᠠ᠃ ︽ᠰᠢᠨ᠎ᠡ ᠶᠤᠸᠡᠨ | ᠤᠯᠤᠰ ᠤᠨ ᠲᠡᠤᠬᠡ︾ ᠨᠠᠶᠢᠳᠡ 257 ᠪᠤᠳᠢ ᠲᠠᠢ᠂ 20 ᠳ᠋ᠤᠭᠠᠷ ᠵᠠᠭᠤᠨ ᠤ ᠡᠬᠢᠨ ᠳᠤ ᠨᠢᠭᠡᠨᠳᠡ ᠨᠠᠶᠢᠷᠠᠭᠤᠯᠵᠤ | ᠲᠠᠭᠤᠰᠬᠠᠪᠠ᠃ ︽ᠰᠢᠨ᠎ᠡ ᠶᠤᠸᠡᠨ ᠤᠯᠤᠰ ᠤᠨ ᠲᠡᠤᠬᠡ︾ ᠶᠢᠨ ᠬᠠᠮᠤᠭ ᠡᠷᠳᠡᠨ ᠤ ᠪᠠᠷ ᠬᠡᠪᠯᠡᠯ - | ᠬᠤᠷᠭᠤᠯᠵᠢᠨ ᠪᠠᠷ ᠢ 1917 ᠤᠨ ᠳᠤ ᠬᠡᠪᠯᠡᠭᠦᠯᠪᠡ᠃ ᠬᠤᠷᠭᠤᠯᠵᠢᠨ ᠪᠠᠷ ᠤᠨ ᠲᠡᠷᠠᠭ᠎ᠠ᠂ ᠪᠠᠰᠠ 1920 ᠤᠨ ᠤ | ᠲᠦᠢ ᠭᠧᠩ ᠲᠡᠩ ᠤᠨ ᠰᠡᠶᠢᠯᠦᠮᠡᠯ ᠪᠠᠷ᠂ ᠵᠢᠴᠢ ᠴᠠᠭᠠᠨ ᠮᠤᠷᠢᠨ ᠵᠢᠯ ᠤᠨ ᠵᠠᠰᠠᠪᠦᠷᠢ ᠤᠷᠤᠭᠤᠯᠤᠭᠰᠠᠨ ᠲᠡᠪᠳᠡᠷ ᠪᠤᠢ | ᠃ ᠴᠠᠭᠠᠨ ᠮᠤᠷᠢᠨ ᠵᠢᠯ ᠤᠨ ᠲᠡᠪᠳᠡᠷ ᠨᠢ ᠲᠦᠢ ᠭᠧᠩ ᠲᠠᠩ ᠤᠨ ᠲᠡᠪᠳᠡᠷ ᠲᠤ ᠨᠡᠯᠢᠶᠡᠳ ᠠᠷᠪᠢᠨ ᠨᠡᠮᠡᠯᠳᠡ᠂ | ᠵᠠᠰᠠᠪᠤᠷᠢ ᠤᠷᠭᠤᠯᠤᠭᠰᠠᠨ ᠢᠶᠠᠷ᠂ ᠶᠡᠷᠦᠩᠬᠡᠢ ᠲᠡᠭᠡᠷ᠎ᠡ ᠪᠠᠨ ᠡᠮᠦᠨᠡᠬᠢ ᠠᠴᠠ ᠪᠠᠨ ᠰᠠᠶᠢᠨ ᠪᠤᠯᠪᠠ᠃ ᠲᠡᠭᠦᠨ ᠤ | ᠲᠡᠷᠠᠭ᠎ᠠ᠂ ᠺᠠᠢ ᠮᠢᠩ ᠨᠤᠮ ᠤᠨ ᠲᠡᠯᠭᠡᠭᠦᠷ ᠠᠴᠠ ︽ᠬᠤᠷᠢᠨ ᠲᠠᠪᠤᠨ ᠲᠡᠤᠬᠡ︾ ᠶᠢ ᠬᠡᠪᠯᠡᠭᠦᠯᠬᠦ ᠳᠤ ᠪᠠᠨ ︽ᠰᠢᠨ᠎ᠡ | ᠶᠤᠸᠡᠨ ᠤᠯᠤᠰ ᠤᠨ ᠲᠡᠤᠬᠡ︾ ᠶᠢ ᠪᠡᠰᠡ ᠬᠤᠷᠢᠶᠠᠨ ᠤᠷᠤᠭᠤᠯᠵᠡᠢ᠃ ᠤᠤᠷ ᠰᠤᠶᠤᠯ ᠤᠨ ᠶᠡᠭᠡ ᠪᠠᠭᠰᠢᠳᠠᠨ | ᠵᠠᠩ ᠲᠠᠢ ᠶᠠᠨ ︵章太炎︶ ᠪᠠᠷ ᠲᠤᠰ ᠨᠤᠮ ᠢ ᠦᠨᠡᠯᠡᠬᠦ ᠳᠤ ᠪᠠᠨ᠄ ︽ᠺᠧ ᠶᠢᠨ ᠨᠤᠮ ᠪᠠᠶᠠᠯᠢᠭ | ᠠᠭᠤᠯᠭ᠎ᠠ ᠲᠠᠢ᠂ ᠬᠠᠭᠤᠴᠢᠨ ᠲᠡᠤᠬᠡ ᠠᠴᠠ ᠰᠢᠯᠢᠳᠡᠭ᠂ ᠲᠦᠪ ᠲᠡᠤᠬᠡᠨ ᠳᠤ ᠤᠷᠤᠭᠤᠯᠬᠤ ᠳᠤ ᠲᠤᠯᠢᠳᠠᠬᠤ ᠦᠭᠡᠢ︾ | ᠭᠡᠪᠡ᠃ | ᠡᠨᠡ ᠤᠳᠠᠭ᠎ᠠ ᠬᠡᠪᠯᠡᠭᠦᠯᠦᠭᠰᠠᠨ ᠡᠮᠬᠢᠳᠭᠡᠯ ᠪᠠᠷ ︽ᠰᠢᠨ᠎ᠡ ᠶᠤᠸᠡᠨ ᠤᠯᠤᠰ ᠤᠨ ᠲᠡᠤᠬᠡ︾ ᠪᠤᠯ ᠲᠤᠰ | ᠨᠤᠮ ᠤᠨ ᠠᠩᠬᠠᠳᠠᠭᠴᠢ ᠲᠤᠯᠭᠠᠨ ᠬᠠᠷᠭᠤᠭᠤᠯᠤᠭᠰᠠᠨ ᠲᠡᠪᠳᠡᠷ ᠪᠤᠯᠤᠨ᠎ᠠ᠃ ᠲᠡᠷᠡ ᠨᠢ ᠴᠠᠭᠠᠨ ᠮᠤᠷᠢᠨ ᠵᠢᠯ ᠤᠨ | ᠵᠠᠰᠠᠪᠤᠷᠢ ᠤᠷᠤᠭᠤᠯᠤᠭᠰᠠᠨ ᠲᠡᠪᠳᠡᠷ ᠢᠶᠠᠷ ᠡᠬᠡ ᠲᠡᠪᠳᠡᠷ ᠪᠤᠯᠭᠠᠵᠤ᠂ ᠲᠦᠢ ᠭᠧᠩ ᠲᠠᠩ ᠤᠨ ᠰᠠᠶᠢᠯᠦᠮᠡᠯ | ᠲᠡᠪᠳᠡᠷ ᠢᠶᠠᠷ ᠬᠠᠷᠭᠤᠭᠤᠯᠬᠤ ᠲᠡᠪᠳᠡᠷ ᠪᠤᠯᠭᠠᠵᠤ᠂ ︽ᠶᠤᠸᠡᠨ ᠤᠯᠤᠰ ᠤᠨ ᠲᠡᠤᠬᠡ︾᠂ ︽ᠲᠤᠯᠭᠤᠷ ᠪᠢᠴᠢᠭ ᠤᠨ | ᠨᠡᠪᠳᠡᠷᠬᠡᠢ ᠰᠢᠨᠵᠢᠯᠠᠯ ᠤᠨ ᠦᠷᠭᠦᠯᠵᠢᠯᠡᠯ︾᠂ ᠶᠤᠸᠡᠨ ᠤᠯᠤᠰ ᠤᠨ ᠬᠦᠮᠦᠰ ᠤᠨ ᠬᠦᠰᠢᠶ᠎ᠡ ᠨᠠᠮᠳᠠᠷ᠂ ᠵᠤᠬᠢᠶᠠᠯ ᠤᠨ | ᠴᠢᠭᠤᠯᠭᠤᠨ ᠵᠡᠷᠭᠡ ᠶᠢ ᠯᠠᠪᠯᠠᠯᠳᠠ ᠪᠤᠯᠭᠠᠵᠤ᠂ ᠠᠳᠠᠯᠢ ᠪᠤᠰᠤ ᠵᠦᠢᠯ ᠬᠠᠷᠭᠤᠪᠠᠯ᠂ ︽ᠰᠢᠨ᠎ᠡ ᠶᠤᠸᠡᠨ ᠤᠯᠤᠰ ᠤᠨ | ᠲᠡᠤᠬᠡ︾ ᠳᠤ ᠢᠯᠡᠳᠳᠡ ᠪᠤᠷᠤᠭᠤᠳᠠᠭᠰᠠᠨ ᠪᠤᠯ ᠦᠰᠦᠭ ᠪᠢᠴᠢᠭ ᠢ ᠨᠢ ᠵᠤᠬᠢᠰᠲᠡᠢ ᠵᠠᠯᠠᠷᠠᠭᠤᠯᠵᠤ᠂ ᠡᠰᠡ ᠪᠤᠯ | ᠦᠯᠦ ᠵᠠᠰᠠᠯᠳᠠ ᠬᠢᠵᠤ᠂ ᠠᠯᠢ ᠴᠢᠳᠠᠬᠤ ᠪᠠᠷ ︽ᠰᠢᠨ᠎ᠡ ᠶᠤᠸᠡᠨ ᠤᠯᠤᠰ ᠤᠨ ᠲᠡᠤᠬᠡ︾ ᠶᠢᠨ ᠤᠭ ᠲᠦᠷᠰᠦ ᠶᠢ | ᠬᠠᠳᠠᠭᠠᠯᠠᠪᠠ᠃ ︵ᠬᠢᠳᠠᠳ ︽ᠵᠤᠬᠢᠶᠠᠯ ᠰᠢᠭᠦᠮᠡᠭ ᠰᠤᠨᠢᠨ︾ ᠠᠴᠠ ᠶᠤᠨᠳᠤᠨ ᠨᠠᠶᠢᠷᠠᠭᠤᠯᠤᠨ ᠤᠷᠴᠢᠭᠤᠯᠪᠠ︶ |