ᠬᠦᠬᠡᠬᠤᠳᠠ ᠴᠠᠭᠳᠠᠭᠠᠨ ᠤ ᠰᠤᠶᠤᠯ ᠪᠤᠯᠪᠠᠰᠤᠷᠠᠯ ᠤᠨ ᠬᠦᠮᠦᠵᠢᠯ ᠢ ᠲᠡᠭᠡᠳᠦ ᠬᠡᠮᠵᠢᠶ᠎ᠡ ᠪᠠᠷ ᠴᠢᠬᠤᠯᠠᠴᠢᠯᠠᠨ ᠠᠳᠬᠤᠵᠦ ᠪᠤᠢ
ᠨᠡᠶᠢᠲᠡᠯᠡᠭᠰᠡᠨ ᠴᠠᠭ᠄
2020-05-14
      ᠥᠪᠥᠷ ᠮᠣᠩᠭᠤᠯ ᠤᠨ ᠡᠳᠦᠷ ᠤᠨ ᠰᠣᠨᠢᠨ ᠤ ᠮᠡᠳᠡᠭᠡ ︵ᠰᠤᠷᠪᠤᠯᠵᠢᠯᠠᠬᠴᠢ ᠰᠢᠨᠡᠪᠢᠯᠢᠭ︶ ᠣᠶᠢᠷ᠎ᠠ ᠳᠤ᠂ ᠬᠦᠬᠡᠬᠤᠳᠠ ᠶᠢᠨ ᠲᠤᠳᠤᠭᠠᠳᠤ ᠶᠢ ᠬᠠᠮᠠᠭᠠᠯᠠᠬᠤ ᠲᠣᠪᠴᠢᠶ᠎ᠠ ︽ᠴᠠᠬᠳᠠᠭᠠᠨ ᠤ ᠨᠤᠮ ᠤᠨ ᠥᠷᠥᠭᠡ︾ ᠪᠠᠶᠢᠭᠤᠯᠵᠣ᠂ ᠨᠡᠩ ᠤᠯᠠᠨ ᠴᠠᠭᠳᠠᠭ᠎ᠠ᠂ ᠲᠤᠰᠠᠯᠠᠭᠴᠢ ᠴᠠᠭᠳᠠᠭᠠᠨ ᠤ ᠨᠤᠮ ᠤᠩᠰᠢᠬᠤ ᠪᠠ ᠰᠤᠷᠤᠯᠴᠠᠬᠤ ᠰᠠᠶᠢᠨ ᠰᠠᠶᠢᠬᠠᠨ ᠲᠠᠳᠬᠠᠯ ᠲᠠᠢ ᠪᠤᠯᠬᠤ ᠶᠢ ᠠᠬᠢᠭᠤᠯᠪᠠ᠃ 5 ᠰᠠᠷ᠎ᠠ ᠶᠢᠨ 9 ᠤ ᠦᠳᠡ ᠶᠢᠨ ᠬᠤᠶᠢᠨ᠎ᠠ᠂ ᠳᠣᠰ ᠲᠣᠪᠴᠢᠶ᠎ᠠ ︽ᠴᠠᠬᠳᠠᠭᠠᠨ ᠤ ᠨᠤᠮ ᠤᠨ ᠦᠷᠦᠬᠡ︾ ᠳᠡᠭᠡᠨ ︽ᠴᠢᠷᠮᠠᠶᠢᠨ ᠰᠤᠷᠤᠯᠴᠠᠬᠤ᠂ ᠶᠣᠰᠣ ᠮᠤᠷᠠᠯ ᠲᠠᠢ ᠪᠤᠯᠬᠤ᠂ ᠲᠤᠳᠤᠷᠬᠠᠢ ᠢᠯᠭᠠᠬᠤ᠂ ᠦᠨᠡᠨᠴᠢ ᠰᠢᠳᠤᠷᠭᠤ ᠪᠠᠶᠢᠬᠤ︾ ᠭᠤᠤᠯ ᠰᠡᠳᠦᠪᠳᠦ ᠨᠣᠮ ᠤᠩᠰᠢᠬᠤ ᠬᠤᠷᠠᠯ ᠬᠢᠵᠠᠢ᠃      ᠲᠤᠰ ᠤᠳᠠᠭᠠᠨ ᠤ ᠬᠤᠷᠠᠯ ᠨᠢ ᠤᠷᠠᠨ ᠲᠤᠳᠤ ᠤᠩᠰᠢᠯᠭ᠎ᠠ ᠪᠠᠷ ᠬᠦᠰᠢᠬᠡ ᠪᠠᠨ ᠢᠷᠠᠵᠤ᠂ ᠲᠤᠬᠠᠢ ᠶᠢᠨ ᠲᠠᠯᠠᠪᠠᠢ ᠶᠢᠨ ᠬᠦᠮᠦᠰ ᠬᠦᠨ ᠰᠡᠳᠬᠢᠯᠬᠡ ᠲᠠᠢ ᠤᠷᠠᠨ ᠲᠤᠳᠤ ᠤᠩᠰᠢᠯᠭ᠎ᠠ ᠪᠠᠷ ᠢᠶᠠᠨ ᠦᠷᠬᠡᠨ ᠤᠯᠠᠨ ᠵᠠᠯᠠᠭᠤ ᠴᠠᠭᠳᠠᠭ᠎ᠠ᠂ ᠲᠤᠰᠠᠯᠠᠬᠤ ᠴᠠᠭᠳᠠᠭ᠎ᠠ ᠨᠠᠷ ᠢ ᠯᠠᠪᠳᠠᠭᠤᠨ ᠪᠠᠲᠤᠲᠠᠢ ᠠᠵᠢᠯᠯᠠᠬᠤ ᠶᠢ ᠤᠷᠮᠠᠰᠢᠭᠤᠯᠤᠨ ᠵᠤᠷᠢᠬᠵᠢᠭᠤᠯᠵᠠᠢ ᠃ ᠬᠤᠷᠠᠯ ᠠᠴᠠ᠂ ︽ᠴᠠᠬᠳᠠᠭᠠᠨ ᠤ ᠨᠤᠮ ᠤᠨ ᠦᠷᠦᠬᠡ︾ ᠶᠢᠨ ᠲᠠᠪᠴᠠᠩ ᠢ ᠠᠰᠢᠬᠯᠠᠨ ᠡᠳᠦᠷ ᠪᠦᠷᠢ ᠶᠢᠨ ᠦᠳᠡ ᠶᠢᠨ ᠬᠤᠶᠢᠨᠠᠬᠢ 4 ᠴᠠᠬ ᠠᠴᠠ 5 ᠴᠠᠬ ᠪᠣᠯᠲᠠᠯ᠎ᠠ ᠨᠢᠬᠡ ᠴᠠᠭ ᠤᠨ ᠨᠤᠮ ᠤᠩᠰᠢᠬᠤ ᠠᠵᠢᠯᠯᠠᠭ᠎ᠠ ᠦᠷᠨᠢᠬᠦᠯᠵᠦ᠂ ᠣᠨᠣᠯ ᠤᠨ ᠮᠡᠳᠡᠯᠬᠡ ᠶᠢ ᠰᠤᠷᠤᠯᠴᠠᠬᠤ ᠪᠦᠬᠡᠳ ᠪᠠᠰᠠ ᠲᠤᠬᠠᠢᠢᠯᠠᠬᠰᠠᠨ ᠠᠵᠢᠯ ᠤᠨ ᠤᠷ᠎ᠠ ᠴᠢᠳᠠᠪᠤᠷᠢ ᠶᠢ ᠰᠤᠷᠤᠯᠴᠠᠵᠤ᠂ ᠥᠪᠡᠷ ᠤᠨ ᠢᠶᠠᠨ ᠲᠤᠬᠠᠢᠢᠯᠠᠬᠰᠠᠨ ᠠᠵᠢᠯ ᠤᠨ ᠬᠦᠷᠢᠶᠡᠨ ᠳᠤ ᠪᠠᠨ ᠴᠢᠳᠠᠮᠠᠭᠠᠢ ᠭᠠᠷ ᠪᠤᠯᠬᠤ ᠪᠠᠷ ᠴᠢᠷᠮᠠᠶᠢᠭᠠᠷᠠᠢ ᠭᠡᠵᠦ ᠰᠠᠨᠠᠭᠠᠴᠢᠯᠠᠪᠠ᠃      ᠣᠶᠢᠷ᠎ᠠ ᠶᠢᠨ ᠵᠢᠯ ᠠᠴᠠ᠂ ᠤᠷᠤᠨ ᠤ ᠲᠦᠪ ᠬᠤᠳᠠ ᠶᠢᠨ ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠰᠤᠶᠤᠯ ᠪᠤᠯᠪᠠᠰᠤᠷᠠᠯ ᠢᠶᠠᠷ ᠴᠠᠭᠳᠠᠭ᠎ᠠ ᠪᠠᠨ ᠬᠦᠮᠦᠵᠢᠬᠦᠯᠬᠦ ᠠᠵᠢᠯ ᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠨ᠂ ᠲᠤᠪᠴᠢᠶᠠᠨ ᠳᠠᠭᠠᠨ ᠰᠤᠶᠤᠯ ᠢᠶᠠᠷ ᠬᠡᠪ ᠪᠣᠯᠪᠠᠰᠣᠷᠠᠯ ᠢᠶᠠᠨ ᠲᠡᠭᠡᠭᠰᠢᠯᠡᠬᠦᠯᠬᠦ ᠶᠢ ᠤᠷᠢᠶᠠᠯᠠᠵᠤ᠂ ᠲᠣᠪᠴᠢᠶ᠎ᠠ ᠲᠠᠶᠠᠭᠠᠷ ᠢᠶᠠᠨ ᠨᠤᠮ ᠤᠩᠰᠢᠬᠤ ᠬᠤᠷᠠᠯ᠂ ᠤᠷᠠᠨ ᠲᠤᠳᠤ ᠤᠩᠰᠢᠯᠭ᠎ᠠ ᠶᠢᠨ ᠬᠤᠷᠠᠯ ᠵᠡᠷᠬᠡ ᠰᠢᠷᠢᠰ ᠰᠣᠶᠣᠯ ᠤᠨ ᠠᠵᠢᠯᠯᠠᠭ᠎ᠠ ᠶᠢ ᠦᠷᠨᠢᠭᠦᠯᠬᠦ ᠪᠠᠷ ᠲᠠᠮᠵᠢᠭᠤᠯᠤᠨ᠂ ᠰᠣᠶᠣᠯ ᠤᠨ ᠪᠠᠶᠢᠭᠤᠯᠤᠯᠳᠠ ᠶᠢ ᠴᠢᠬᠤᠯᠠᠴᠢᠯᠠᠨ᠂ ᠰᠣᠶᠣᠯ ᠤᠨ ᠠᠭᠤᠷ ᠠᠮᠢᠰᠬᠤᠯ ᠢ ᠪᠤᠶᠢᠵᠢᠭᠤᠯᠵᠤ᠂ ᠰᠤᠶᠤᠯᠳᠣ ᠴᠠᠬᠳᠠᠭᠠᠨ ᠤ ᠬᠤᠸᠠᠷᠠᠨ ᠢ ᠴᠣᠭᠴᠠᠯᠠᠬᠤ ᠠᠵᠢᠯ ᠤᠨ ᠲᠣᠭᠲᠠᠴᠠ ᠶᠢ ᠪᠦᠷᠢᠯᠳᠦᠭᠦᠯᠵᠡᠢ᠃
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号