︵ᠰᠤᠷᠪᠤᠯᠵᠢᠯᠠᠭᠴᠢ ᠶᠦᠨ ᠶᠠᠨ ᠹᠠᠩ︶ 2 ᠳ᠋ᠤᠭᠠᠷ ᠰᠠᠷ᠎ᠠ ᠶᠢᠨ 27 ᠤ ᠡᠳᠦᠷ ᠤᠨ 9 ᠴᠠᠭ 34 | ᠮᠢᠨᠦ᠋ᠲ ᠲᠤ᠂ ᠬᠥᠬᠡᠬᠤᠲᠠ ᠶᠢᠨ ᠵᠡᠭᠦᠨ ᠥᠷᠲᠡᠭᠡ ᠪᠠ ᠵᠢᠨᠠᠨ ᠤ ᠪᠠᠷᠠᠭᠤᠨ ᠥᠷᠲᠡᠭᠡ ᠶᠢᠨ ᠬᠤᠭᠤᠷᠣᠨᠳᠤ ᠶᠢᠨ | ᠠᠩᠬᠠᠨ ᠤ ᠡᠭᠡᠯᠵᠢ ᠶᠢᠨ ᠬᠤᠷᠳᠤᠨ ᠤ ᠭᠠᠯᠲᠤ ᠲᠡᠷᠭᠡ ᠬᠥᠬᠡᠬᠤᠲᠠ ᠶᠢᠨ ᠵᠡᠭᠦᠨ ᠥᠷᠲᠡᠭᠡᠨ ᠠᠴᠠ ᠮᠣᠷᠳᠠᠵᠤ᠂ | ᠥᠪᠥᠷ ᠮᠣᠩᠭᠤᠯ ᠤᠨ ᠬᠤᠷᠳᠤᠨ ᠤ ᠭᠠᠯᠲᠤ ᠲᠡᠷᠭᠡ ᠳᠣᠷᠣᠨᠠᠲᠤ ᠣᠷᠣᠨ ᠳᠤ ᠠᠩᠬ᠎ᠠ ᠨᠡᠪᠲᠡᠷᠡᠭᠰᠡᠨ ᠢ ᠬᠠᠷᠠᠭᠤᠯᠪᠠ᠃ | | ᠣᠶᠢᠯᠠᠭᠠᠭᠰᠠᠨ ᠢᠶᠠᠷ᠂ 2 ᠳ᠋ᠤᠭᠠᠷ ᠰᠠᠷ᠎ᠠ ᠶᠢᠨ 27 ᠤ ᠡᠳᠦᠷ ᠠᠴᠠ ᠡᠬᠢᠯᠡᠨ᠂ ᠬᠥᠬᠡᠬᠤᠲᠠ ᠶᠢᠨ ᠵᠡᠭᠦᠨ | ᠥᠷᠲᠡᠭᠡ ᠠᠴᠠ ᠵᠢᠨᠠᠨ ᠤ ᠪᠠᠷᠠᠭᠤᠨ ᠥᠷᠲᠡᠭᠡ ᠬᠦᠷᠬᠦ D2780/77 ᠡᠭᠡᠯᠵᠢ ᠶᠢᠨ ᠬᠤᠷᠳᠤᠨ ᠤ ᠭᠠᠯᠲᠤ | ᠲᠡᠷᠭᠡ ᠶᠢ ᠡᠳᠦᠷ ᠪᠦᠷᠢ ᠠᠶᠠᠯᠠᠭᠤᠯᠤᠨ᠎ᠠ᠃ ᠴᠠᠭ ᠨᠢ ᠬᠥᠬᠡᠬᠤᠲᠠ ᠶᠢᠨ ᠵᠡᠭᠦᠨ ᠥᠷᠲᠡᠭᠡ ᠠᠴᠠ 09᠄ 34 ᠲᠤ | ᠭᠠᠷᠴᠤ᠂ 19᠄ 01 ᠲᠤ ᠵᠢᠨᠠᠨ ᠤ ᠪᠠᠷᠠᠭᠤᠨ ᠥᠷᠲᠡᠭᠡᠨ ᠳᠤ ᠬᠦᠷᠦᠨ᠎ᠡ︔ 2 ᠳ᠋ᠤᠭᠠᠷ ᠰᠠᠷ᠎ᠠ ᠶᠢᠨ 28 ᠤ | ᠡᠳᠦᠷ ᠠᠴᠠ ᠡᠬᠢᠯᠡᠨ᠂ ᠵᠢᠨᠠᠨ ᠤ ᠪᠠᠷᠠᠭᠤᠨ ᠥᠷᠲᠡᠭᠡ ᠠᠴᠠ ᠬᠥᠬᠡᠬᠤᠲᠠ ᠶᠢᠨ ᠵᠡᠭᠦᠨ ᠥᠷᠲᠡᠭᠡ ᠬᠦᠷᠬᠦ | D2778/9 ᠡᠭᠡᠯᠵᠢ ᠶᠢᠨ ᠬᠤᠷᠳᠤᠨ ᠤ ᠭᠠᠯᠲᠤ ᠲᠡᠷᠭᠡ ᠶᠢ ᠡᠳᠦᠷ ᠪᠦᠷᠢ ᠠᠶᠠᠯᠠᠭᠤᠯᠤᠨ᠎ᠠ᠃ ᠴᠠᠭ ᠨᠢ ᠵᠢᠨᠠᠨ ᠤ | ᠪᠠᠷᠠᠭᠤᠨ ᠥᠷᠲᠡᠭᠡ ᠠᠴᠠ 08᠄ 30 ᠳᠤ ᠭᠠᠷᠴᠤ᠂ 18᠄ 02 ᠲᠤ ᠬᠥᠬᠡᠬᠤᠲᠠ ᠶᠢᠨ ᠵᠡᠭᠦᠨ ᠥᠷᠲᠡᠭᠡᠨ ᠳᠤ | ᠢᠷᠡᠨ᠎ᠡ᠃ | ᠬᠥᠬᠡᠬᠤᠲᠠ ᠶᠢᠨ ᠵᠡᠭᠦᠨ ᠥᠷᠲᠡᠭᠡ ᠪᠠ ᠵᠢᠨᠠᠨ ᠤ ᠪᠠᠷᠠᠭᠤᠨ ᠥᠷᠲᠡᠭᠡ ᠶᠢᠨ ᠬᠤᠭᠤᠷᠣᠨᠳᠤᠬᠢ ᠠᠶᠠᠯᠠᠯ ᠤᠨ | ᠵᠠᠮ ᠨᠢ ᠪᠠᠷᠤᠭ 1169 ᠺᠢᠯᠣᠮᠧᠲᠷ ᠪᠠᠶᠢᠵᠤ᠂ ᠵᠠᠮ ᠳᠠᠭᠠᠨ ᠥᠪᠥᠷ ᠮᠣᠩᠭᠤᠯ᠂ ᠱᠠᠨ ᠰᠢ᠂ ᠾᠧᠪᠧᠢ ᠪᠣᠯᠣᠨ | ᠱᠠᠨᠳᠦ᠋ᠩ ᠳᠥᠷᠪᠡᠨ ᠮᠤᠵᠢ ᠣᠷᠣᠨ ᠢ ᠥᠩᠭᠡᠷᠡᠵᠦ᠂ ᠬᠥᠬᠡᠬᠤᠲᠠ᠂ ᠤᠯᠠᠭᠠᠨᠴᠠᠪ᠂ ᠳ᠋ᠠᠲ᠋ᠦ᠋ᠩ᠂ ᠲᠠᠶᠢᠶᠤᠸᠠᠨ᠂ | ᠴᠢᠭᠤᠯᠤᠯᠲᠤ ᠬᠠᠭᠠᠯᠭ᠎ᠠ᠂ ᠾᠧᠩᠱᠦ᠋ᠢ᠂ ᠳ᠋ᠧᠵᠸᠦ᠂ ᠵᠢᠨᠠᠨ ᠵᠡᠷᠭᠡ 8 ᠬᠤᠲᠠ ᠶᠢ ᠬᠤᠯᠪᠣᠨ᠎ᠠ᠃ ᠭᠠᠭᠴᠠ | ᠴᠢᠭᠯᠡᠯ ᠤᠨ ᠵᠠᠮ ᠢ ᠬᠠᠮᠤᠭ ᠬᠤᠷᠳᠤᠨ ᠳᠠᠭᠠᠨ 9 ᠴᠠᠭ 27 ᠮᠢᠨᠦ᠋ᠲ ᠠᠶᠠᠯᠠᠵᠤ᠂ ᠤᠤᠯ ᠤᠨ ᠡᠩ ᠤᠨ ᠬᠤᠷᠳᠤᠨ | ᠭᠠᠯᠲᠤ ᠲᠡᠷᠭᠡ ᠶᠢᠨ ᠠᠶᠠᠯᠠᠬᠤ ᠴᠠᠭ ᠠᠴᠠ 7 ᠴᠠᠭ ᠣᠷᠴᠢᠮ ᠪᠠᠭᠠᠰᠬᠠᠵᠠᠢ᠃ |