ᠬᠤᠲᠠ ᠶᠢᠨ ᠤᠳᠤᠷᠢᠳᠤᠯᠭ᠎ᠠ ᠨᠢᠭᠡᠳᠦᠭᠡᠷ ᠹᠷᠣᠨᠲ ᠤᠨ ᠰᠤᠪᠢᠯᠠᠭᠴᠢᠳ ᠢ ᠪᠣᠯᠭᠤᠭᠠᠨ ᠲᠣᠬᠤᠨᠢᠭᠤᠯᠪᠠ
ᠨᠡᠶᠢᠲᠡᠯᠡᠭᠰᠡᠨ ᠴᠠᠭ᠄
2020-05-13
       ︵ᠰᠤᠷᠪᠤᠯᠵᠢᠯᠠᠭᠴᠢ ᠯᠢᠶᠠᠩ ᠵᠢᠩ ᠱᠤ᠋︶ 5 ᠳ᠋ᠤᠭᠠᠷ ᠰᠠᠷ᠎ᠠ ᠶᠢᠨ 12 ᠤᠨ ᠡᠳᠦᠷ᠂ ᠬᠤᠲᠠ ᠶᠢᠨ ᠳᠡᠳ᠋ ᠳᠠᠷᠤᠭ᠎ᠠ ᠰᠢᠦᠢ ᠷᠦᠢ ᠨᠠᠷ  ᠬᠤᠲᠠ ᠶᠢᠨ ᠨᠢᠭᠡᠳᠦᠭᠡᠷ ᠡᠮᠨᠡᠯᠭᠡ ᠶᠢᠨ ᠬᠤᠷᠢᠶ᠎ᠠ᠂ ᠬᠤᠲᠠ ᠶᠢᠨ ᠬᠤᠶᠠᠳᠤᠭᠠᠷ ᠡᠮᠨᠡᠯᠭᠡ ᠶᠢᠨ ᠬᠤᠷᠢᠶ᠎ᠠ ᠳᠤ ᠬᠦᠷᠴᠦ᠂ ᠨᠢᠭᠡᠳᠦᠭᠡᠷ ᠹᠷᠣᠨᠲ ᠤᠨ ᠠᠵᠢᠯ ᠤᠨ ᠪᠠᠶᠢᠷᠢᠨ ᠳᠠᠭᠠᠨ ᠠᠵᠢᠯᠯᠠᠵᠤ ᠪᠠᠶᠢᠭ᠎ᠠ ᠰᠤᠪᠢᠯᠠᠭᠴᠢᠳ ᠢ ᠪᠣᠯᠭᠤᠭᠠᠨ ᠲᠣᠬᠤᠨᠢᠭᠤᠯᠵᠤ᠂ ᠬᠤᠲᠠ ᠶᠢᠨ ᠨᠠᠮ ᠤᠨ ᠬᠤᠷᠢᠶ᠎ᠠ᠂ ᠬᠤᠲᠠ ᠶᠢᠨ ᠵᠠᠰᠠᠭ ᠤᠨ ᠣᠷᠳᠣᠨ ᠢ ᠲᠥᠯᠥᠭᠡᠯᠡᠨ ᠪᠦᠬᠦ ᠬᠤᠲᠠ ᠶᠢᠨ ᠥᠷᠭᠡᠨ ᠣᠯᠠᠨ ᠰᠤᠪᠢᠯᠠᠭᠴᠢᠳ ᠲᠤ ᠪᠠᠶᠠᠷ ᠤᠨ ᠡᠳᠦᠷ ᠤᠨ ᠮᠡᠨᠳᠦᠴᠢᠯᠡᠯ ᠳᠡᠪᠰᠢᠭᠦᠯᠪᠡ᠃      ᠰᠢᠦᠢ ᠷᠦᠢ ᠰᠢᠶᠠ ᠨᠠᠷ ᠡᠯ᠎ᠡ ᠡᠮᠨᠡᠯᠭᠡ ᠶᠢᠨ ᠬᠤᠷᠢᠶ᠎ᠠ ᠶᠢᠨ ᠬᠢᠵᠢᠭ ᠤᠨ ᠪᠠᠶᠢᠳᠠᠯ ᠢ ᠰᠡᠷᠭᠡᠶᠢᠯᠡᠨ  ᠡᠵᠡᠮᠳᠡᠵᠦ ᠪᠠᠶᠢᠭ᠎ᠠ ᠠᠷᠭ᠎ᠠ ᠬᠡᠮᠵᠢᠶ᠎ᠡ᠂ ᠡᠮᠴᠢᠯᠡᠭᠡ ᠶᠢᠨ ᠦᠢᠯᠡᠴᠢᠯᠡᠭᠡ ᠵᠡᠷᠭᠡ ᠪᠠᠶᠢᠳᠠᠯ ᠢ ᠨᠠᠷᠢᠨ  ᠣᠶᠢᠯᠠᠭᠠᠵᠤ᠂ ᠡᠮᠴᠢ ᠰᠤᠪᠢᠯᠠᠭᠴᠢ ᠶᠢᠨ ᠲᠥᠯᠥᠭᠡᠯᠡᠭᠴᠢ ᠲᠠᠢ ᠶᠠᠷᠢᠯᠴᠠᠨ᠂ ᠰᠡᠭᠦᠳᠡᠷ ᠲᠠᠲᠠᠭᠤᠯᠤᠭᠰᠠᠨ ᠤ ᠬᠠᠮᠲᠤ᠂ ᠰᠣᠷᠭᠤᠭ ᠴᠡᠴᠡᠭ ᠬᠦᠷᠭᠡᠨ᠂ ᠲᠡᠳᠡᠨ ᠳᠤ ᠴᠢᠩ ᠰᠡᠳᠬᠢᠯ ᠠᠴᠠ ᠪᠠᠨ ᠲᠠᠯᠠᠷᠬᠠᠵᠤ ᠪᠠᠶᠢᠭ᠎ᠠ   ᠪᠠᠨ ᠢᠯᠡᠳᠬᠡᠵᠡᠢ᠃      ᠰᠢᠦᠢ ᠷᠦᠢ ᠰᠢᠶᠠ ᠢᠯᠡᠷᠬᠡᠶᠢᠯᠡᠬᠦ ᠳᠡᠭᠡᠨ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠡᠭᠦᠰᠦᠭᠰᠡᠨ ᠠᠴᠠ ᠨᠠᠭᠠᠰᠢ᠂ ᠮᠠᠨ ᠤ ᠬᠤᠲᠠ ᠶᠢᠨ ᠡᠮᠴᠢ ᠰᠤᠪᠢᠯᠠᠭᠴᠢᠳ  ᠦᠴᠦᠭᠡᠨ ᠴᠤ ᠡᠷᠡᠭᠡᠯᠵᠡᠯ ᠦᠭᠡᠢ ᠪᠠᠷ  ᠳᠠᠶᠢᠨ ᠳᠤ ᠰᠥᠷᠥᠨ ᠮᠣᠷᠳᠠᠵᠤ᠂ ᠴᠠᠭᠠᠨ ᠬᠤᠪᠴᠠᠰᠤ ᠪᠠᠷ ᠢᠶᠠᠨ ᠬᠤᠶᠠᠭᠯᠠᠨ ᠬᠦᠨᠳᠦ ᠨᠠᠶᠢᠳᠠᠯᠭ᠎ᠠ ᠶᠢ ᠬᠦᠰᠡᠷᠳᠡᠭᠦᠯᠦᠯ ᠦᠭᠡᠢ᠂ ᠡᠷᠡᠯᠬᠡᠭ ᠪᠠᠭᠠᠲᠤᠷᠯᠢᠭ ᠢᠶᠠᠷ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠲᠡᠮᠡᠴᠡᠯ ᠤᠨ ᠨᠢᠭᠡᠳᠦᠭᠡᠷ ᠹᠷᠣᠨᠲ ᠲᠤ ᠭᠠᠪᠰᠢᠭᠠᠶᠢᠯᠠᠨ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠬᠤᠷᠢᠭᠯᠠᠯᠲᠠ ᠶᠢᠨ ᠳᠠᠶᠢᠯᠠᠯᠳᠤᠭᠠᠨ ᠤ ᠢᠯᠠᠯᠲᠠ ᠶᠢ ᠣᠯᠬᠤ᠂ ᠠᠷᠠᠳ ᠲᠦᠮᠡᠨ ᠤ ᠠᠮᠢ ᠨᠠᠰᠤᠨ ᠤ ᠠᠮᠤᠷ ᠲᠦᠪᠰᠢᠨ ᠪᠠ ᠪᠡᠶ᠎ᠡ ᠮᠠᠬᠠᠪᠤᠳ ᠤᠨ ᠡᠷᠡᠭᠦᠯ ᠮᠡᠨᠳᠦ ᠶᠢ ᠪᠠᠲᠤᠯᠠᠬᠤ ᠳᠤ ᠴᠢᠬᠤᠯᠠ ᠬᠤᠪᠢ ᠨᠡᠮᠡᠷᠢ ᠦᠵᠡᠭᠦᠯᠵᠦ᠂ ᠪᠣᠳᠠᠲᠤ ᠦᠢᠯᠡ ᠠᠵᠢᠯᠯᠠᠭ᠎ᠠ ᠪᠠᠷ ᠢᠶᠠᠨ ᠠᠮᠢ ᠨᠠᠰᠤ ᠶᠢ  ᠬᠦᠨᠳᠦᠳᠭᠡᠬᠦ᠂ ᠦᠬᠦᠯ ᠠᠴᠠ ᠠᠪᠤᠷᠠᠨ ᠰᠢᠷᠬᠠᠲᠤᠭᠰᠠᠳ ᠢ ᠲᠡᠩᠬᠡᠷᠡᠭᠦᠯᠬᠦ᠂  ᠲᠤᠷᠠᠲᠠᠶ᠎ᠠ ᠬᠤᠪᠢ ᠨᠡᠮᠡᠷᠢ ᠦᠵᠡᠭᠦᠯᠬᠦ᠂  ᠦᠯᠡᠮᠵᠢ ᠶᠢᠨ ᠬᠠᠶᠢᠷ᠎ᠠ ᠪᠠᠨ ᠡᠷᠬᠦᠬᠦ ᠡᠷᠬᠢᠮ ᠳᠡᠭᠡᠳᠦ ᠵᠣᠷᠢᠭ ᠰᠠᠨᠠᠭ᠎ᠠ ᠶᠢ ᠦᠢᠯᠡᠳᠦᠯᠭᠡᠵᠢᠭᠦᠯᠪᠡ᠃ ᠡᠮᠴᠢ ᠰᠤᠪᠢᠯᠠᠭᠴᠢᠳ ᠦᠷᠭᠦᠯᠵᠢᠯᠡᠨ ᠥᠪᠡᠷ ᠤᠨ ᠪᠡᠶ᠎ᠡ ᠪᠠᠨ ᠰᠠᠶᠢᠨ ᠬᠠᠮᠠᠭᠠᠯᠠᠨ᠂ ᠬᠡᠪᠰᠢᠭᠰᠡᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠳᠤ ᠢᠳᠡᠪᠬᠢᠲᠡᠢ ᠣᠷᠣᠯᠴᠠᠵᠤ᠂ ᠡᠷᠡᠭᠦᠯ ᠮᠡᠨᠳᠦ ᠬᠥᠬᠡᠬᠤᠲᠠ ᠶᠢᠨ ᠪᠦᠲᠦᠭᠡᠨ ᠪᠠᠶᠢᠭᠤᠯᠤᠯᠲᠠ ᠳᠤ ᠦᠷᠭᠦᠯᠵᠢᠯᠡᠨ ᠥᠪᠡᠷ ᠤᠨ ᠬᠤᠪᠢ ᠨᠡᠮᠡᠷᠢ ᠪᠠᠨ ᠦᠵᠡᠭᠦᠯᠬᠦ ᠶᠢ ᠬᠦᠰᠡᠵᠦ ᠪᠠᠶᠢᠨ᠎ᠠ ᠭᠡᠵᠡᠢ᠃
 
ᠢᠷᠡᠯᠲᠡ᠄ ᠬᠥᠬᠡᠬᠤᠲᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号