ᠬᠥᠬᠡᠬᠤᠲᠠ ᠶᠢᠨ ᠡᠳᠦᠷ ᠤᠨ ᠰᠣᠨᠢᠨ ᠤ ᠮᠡᠳᠡᠭᠡ ︵ᠰᠤᠷᠪᠤᠯᠵᠢᠯᠠᠭᠴᠢ ᠶᠦᠨ ᠶᠠᠨ ᠹᠠᠩ︶ | ᠬᠥᠬᠡᠬᠤᠲᠠ ᠶᠢᠨ ᠭᠠᠵᠠᠷ ᠳᠣᠤᠷᠠᠬᠢ ᠲᠡᠮᠦᠷ ᠵᠠᠮ ᠤᠨ ᠺᠣᠳ᠋ ᠰᠢᠷᠪᠢᠵᠦ ᠬᠠᠭᠠᠯᠲᠠ ᠥᠩᠭᠡᠷᠡᠬᠦ ᠠᠷᠭ᠎ᠠ ᠬᠡᠯᠪᠡᠷᠢ ᠶᠢᠨ | ᠣᠯᠠᠨ ᠡᠰᠢᠵᠢᠨ ᠬᠦᠭᠵᠢᠭᠦ ᠶᠢ ᠳᠠᠭᠠᠯᠳᠤᠨ᠂ ᠠᠶᠠᠨᠴᠢᠳ ᠬᠥᠬᠡᠬᠤᠲᠠ ᠶᠢᠨ ᠭᠠᠵᠠᠷ ᠳᠣᠤᠷᠠᠬᠢ ᠲᠡᠮᠦᠷ ᠵᠠᠮ ᠤᠨ | App᠂ ᠪᠠᠩᠬᠢ ᠶᠢᠨ ᠬᠤᠯᠪᠣᠭ᠎ᠠ ᠶᠢᠨ ᠲᠦᠷᠭᠡᠨ ᠳᠥᠯᠥᠬᠦ App᠂ ᠢ ᠲᠦᠡᠭ ᠰᠢᠩ App ᠵᠡᠷᠭᠡ ᠲᠣᠭᠠᠴᠠᠭ᠎ᠠ | ᠬᠢᠬᠦ ᠠᠷᠭ᠎ᠠ ᠵᠠᠮ ᠢᠶᠠᠷ ᠺᠣᠳ᠋ ᠰᠢᠷᠪᠢᠵᠦ ᠬᠠᠭᠠᠯᠲᠠ ᠥᠩᠭᠡᠷᠡᠵᠦ ᠪᠣᠯᠤᠨ᠎ᠠ᠃ ᠭᠡᠪᠡᠴᠦ ᠠᠶᠠᠨᠴᠢᠳ ᠵᠠᠷᠢᠮ ᠳᠠᠭᠠᠨ | ᠲᠦᠷ ᠣᠮᠲᠣᠭᠠᠶᠢᠯᠠᠬᠤ ᠵᠡᠷᠭᠡ ᠰᠢᠯᠲᠠᠭᠠᠨ ᠠᠴᠠ ᠪᠣᠯᠵᠣ ᠥᠷᠲᠡᠭᠡᠨ ᠳᠤ ᠣᠷᠣᠵᠤ ᠭᠠᠷᠬᠤ ᠳᠠᠭᠠᠨ ᠠᠳᠠᠯᠢ ᠪᠤᠰᠤ | App ᠢᠶᠠᠷ ᠺᠣᠳ᠋ ᠰᠢᠷᠪᠢᠳᠡᠭ᠂ ᠢᠩᠭᠢᠪᠡᠯ ᠶᠠᠮᠠᠷ ᠪᠠᠶᠢᠳᠠᠯ ᠭᠠᠷᠬᠤ ᠪᠣᠶ︖ | ᠬᠥᠬᠡᠬᠤᠲᠠ ᠶᠢᠨ ᠵᠢᠮᠳᠤ ᠵᠠᠮ ᠬᠠᠷᠢᠯᠴᠠᠭᠠᠨ ᠤ ᠺᠣᠮᠫᠠᠨᠢ ᠶᠢᠨ ᠠᠵᠢᠯᠲᠠᠨ ᠤ ᠲᠠᠨᠢᠯᠴᠠᠭᠤᠯᠤᠭᠰᠠᠨ ᠢᠶᠠᠷ᠂ | ᠣᠳᠣᠬᠠᠨ ᠳᠤ ᠬᠥᠬᠡᠬᠤᠲᠠ ᠶᠢᠨ ᠭᠠᠵᠠᠷ ᠳᠣᠤᠷᠠᠬᠢ ᠲᠡᠮᠦᠷ ᠵᠠᠮ ᠤᠨ App᠂ ᠲᠦᠷᠭᠡᠨ ᠲᠦᠯᠦᠭᠦ App᠂ ᠢ | ᠲᠦᠡᠭ ᠰᠢᠩ App ᠨᠢ ᠴᠥᠮ ᠺᠣᠳ᠋ ᠰᠢᠷᠪᠢᠵᠦ ᠲᠡᠷᠭᠡᠨ ᠳᠤ ᠰᠠᠭᠤᠬᠤ ᠴᠢᠳᠠᠮᠵᠢ ᠶᠢ ᠪᠡᠶ᠎ᠡ ᠪᠠᠨ ᠳᠠᠭᠠᠭᠠᠠ | ᠪᠡᠶᠡᠯᠡᠭᠦᠯᠵᠦ ᠴᠢᠳᠠᠨ᠎ᠠ᠃ ᠭᠡᠪᠡᠴᠦ ᠭᠤᠷᠪᠠᠨ App ᠤᠨ ᠺᠣᠳ᠋ ᠢ ᠬᠠᠷᠢᠯᠴᠠᠨ ᠰᠢᠷᠪᠢᠵᠦ ᠪᠣᠯᠬᠤ ᠦᠭᠡᠢ᠂ ᠳᠠᠷᠤᠶ | ᠥᠷᠲᠡᠭᠡᠨ ᠳᠤ ᠣᠷᠣᠬᠤ ᠪᠠ ᠥᠷᠲᠡᠭᠡᠨ ᠠᠴᠠ ᠭᠠᠷᠬᠤ ᠳᠤ ᠠᠳᠠᠯᠢ ᠨᠢᠭᠡᠨ App ᠶᠢ ᠬᠡᠷᠡᠭᠯᠡᠬᠦ ᠬᠡᠷᠡᠭᠲᠡᠶ᠃ | ᠬᠡᠷᠪᠡ ᠲᠡᠭᠦᠨ ᠤ ᠳᠣᠲᠣᠷᠠᠬᠢ ᠬᠤᠶᠠᠷ App ᠶᠢᠨ ᠨᠢᠭᠡ ᠪᠠᠷ ᠨᠢ ᠥᠷᠲᠡᠭᠡᠨ ᠳᠤ ᠣᠷᠣᠵᠤ᠂ ᠨᠢᠭᠡ ᠪᠠᠷ ᠨᠢ | ᠥᠷᠲᠡᠭᠡᠨ ᠠᠴᠠ ᠭᠠᠷᠪᠠᠯ᠂ ᠬᠤᠶᠠᠷ App ᠶᠢᠨ ᠵᠠᠬᠢᠶᠠᠯᠠᠭ᠎ᠠ ᠶᠢᠨ ᠬᠠᠭᠤᠳᠠᠰᠤ ᠳᠤ ᠴᠦᠮ ᠭᠠᠭᠴᠠ ᠲᠠᠯ᠎ᠠ ᠶᠢᠨ | ᠠᠷᠠᠯᠵᠢᠶ᠎ᠠ ᠢᠯᠡᠷᠡᠵᠦ᠂ ᠵᠠᠷᠤᠳᠠᠯ ᠢ ᠬᠤᠶᠠᠷ ᠤᠳᠠᠭ᠎ᠠ ᠳᠠᠬᠢᠨ ᠬᠠᠰᠤᠬᠤ ᠪᠠᠶᠢᠳᠠᠯ ᠢ ᠪᠤᠢ ᠪᠤᠯᠭᠠᠨ᠎ᠠ᠂ ᠬᠡᠷᠪᠡ ᠴᠠᠭ | ᠲᠤᠬᠠᠶ ᠳᠤᠨᠢ ᠵᠣᠭᠤᠰ ᠨᠥᠬᠦᠪᠥᠷᠢᠯᠡᠬᠦ ᠦᠭᠡᠢ ᠪᠣᠯ ᠲᠡᠷᠭᠡᠨ ᠳᠤ ᠰᠠᠭᠤᠬᠤ ᠵᠠᠷᠤᠳᠠᠯ ᠳᠤ ᠴᠢᠬᠤᠯᠠ ᠦᠭᠡᠢ ᠬᠤᠬᠢᠷᠠᠯ | ᠠᠪᠴᠢᠷᠠᠨ᠎ᠠ᠃ ᠡᠶᠢᠮᠦ ᠠᠴᠠ ᠥᠷᠭᠡᠨ ᠣᠯᠠᠨ ᠠᠶᠠᠨᠴᠢᠳ ᠲᠡᠷᠭᠡᠨ ᠳᠤ ᠰᠠᠭᠤᠵᠤ ᠥᠷᠲᠡᠭᠡ ᠪᠠᠷ ᠣᠷᠣᠵᠤ | ᠭᠠᠷᠬᠤ ᠳᠠᠭᠠᠨ ᠡᠷᠬᠡᠪᠰᠢ ᠠᠳᠠᠯᠢ ᠨᠢᠭᠡᠨ App ᠢ ᠬᠡᠷᠡᠭᠯᠡᠵᠦ ᠥᠷᠲᠡᠭᠡ ᠪᠠᠷ ᠣᠷᠣᠵᠤ ᠭᠠᠷᠬᠤ ᠺᠣᠳ᠋ ᠢ ᠰᠢᠷᠪᠢᠵᠦ | ᠳ᠋ᠦᠩᠨᠡᠨ ᠪᠤᠳᠤᠬᠤ ᠬᠡᠷᠡᠭᠲᠡᠶ᠃ | ᠬᠡᠷᠪᠡ ᠠᠶᠠᠨᠴᠢᠨ ᠠᠳᠡᠭᠦᠷᠡᠭᠰᠡᠨ ᠠᠴᠠ ᠪᠣᠯᠵᠣ ᠭᠠᠭᠴᠠ ᠲᠠᠯ᠎ᠠ ᠶᠢᠨ ᠠᠷᠠᠯᠵᠢᠶ᠎ᠠ ᠡᠭᠦᠰᠦᠭᠰᠡᠨ ᠪᠠᠶᠢᠪᠠᠯ᠂ | ᠵᠠᠬᠢᠶᠠᠯᠠᠭ᠎ᠠ ᠡᠭᠦᠰᠦᠭᠰᠡᠨ 5 ᠡᠳᠦᠷ ᠤᠨ ᠳᠠᠷᠠᠭ᠎ᠠ᠂ ᠬᠡᠷᠡᠭᠯᠡᠭᠴᠢ ᠳᠤ ᠴᠥᠮ ᠮᠥᠩᠭᠦ ᠳᠥᠯᠥᠬᠦ ᠶᠢ ᠰᠠᠨᠠᠭᠤᠯᠳᠠᠭ︔ | ᠬᠡᠷᠪᠡ ᠠᠶᠠᠨᠴᠢᠳ ᠮᠦᠡᠭᠭᠦ ᠨᠦᠭᠦᠭᠰᠡᠨ ᠥᠬᠡᠶ ᠪᠠᠶᠢᠪᠠᠯ᠂ ᠰᠢᠰᠲ᠋ᠧᠮ ᠨᠢ 11 ᠡᠳᠦᠷ ᠤᠨ ᠳᠠᠷᠠᠭ᠎ᠠ ᠲᠣᠰ | ᠠᠷᠠᠯᠵᠢᠶ᠎ᠠ ᠶᠢ ᠠᠶᠠᠨᠳᠠᠭᠠᠨ ᠨᠥᠬᠦᠪᠥᠷᠢᠯᠡᠭᠦ ᠶᠢᠨ ᠬᠠᠮᠲᠤ ᠥᠪᠡᠰᠦᠪᠡᠨ ᠰᠦᠢᠳᠬᠡᠯ ᠬᠠᠰᠤᠨ᠎ᠠ ︵ᠲᠣᠰ ᠥᠷᠲᠡᠭᠡᠨ ᠤ | ᠬᠠᠮᠤᠭ ᠤᠨ ᠳᠣᠤᠷ᠎ᠠ ᠪᠢᠯᠧᠲ ᠤᠨ ᠦᠨ᠎ᠡ︶᠃ ᠣᠨᠴᠠᠭᠠᠶᠢᠯᠠᠨ ᠠᠩᠬᠠᠷᠬᠤ ᠴᠢᠬᠤᠯᠠᠲᠠᠶ ᠵᠦᠢᠯ ᠭᠡᠪᠡᠯ᠂ ᠠᠶᠠᠨᠴᠢᠳ | ᠨᠢᠭᠡ ᠪᠠᠶᠢᠭᠠᠯᠢ ᠰᠠᠷ᠎ᠠ ᠶᠢᠨ ᠳᠣᠲᠣᠷ᠎ᠠ ᠭᠤᠷᠪᠠ ᠤᠳᠠᠭ᠎ᠠ ᠪᠦᠷᠢᠨ ᠪᠤᠰᠤ ᠠᠷᠠᠯᠵᠢᠶᠠᠨ ᠤ ᠲᠡᠮᠳᠡᠭᠯᠡᠯ ᠢ ᠪᠤᠢ | ᠪᠤᠯᠭᠠᠬᠰᠠᠨ᠂ ᠲᠤᠬᠠᠶᠢᠯᠠᠪᠠᠯ ᠲᠠᠩ ᠭᠠᠭᠴᠠ ᠠᠶᠠᠯᠠᠯ ᠤᠨ ᠶᠠᠪᠤᠴᠠ ᠳᠤ ᠦᠷᠳᠡᠭᠡᠨ ᠳᠤ ᠣᠷᠣᠬᠤ ᠪᠠ | ᠥᠷᠲᠡᠭᠡᠨ ᠠᠴᠠ ᠭᠠᠷᠬᠤ ᠺᠣᠳ᠋ ᠰᠢᠷᠪᠢᠬᠦ ᠮᠡᠳᠡᠭᠡ ᠵᠠᠩᠭᠢ ᠳᠤᠲᠠᠭᠳᠠᠭᠰᠠᠨ ᠤ ᠳᠠᠷᠠᠭ᠎ᠠ᠂ 4 ᠳ᠋ᠤᠭᠡᠷ ᠤᠳᠠᠭ᠎ᠠ ︵4 | ᠳ᠋ᠤᠭᠡᠷ ᠤᠳᠠᠭ᠎ᠠ ᠪᠠᠭᠲᠠᠨ᠎ᠠ︶ ᠠᠴᠠ ᠡᠬᠢᠯᠡᠨ ᠵᠠᠮ ᠤᠨ ᠰᠦᠯᠵᠢᠶ᠎ᠡ ᠶᠢᠨ ᠬᠠᠮᠤᠭ ᠤᠨ ᠥᠨᠳᠥᠷ ᠪᠢᠯᠧᠲ ᠤᠨ | ᠦᠨ᠎ᠡ ᠪᠠᠷ ᠵᠠᠷᠤᠳᠠᠯ ᠢ ᠠᠶᠠᠨᠳᠠᠭᠠᠨ ᠨᠦᠭᠦᠵᠦ ᠬᠠᠰᠤᠨ᠎ᠠ᠃ | ᠡᠭᠦᠨ ᠠᠴᠠ ᠭᠠᠳᠠᠨ᠎ᠠ᠂ ᠬᠤᠶᠠᠷ ᠠᠳᠠᠯᠢ ᠪᠤᠰᠤ App ᠢ ᠬᠤᠯᠢᠯᠳᠤᠭᠤᠯᠤᠨ ᠰᠢᠷᠪᠢᠪᠡᠯ ᠭᠠᠭᠴᠠ | ᠲᠠᠯ᠎ᠠ ᠶᠢᠨ ᠠᠷᠠᠯᠵᠢᠶ᠎ᠠ ᠪᠣᠯᠵᠣ ᠪᠦᠷᠢᠯᠳᠦᠬᠦ ᠠᠴᠠ ᠭᠠᠳᠠᠨ᠎ᠠ᠂ ᠪᠣᠳᠠᠲᠤ ᠴᠣᠭᠴᠠ ᠶᠢᠨ ᠪᠢᠯᠧᠲ ᠤᠨ ᠺᠠᠷᠲ ᠢ | App ᠤᠨ ᠬᠤᠶᠠᠷ ᠬᠡᠮᠵᠢᠯᠳᠦ ᠺᠣᠳ᠋ ᠲᠠᠢ ᠬᠤᠯᠢᠯᠳᠤᠭᠤᠯᠤᠨ ᠬᠡᠷᠡᠭᠯᠡᠵᠦ᠂ ᠪᠤᠰᠤᠳ ᠢ ᠰᠡᠭᠦᠯᠳᠡᠨ ᠳᠠᠭᠠᠵᠤ | ᠥᠷᠲᠡᠭᠡᠨ ᠳᠤ ᠤᠷᠤᠵᠤ ᠥᠷᠲᠡᠭᠡ ᠠᠴᠠ ᠭᠠᠷᠪᠠᠯ ᠴᠥᠮ ᠭᠠᠭᠴᠠ ᠲᠠᠯ᠎ᠠ ᠶᠢᠨ ᠠᠷᠠᠯᠵᠢᠶ᠎ᠠ ᠪᠣᠯᠵᠣ ᠪᠦᠷᠢᠯᠳᠦᠨ᠎ᠡ᠃ | http://mongol.people.com.cn/15835392.html |