ᠤᠢᠢᠷ᠎ᠠ ᠳᠤ᠂ ᠥᠪᠥᠷ ᠮᠣᠩᠭᠤᠯ ᠤᠷᠤᠨ ᠤ ᠤᠷᠭᠤᠮᠠᠯ ᠤᠨ ᠰᠤᠳᠤᠯᠤᠯ ᠤᠨ ᠨᠡᠷᠡᠳᠦ ᠡᠷᠳᠡᠮᠳᠡᠨ | ᠦᠨᠳᠦᠰᠦ ᠭᠤᠸᠠᠢ ᠶᠢᠨ ᠡᠮᠬᠢᠳᠬᠡᠨ ᠨᠠᠶᠢᠷᠠᠭᠤᠯᠤᠭᠰᠠᠨ ︽︿ᠬᠠᠭᠠᠨ ᠤ ᠪᠢᠴᠢᠭᠰᠡᠨ ᠲᠠᠪᠤᠨ ᠵᠦᠢᠯ ᠤᠨ | ᠦᠰᠦᠭ ᠢᠶᠠᠷ ᠬᠠᠪᠰᠤᠷᠤᠭᠰᠠᠨᠮᠠᠨᠵᠦ ᠦᠬᠡᠨ ᠤ ᠲᠤᠯᠢ ᠪᠢᠴᠢᠭ﹀ ᠤᠨ ᠤᠷᠭᠤᠮᠠᠯ ᠤᠨ ᠨᠡᠷᠡᠰ ᠤᠨ ᠰᠤᠳᠤᠯᠤᠯ︾ | ᠬᠡᠬᠦ ᠨᠤᠮ ᠪᠠ ︽ᠮᠤᠩᠭᠤᠯ ᠬᠢᠳᠡᠳ ᠯᠠᠲ᠋ᠢᠨ ᠬᠠᠪᠰᠤᠷᠭᠠᠭᠰᠠᠨ ᠦᠷᠡᠳᠦ ᠤᠷᠭᠤᠮᠠᠯ ᠤᠨ ᠨᠡᠷᠡᠰ︾ ︵ᠨᠡᠮᠡᠵᠦ | ᠵᠠᠰᠠᠭᠰᠠᠨ ᠲᠡᠪᠳᠡᠷ︶ ᠬᠡᠬᠦ ᠨᠤᠮ ᠦᠪᠤᠷ ᠮᠤᠩᠭᠤᠯ ᠤᠨᠠᠷᠠᠳ ᠤᠨ ᠬᠡᠪᠯᠡᠯ ᠤᠨ ᠬᠤᠷᠢᠶ᠎ᠠ ᠠᠴᠠ ᠬᠡᠪᠯᠡᠭᠳᠡᠨ | ᠲᠠᠷᠬᠠᠭᠠᠭᠳᠠᠪᠠ᠃ | | | ︽ᠬᠠᠭᠠᠨ ᠤ ᠪᠢᠴᠢᠭᠰᠡᠨ ᠲᠠᠪᠤᠨ ᠵᠦᠢᠯ ᠤᠨ ᠦᠰᠦᠭ ᠢᠶᠠᠷ ᠬᠠᠪᠰᠤᠷᠤᠭᠰᠠᠨ ᠮᠠᠨᠵᠦ ᠦᠬᠡᠨ ᠤ ᠲᠤᠯᠢ ᠪᠢᠴᠢᠭ︾ | ᠪᠤᠯ ᠴᠢᠩ ᠤᠯᠤᠰ ᠤᠨ ᠲᠡᠭᠷᠢ ᠲᠡᠳᠬᠦᠭᠴᠢ ᠶᠢᠨ ᠦᠶ᠎ᠠ ᠳᠤ ᠨᠠᠶᠢᠷᠠᠭᠤᠯᠤᠭᠰᠠᠨ ᠲᠠᠪᠤᠨ ᠵᠦᠢᠯ ᠤᠨ ᠦᠰᠦᠭ | ︵ᠮᠠᠨᠵᠦ᠂ ᠮᠤᠩᠭᠤᠯ᠂ ᠲᠦᠪᠡᠳ᠂ ᠤᠢᠢᠭᠤᠷ᠂ ᠬᠢᠳᠡᠳ︶ ᠢ ᠬᠠᠷᠭᠤᠭᠤᠯᠤᠭᠰᠠᠨ ᠲᠤᠯᠢ ᠪᠢᠴᠢᠭ ᠮᠦᠨ᠃ ᠡᠨᠡ ᠬᠦ | ᠲᠤᠯᠢ ᠪᠢᠴᠢᠭ ᠢ 1957 ᠳᠤ ᠲᠦᠪ ᠤᠨ ᠦᠨᠳᠦᠰᠦᠳᠡᠨ ᠤ ᠬᠡᠪᠯᠡᠯ ᠤᠨ ᠬᠤᠷᠢᠶ᠎ᠠ ᠠᠴᠠ ᠰᠡᠬᠦᠳᠡᠷᠯᠡᠨ ᠬᠡᠪᠯᠡᠵᠦ | ᠲᠠᠷᠬᠠᠭᠠᠭᠰᠠᠨ ᠪᠠᠶᠢᠨ ᠠ᠃ ᠲᠤᠰ ᠲᠤᠯᠢ ᠨᠢ200 ᠭᠠᠷᠤᠢ ᠵᠢᠯ ᠤᠨ ᠡᠮᠦᠨᠡᠬᠢ ᠴᠢᠩ ᠤᠯᠤᠰ ᠤᠨ | ᠨᠡᠶᠢᠬᠡᠮ ᠤᠨ ᠠᠵᠦ ᠠᠬᠤᠢ ᠶᠢᠨ ᠬᠦᠭᠵᠢᠯᠳᠡ ᠶᠢᠨ ᠲᠦᠪᠰᠢᠨ᠂ ᠦᠢᠯᠡᠳᠪᠤᠷᠢᠯᠡᠯ ᠤᠨ ᠬᠠᠷᠢᠴᠠᠭᠠᠨ ᠤ | ᠤᠨᠴᠠᠯᠢᠭ᠂ ᠤᠯᠤᠰ ᠲᠦᠷᠦ᠂ ᠰᠤᠶᠤᠯ ᠰᠤᠷᠭᠠᠨ ᠬᠦᠮᠦᠵᠢᠯ᠂ ᠵᠠᠩ ᠲᠠᠳᠬᠠᠯ ᠪᠤᠯᠤᠨ ᠦᠨᠳᠦᠰᠦᠳᠡᠨ ᠤ | ᠬᠠᠷᠢᠴᠠᠭ᠎ᠠ ᠪᠠ ᠦᠨᠳᠦᠰᠦᠳᠡᠨ ᠤ ᠰᠤᠶᠤᠯ ᠤᠨ ᠰᠣᠯᠢᠯᠴᠠᠭ᠎ᠠ ᠶᠢ ᠰᠤᠳᠤᠯᠬᠤ ᠳᠤ ᠪᠦᠷᠢᠨ ᠲᠡᠬᠦᠯᠳᠡᠷ | ᠲᠡᠦᠬᠡ ᠶᠢᠨ ᠮᠠᠲ᠋ᠧᠷᠢᠶᠠᠯ ᠬᠠᠩᠭᠠᠭᠰᠠᠨ ᠶᠤᠮ᠃ ᠦᠨᠳᠦᠰᠦ ᠭᠤᠸᠠᠢ ᠶᠢᠨ ᠨᠠᠶᠢᠷᠠᠭᠤᠯᠤᠭᠰᠠᠨ ︽︿ᠬᠠᠭᠠᠨ ᠤ | ᠪᠢᠴᠢᠭᠰᠡᠨ ᠲᠠᠪᠤᠨ ᠵᠦᠢᠯ ᠤᠨ ᠦᠰᠦᠭ ᠢᠶᠠᠷ ᠬᠠᠪᠰᠤᠷᠤᠭᠰᠠᠨ ᠮᠠᠨᠵᠦ ᠦᠬᠡᠨ ᠤ ᠲᠤᠯᠢ ᠪᠢᠴᠢᠭ﹀ ᠤᠨ | ᠤᠷᠭᠤᠮᠠᠯ ᠤᠨ ᠨᠡᠷᠡᠰ ᠤᠨ ᠰᠤᠳᠤᠯᠤᠯ︾ ᠬᠡᠬᠦ ᠨᠤᠮ ᠨᠢ ᠤᠷᠭᠤᠮᠠᠯ ᠤᠨ ᠮᠤᠩᠭᠤᠯ ᠨᠡᠷᠡᠶᠢᠳᠦᠯ ᠠᠴᠠ ᠭᠠᠳᠠᠨ᠎ᠠ | ᠤᠷᠭᠤᠮᠠᠯ ᠤᠨ ᠨᠡᠷ᠎ᠠ ᠲᠤᠮᠢᠶ᠎ᠠ᠂ ᠤᠷᠭᠤᠮᠠᠯ ᠤᠨ ᠪᠦᠳᠦᠬᠡᠭᠳᠡᠬᠦᠨ ᠪᠠ ᠪᠦᠳᠦᠬᠡᠭᠳᠡᠬᠦᠨ ᠢ ᠦᠢᠯᠡᠳᠪᠤᠷᠢᠯᠡᠬᠦ | ᠶᠠᠪᠤᠴᠠ ᠶᠢᠨ ᠨᠡᠷᠡᠶᠢᠳᠦᠯ ᠵᠡᠷᠬᠡ ᠤᠯᠠᠨ ᠲᠦᠷᠦᠯ ᠤᠨ ᠨᠡᠷᠡᠶᠢᠳᠦᠯ ᠢ ᠬᠠᠮᠤᠷᠤᠭᠰᠠᠨ ᠪᠤᠯᠬᠤᠷ ᠤᠷᠭᠤᠮᠠᠯ ᠤᠨ | ᠮᠤᠩᠭᠤᠯ ᠨᠡᠷᠡᠶᠢᠳᠦᠯ ᠤᠨ ᠵᠢᠭᠰᠠᠭᠠᠯᠳᠠ ᠶᠢᠨ ᠲᠡᠰ ᠲᠠᠷᠠᠭ᠎ᠠ᠂ ᠪᠦᠯᠦᠭ ᠤᠨ ᠲᠤᠭ᠎ᠠ ᠵᠡᠷᠬᠡ ᠤᠯᠠᠨ ᠲᠠᠯ᠎ᠠ ᠪᠠᠷ ᠤᠭ | ᠵᠤᠬᠢᠶᠠᠯ ᠲᠠᠢ ᠨᠡᠯᠢᠶᠡᠳ ᠵᠦᠷᠢᠶ ᠠ ᠲᠠᠢ ᠪᠠᠶᠢᠳᠠᠭ᠃ | ︽ᠮᠤᠩᠭᠤᠯ ᠬᠢᠳᠡᠳ ᠯᠠᠲ᠋ᠢᠨ ᠬᠠᠪᠰᠤᠷᠭᠠᠭᠰᠠᠨ ᠦᠷᠡᠳᠦ ᠤᠷᠭᠤᠮᠠᠯ ᠤᠨ ᠨᠡᠷᠡᠰ︾ ᠬᠡᠬᠦ ᠨᠤᠮ ᠤᠨ ᠨᠡᠮᠡᠵᠦ | ᠵᠠᠰᠠᠭᠰᠠᠨ ᠬᠡᠪᠯᠡᠯ ᠳᠤ ᠵᠤᠬᠢᠶᠠᠭᠴᠢ ᠠᠴᠠ ᠠᠩᠬᠠᠳᠤᠭᠠᠷ ᠬᠡᠪᠯᠡᠯ ᠬᠡᠪᠯᠡᠭᠳᠡᠭᠰᠡᠨ ᠠᠴᠠ ᠨᠠᠭᠠᠰᠢᠬᠢ 40 ᠭᠠᠷᠤᠢ | ᠵᠢᠯ ᠤᠨ ᠲᠤᠷᠰᠢᠬᠢ ᠰᠤᠳᠤᠯᠭᠠᠨ ᠤ ᠶᠠᠪᠤᠴᠠ ᠳᠠᠭᠠᠨ ᠢᠯᠡᠷᠡᠬᠦᠯᠦᠭᠰᠡᠨ ᠤᠷᠭᠤᠮᠠᠯ ᠤᠨ ᠨᠡᠷᠡᠰ ᠢ ᠨᠡᠮᠡᠵᠦ | ᠤᠷᠤᠭᠤᠯᠤᠭᠰᠠᠨ ᠪᠦᠬᠡᠳ ᠠᠩᠬᠠᠳᠤᠭᠠᠷ ᠬᠡᠪᠯᠡᠯ ᠤᠨ ᠵᠤᠬᠢᠰ ᠦᠬᠡᠢ ᠵᠦᠢᠯ ᠪᠤᠶᠤ ᠲᠠᠰᠢᠶᠠᠷᠠᠭᠰᠠᠨ ᠵᠦᠢᠯ ᠤᠳ ᠲᠤ | ᠵᠠᠰᠠᠯᠳᠠ ᠤᠷᠤᠭᠤᠯᠤᠭᠰᠠᠨ ᠪᠠᠶᠢᠨ᠎ᠠ᠃ ᠡᠬᠦᠨ ᠳᠤ ᠭᠤᠤᠯᠳᠠᠭᠤ ᠤᠷᠭᠤᠮᠠᠯ ᠤᠨ ᠵᠢᠩᠬᠢᠨᠢ ᠨᠡᠷ᠎ᠡ ᠶᠢ ᠤᠳᠤ ᠶᠢᠨ | ᠲᠦᠷᠢᠮᠵᠢᠬᠦᠯᠦᠭᠳᠡᠨ ᠬᠡᠷᠡᠭᠯᠡᠭᠳᠡᠵᠦ ᠪᠠᠶᠢᠭ᠎ᠠ ᠪᠢᠴᠢᠯᠬᠡ ᠪᠠᠷ ᠨᠢᠬᠡᠳᠬᠡᠨ ᠲᠦᠷᠢᠮᠵᠢᠬᠦᠯᠵᠡᠢ᠃ ᠲᠤᠰ ᠬᠡᠪᠯᠡᠯ ᠳᠤ | ᠦᠪᠤᠷ ᠮᠤᠩᠭᠤᠯ ᠤᠷᠤᠨ ᠤ ᠬᠡᠪᠴᠢᠶᠡᠨ ᠳᠤ ᠭᠠᠷᠬᠤ ᠦᠷᠡᠳᠦ ᠤᠷᠭᠤᠮᠠᠯ ᠨᠡᠶᠢᠳᠡ 119 ᠢᠵᠠᠭᠤᠷ᠂ 722 | ᠲᠦᠷᠦᠯ᠂ 2350 ᠭᠠᠷᠤᠢ ᠬᠡᠬᠡᠷ᠎ᠠ ᠶᠢᠨ ᠦᠷᠡᠳᠦ ᠤᠷᠭᠤᠮᠠᠯ ᠪᠠᠭᠳᠠᠨ ᠤᠷᠤᠵᠠᠢ᠃ ᠤᠤᠯ ᠬᠡᠪᠯᠡᠯ ᠳᠤ ᠵᠦᠪᠬᠡᠨ | ᠬᠢᠳᠡᠳ ᠦᠰᠦᠭ ᠤᠨ ᠬᠡᠯᠬᠢᠶᠡᠰᠦ ᠪᠠᠶᠢᠭᠰᠠᠨ ᠢ ᠲᠠᠬᠢᠨ ᠬᠡᠪᠯᠡᠬᠦᠯᠬᠦ ᠳᠡᠭᠡᠨ ᠮᠤᠩᠭᠤᠯ᠂ ᠯᠠᠲ᠋ᠢᠨ ᠦᠰᠦᠭ ᠤᠨ | ᠬᠡᠯᠬᠢᠶᠡᠰᠦ ᠶᠢ ᠰᠢᠨ᠎ᠡ ᠪᠠᠷ ᠨᠡᠮᠡᠵᠦ᠂ ᠬᠢᠳᠡᠳ ᠦᠰᠦᠭ ᠤᠨ ᠬᠡᠯᠬᠢᠶᠡᠰᠦ ᠳᠤ ᠪᠠᠰᠠ ᠵᠠᠰᠠᠯᠳᠠ ᠤᠷᠤᠭᠤᠯᠤᠭᠰᠠᠨ ᠠᠴᠠ | ᠤᠩᠰᠢᠭᠴᠢᠳ ᠲᠤ ᠤᠯᠠᠮ ᠲᠦᠬᠦᠮ ᠦᠵᠡᠬᠦᠯᠬᠦ ᠪᠤᠯᠤᠨ᠎ᠠ᠃ | ᠮᠤᠩᠭᠤᠯ ᠦᠨᠳᠦᠰᠦᠳᠡᠨ ᠪᠤᠯ ᠦᠨᠢ ᠤᠳᠠᠭᠠᠨ ᠲᠡᠦᠬᠡ ᠲᠠᠢ ᠨᠡᠬᠦᠳᠡᠯᠴᠢᠨ ᠦᠨᠳᠦᠰᠦᠳᠡᠨ ᠶᠤᠮ᠃ ᠲᠤᠰ | ᠬᠤᠶᠠᠷ ᠨᠤᠮ ᠤᠨ ᠬᠡᠪᠯᠡᠭᠳᠡᠭᠰᠡᠨ ᠨᠢ ᠨᠡᠬᠦᠳᠡᠯᠴᠢᠨ ᠦᠨᠳᠦᠰᠦᠳᠡᠨ ᠤ ᠤᠷᠭᠤᠮᠠᠯ ᠤᠨ ᠰᠤᠳᠤᠯᠤᠯ ᠤᠨ ᠦᠢᠯᠡᠰ ᠲᠤ | ᠶᠡᠭᠡᠭᠡᠨ ᠠᠴᠢ ᠬᠤᠯᠪᠤᠭᠳᠠᠯ ᠲᠠᠢ ᠶᠤᠮ᠃ |