ᠬᠦᠬᠡᠬᠤᠳᠠ ᠶᠢᠨ ᠡᠳᠣᠷ ᠤᠨ ᠰᠣᠨᠢᠨ ᠤ ᠮᠡᠳᠡᠭᠡ ︵ᠰᠤᠷᠪᠤᠯᠵᠢᠯᠠᠭᠴᠢ ᠮᠢᠶᠣᠣ ᠴᠢᠩ︶ 2021 ᠣᠨ ᠤ | ᠪᠥᠬᠦ ᠤᠯᠤᠰ ᠤᠨ ᠠᠰᠫᠢᠷᠠᠨᠲ ᠡᠯᠰᠡᠬᠦ ᠰᠢᠯᠭᠠᠯᠲᠠ ︵ᠠᠩᠬᠠᠨ ᠤ ᠰᠢᠯᠭᠠᠯᠲᠠ︶ 2020 ᠣᠨ ᠤ 12 ᠰᠠᠷ᠎ᠠ ᠶᠢᠨ | 26 ᠤ ᠡᠳᠦᠷ ᠡᠬᠢᠯᠡᠨ᠎ᠡ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ | ᠰᠣᠷᠣᠭᠴᠢ ᠡᠯᠰᠡᠬᠦ ᠰᠢᠯᠭᠠᠯᠲᠠ ᠶᠢᠨ ᠲᠥᠪ ᠠᠴᠠ ᠰᠢᠯᠭᠠᠭᠤᠯᠤᠭᠴᠢ ᠳᠤ ᠰᠠᠨᠠᠭᠤᠯᠬᠤ ᠨᠢ᠂ ᠰᠢᠨ᠎ᠡ ᠲᠢᠲᠢᠮᠯᠢᠭ | ᠠᠭᠤᠰᠬᠢᠨ ᠦᠷᠪᠢᠰᠦᠯ ᠤᠨ ᠬᠢᠵᠢᠭ ᠢ ᠰᠡᠷᠭᠡᠶᠢᠯᠡᠬᠦ ᠪᠡᠯᠡᠳᠬᠡᠯ ᠢ ᠰᠠᠶᠢᠲᠤᠷ ᠬᠢᠵᠦ᠂ ᠰᠢᠯᠭᠠᠭᠤᠯᠤᠭᠴᠢ ᠠᠮᠠᠪᠴᠢ | ᠵᠡᠷᠭᠡ ᠬᠤᠪᠢ ᠬᠥᠮᠦᠨ ᠤ ᠬᠠᠮᠠᠭᠠᠯᠠᠯᠲᠠ ᠶᠢᠨ ᠬᠡᠷᠡᠭᠰᠡᠯ ᠢᠶᠠᠨ ᠪᠡᠯᠡᠳᠬᠡᠬᠦ ᠬᠡᠷᠡᠭᠲᠡᠶ᠃ ᠰᠢᠯᠭᠠᠯᠲᠠ ᠠᠴᠠ ᠡᠮᠦᠨᠡᠬᠢ | 14 ᠡᠳᠦᠷ ︵ᠲᠤᠬᠠᠢᠢᠯᠠᠪᠠᠯ 12 ᠰᠠᠷ᠎ᠠ ᠶᠢᠨ 12 ᠤᠨ ᠡᠳᠦᠷ︶ ᠠᠴᠠ ᠡᠬᠢᠯᠡᠨ᠂ ᠪᠣᠶ ᠪᠥᠬᠦᠶ ᠰᠢᠯᠭᠠᠭᠤᠯᠤᠭᠴᠢ | ᠪᠡᠶ᠎ᠡ ᠶᠢᠨ ᠬᠠᠯᠠᠭᠤᠨ ᠢᠶᠠᠨ ᠬᠡᠮᠵᠢᠵᠦ ᠪᠡᠶ᠎ᠡ ᠮᠠᠬᠠᠪᠣᠳ ᠤᠨ ᠡᠷᠡᠭᠦᠯ ᠮᠡᠨᠳᠦ ᠶᠢᠨ ᠪᠠᠶᠢᠳᠠᠯ ᠢᠶᠠᠨ ᠬᠢᠨᠠᠨ ᠬᠡᠮᠵᠢᠭᠦ | ᠬᠡᠷᠡᠭᠲᠡᠢ᠂ ᠡᠭᠦᠨ ᠳᠤ᠂ ᠲᠣᠰ ᠬᠤᠭᠤᠴᠠᠭᠠᠨ ᠤ ᠲᠡᠭᠦᠰᠬᠦ ᠰᠢᠯᠭᠠᠭᠤᠯᠤᠭᠴᠢ ᠶᠢ ᠪᠠᠶᠢᠭ᠎ᠠ ᠶᠡᠭᠡ ᠳᠡᠭᠡᠳᠦ | ᠰᠤᠷᠭᠠᠭᠤᠯᠢ ︵ᠪᠤᠶᠤ ᠳᠠᠳᠤᠯᠭ᠎ᠠ ᠶᠢᠨ ᠨᠢᠭᠡᠴᠡ︶ ᠨᠢ ᠬᠢᠨᠠᠨ ᠬᠡᠮᠵᠢᠬᠦ ᠠᠵᠢᠯ ᠢ ᠬᠠᠷᠢᠭᠤᠴᠠᠨ᠎ᠠ᠂ ᠲᠣᠰ | ᠬᠤᠭᠤᠴᠠᠭᠠᠨ ᠤ ᠪᠤᠰᠤ ᠲᠡᠭᠦᠰᠬᠦ ᠰᠢᠯᠭᠠᠭᠤᠯᠤᠭᠴᠢ ᠶᠢ ᠪᠠᠶᠢᠭ᠎ᠠ ᠨᠢᠭᠡᠴᠡ ︵ᠪᠤᠶᠤ ᠬᠡᠷᠡᠭ ᠡᠷᠬᠢᠯᠡᠬᠦ ᠭᠠᠵᠠᠷ ᠵᠡᠷᠭᠡ︶ | ᠨᠢ ᠬᠢᠨᠠᠨ ᠬᠡᠮᠵᠢᠬᠦ ᠠᠵᠢᠯ ᠢ ᠬᠠᠷᠢᠭᠤᠴᠠᠨ᠎ᠠ᠃ | ᠱᠠᠭᠠᠷᠳᠠᠯᠭ᠎ᠠ ᠶᠣᠰᠣᠭᠠᠷ᠂ ᠰᠢᠯᠭᠠᠭᠤᠯᠤᠭᠰᠠᠳ ︽ᠮᠥᠩᠬᠡ ᠰᠤᠪᠠᠭ︾ ᠪᠤᠶᠤ ︽ᠦᠪᠦᠷ ᠮᠤᠩᠭᠤᠯ ᠤᠨ | ᠡᠷᠡᠭᠦᠯ ᠮᠡᠡᠲᠦ︾ App ᠢ ᠪᠠᠭᠤᠯᠭᠠᠨ ᠠᠪᠴᠤ᠂ ︽ᠡᠷᠡᠭᠦᠯ ᠮᠡᠨᠳᠦ ᠶᠢᠨ ᠺᠣᠳ᠋︾ ᠢ ᠭᠤᠶᠤᠴᠢᠯᠠᠨ ᠠᠪᠴᠤ᠂ | ᠪᠡᠶ᠎ᠡ ᠮᠠᠬᠠᠪᠣᠳ ᠤᠨ ᠡᠷᠡᠭᠦᠯ ᠮᠡᠨᠳᠦ ᠶᠢᠨ ᠪᠠᠶᠢᠳᠠᠯ ᠤᠨ ᠬᠢᠨᠠᠨ ᠬᠡᠮᠵᠢᠯᠲᠡ ᠶᠢ ᠬᠢᠨᠠᠮᠠᠭᠠᠶ ᠰᠠᠶᠢᠲᠤᠷ ᠬᠢᠵᠦ᠂ ᠬᠡᠷᠪᠡ | ᠬᠠᠯᠠᠭᠤᠷᠠᠬᠤ᠂ ᠬᠠᠭᠤᠷᠠᠶ ᠪᠠᠷ ᠬᠠᠨᠢᠶᠠᠯᠭᠠᠬᠤ᠂ ᠲᠠᠮᠢᠷᠳᠠᠬᠤ᠂ ᠬᠠᠮᠠᠷ ᠪᠥᠭᠯᠡᠷᠡᠬᠦ ᠵᠡᠷᠭᠡ ᠡᠪᠡᠳᠴᠢᠨ ᠤ ᠪᠠᠶᠢᠳᠠᠯ | ᠢᠯᠡᠷᠡᠪᠡᠯ᠂ ᠲᠣᠭᠲᠠᠭᠠᠯ ᠶᠣᠰᠣᠭᠠᠷ ᠴᠠᠭ ᠲᠤᠬᠠᠶ ᠳᠤᠨᠢ ᠡᠮᠨᠡᠭᠦᠯᠬᠦ ᠬᠡᠷᠡᠭᠲᠡᠶ᠃ ᠰᠢᠯᠭᠠᠭᠤᠯᠤᠭᠰᠠᠳ ︽2021 | ᠣᠨ ᠤ ᠪᠥᠬᠦ ᠤᠯᠤᠰ ᠤᠨ ᠠᠰᠫᠢᠷᠠᠨᠲ ᠡᠯᠰᠡᠬᠦ ᠰᠢᠯᠭᠠᠯᠲᠠ ᠶᠢᠨ ᠰᠢᠯᠭᠠᠭᠤᠯᠤᠭᠴᠢ ᠶᠢᠨ ᠡᠷᠡᠭᠦᠯ ᠮᠡᠨᠳᠦ ᠶᠢᠨ | ᠪᠠᠶᠢᠳᠠᠯ ᠤᠨ ᠠᠮᠠᠯᠠᠯᠲᠠ ᠶᠢᠨ ᠪᠢᠴᠢᠭ︾ ᠢ ᠲᠠᠭᠯᠠᠬᠤ ᠴᠢᠬᠤᠯᠠᠲᠠᠶ᠃ ᠰᠢᠯᠭᠠᠯᠲᠠ ᠶᠢᠨ ᠬᠤᠭᠤᠴᠠᠭᠠᠨ ᠳᠤ | ᠰᠢᠯᠭᠠᠯᠲᠠ ᠶᠢᠨ ᠴᠡᠭ ᠲᠤ ᠣᠷᠣᠬᠤ ᠳᠤ᠂ ᠲᠣᠰ ᠬᠥᠮᠦᠨ ᠤ ᠨᠤᠭᠤᠭᠠᠨ ᠦᠡᠭᠭᠡ ᠲᠠᠢ ᠡᠷᠡᠭᠦᠯ ᠮᠡᠨᠳᠦ ᠶᠢᠨ | ᠺᠣᠳ᠋ ᠢᠶᠠᠨ ᠭᠠᠷᠭᠠᠵᠤ ᠦᠵᠡᠭᠦᠯᠭᠦ ᠪᠦᠭᠡᠳ ᠡᠷᠡᠭᠦᠯ ᠮᠡᠨᠳᠦ ᠶᠢᠨ ᠪᠠᠶᠢᠳᠠᠯ ᠤᠨ ᠠᠮᠠᠯᠠᠯᠲᠠ ᠶᠢᠨ ᠪᠢᠴᠢᠭ ᠢᠶᠠᠨ | ᠳᠡᠭᠡᠭᠰᠢ ᠲᠤᠰᠢᠶᠠᠬᠤ ᠬᠡᠷᠡᠭᠲᠡᠶ᠃ | ᠰᠢᠯᠭᠠᠯᠲᠠ ᠶᠢᠨ ᠴᠠᠭ ᠨᠢ 2020 ᠣᠨ ᠤ 12 ᠰᠠᠷ᠎ᠠ ᠶᠢᠨ 26 ᠤ ᠡᠳᠦᠷ ᠠᠴᠠ 28 ᠤ ᠡᠳᠦᠷ ︵ᠡᠳᠦᠷ | ᠪᠦᠷᠢ ᠶᠢᠨ ᠦᠳᠡ ᠶᠢᠨ ᠡᠮᠦᠨᠡᠭᠢ 8᠄ 30 — 11᠄ 30᠂ ᠦᠳᠡ ᠶᠢᠨ ᠬᠤᠶᠢᠨᠠᠭᠢ 14᠄ 00 — 17 | ᠄ 00︶ ᠪᠣᠯᠤᠨ᠎ᠠ᠃ 3 ᠴᠠᠭ ᠠᠴᠠ ᠬᠡᠲᠦᠷᠡᠭᠰᠡᠨ ᠰᠢᠯᠭᠠᠯᠲᠠ ᠶᠢᠨ ᠬᠢᠴᠢᠶᠡᠯ ᠲᠦᠷᠦᠯ ᠢ 12 ᠰᠠᠷ᠎ᠠ ᠶᠢᠨ 28 ᠤ | ᠡᠳᠦᠷ ᠶᠠᠪᠤᠭᠳᠠᠭᠤᠯᠤᠨ᠎ᠠ ︵ᠡᠬᠢᠯᠡᠬᠦ ᠴᠠᠭ ᠨᠢ 8᠄ 30᠂ ᠳᠠᠭᠤᠰᠬᠤ ᠴᠠᠭ ᠢ ᠰᠤᠷᠤᠭᠴᠢ ᠡᠯᠰᠡᠬᠦ ᠨᠢᠭᠡᠴᠡ ᠠᠴᠠ | ᠲᠣᠭᠲᠠᠭᠠᠨ᠎ᠠ᠂ 14᠄ 30 ᠠᠴᠠ ᠬᠡᠲᠦᠷᠡᠭᠦᠯᠬᠦ ᠦᠭᠡᠶ︶᠃ ᠠᠳᠠᠭ ᠲᠠᠭᠠᠨ ᠰᠢᠯᠭᠠᠯᠲᠠ ᠡᠬᠢᠯᠡᠬᠦ ᠠᠴᠠ ᠬᠠᠭᠠᠰ | ᠴᠠᠭ ᠤᠨ ᠡᠮᠦᠨ᠎ᠡ ᠰᠢᠯᠭᠠᠯᠲᠠ ᠶᠢᠨ ᠴᠡᠭ ᠲᠤ ᠬᠦᠷᠭᠦ ᠬᠡᠷᠡᠭᠲᠡᠢ᠃ ᠰᠢᠯᠭᠠᠯᠲᠠ ᠡᠬᠢᠯᠡᠭᠰᠡᠨ 15 ᠮᠢᠨᠦ᠋ᠲ ᠤᠨ | ᠳᠠᠷᠠᠭ᠎ᠠ᠂ ᠬᠤᠵᠢᠮᠳᠠᠭᠰᠠᠨ ᠰᠢᠯᠭᠠᠭᠤᠯᠤᠭᠴᠢ ᠰᠢᠯᠭᠠᠯᠲᠠ ᠶᠢᠨ ᠴᠡᠭ ᠲᠤ ᠣᠷᠣᠵᠤ ᠲᠤᠰ ᠬᠢᠴᠢᠶᠡᠯ ᠲᠦᠷᠦᠯ ᠤᠨ | ᠰᠢᠯᠭᠠᠯᠳᠠ ᠳᠤ ᠤᠷᠤᠯᠴᠠᠵᠤ ᠪᠣᠯᠬᠤ ᠥᠬᠡᠶ᠃ | ᠰᠢᠯᠭᠠᠭᠤᠯᠤᠭᠴᠢ 2020 ᠣᠨ ᠤ 12 ᠰᠠᠷ᠎ᠠ ᠶᠢᠨ 12 ᠤᠨ ᠡᠳᠦᠷ ︵︽ᠠᠰᠫᠢᠷᠠᠨᠲ ᠡᠯᠰᠡᠬᠦ ᠮᠡᠳᠡᠭᠡ | ᠵᠠᠩᠭᠢ ᠶᠢᠨ ᠰᠦᠯᠵᠢᠶ᠎ᠡ︾ ᠶᠢᠨ ᠨᠡᠪᠲᠡᠷᠡᠬᠦ ᠴᠠᠭ ᠢᠶᠠᠷ ᠪᠠᠷᠢᠮᠵᠢᠶ᠎ᠠ ᠪᠣᠯᠭᠠᠨ᠎ᠠ︶ ᠠᠴᠠ ᠡᠬᠢᠯᠡᠨ᠂ ᠰᠦᠯᠵᠢᠶᠡᠨ | ᠳᠡᠭᠡᠷ᠎ᠡ ᠨᠡᠷ᠎ᠡ ᠮᠡᠳᠡᠭᠦᠯᠦᠭᠰᠡᠨ ᠬᠡᠷᠡᠭᠯᠡᠭᠴᠢ ᠶᠢᠨ ᠨᠡᠷ᠎ᠡ ᠪᠠ ᠨᠢᠭᠤᠴᠠ ᠨᠣᠮᠧᠷ ᠢᠶᠠᠷ ᠢᠶᠠᠨ ︽ᠠᠰᠫᠢᠷᠠᠨᠲ ᠡᠯᠰᠡᠬᠦ | ᠮᠡᠳᠡᠭᠡ ᠵᠠᠩᠭᠢ ᠶᠢᠨ ᠰᠦᠯᠵᠢᠶ᠎ᠡ︾ ᠳᠤ ᠣᠷᠣᠵᠤ ︽ᠰᠢᠯᠭᠠᠭᠤᠯᠬᠤ ᠦᠨᠡᠮᠯᠡᠯ︾᠂ ︽ᠰᠠᠭᠤᠳᠠᠯ ᠤᠨ ᠮᠡᠳᠡᠭᠳᠡᠯ ᠤᠨ | ᠬᠠᠭᠤᠳᠠᠰᠤ︾ ᠶᠢ ᠥᠪᠡᠰᠦᠪᠡᠨ ᠪᠠᠭᠤᠯᠭᠠᠨ ᠠᠪᠴᠤ ᠲᠠᠷᠤᠮᠠᠯᠯᠠᠨ᠎ᠠ︔ ︽ᠰᠢᠯᠭᠠᠭᠤᠯᠬᠤ ᠦᠨᠡᠮᠯᠡᠯ︾ ᠪᠠ ︽ | ᠰᠠᠭᠤᠳᠠᠯ ᠤᠨ ᠮᠡᠳᠡᠭᠳᠡᠯ ᠤᠨ ᠬᠠᠭᠤᠳᠠᠰᠤ︾ ᠶᠢ A4 ᠬᠡᠪ ᠤᠨ ᠴᠠᠭᠠᠨ ᠴᠠᠭᠠᠰᠤ ᠪᠠᠷ ᠳᠠᠷᠤᠮᠠᠯᠯᠠᠵᠤ᠂ ᠨᠢᠭᠤᠷ | ᠲᠠᠯ᠎ᠠ ᠪᠠ ᠠᠷᠤ ᠲᠠᠯ᠎ᠠ ᠶᠢ ᠨᠢ ᠬᠡᠷᠡᠭᠯᠡᠬᠦ ᠬᠤᠭᠤᠴᠠᠭᠠᠨ ᠳᠤ ᠪᠠᠯᠠᠯᠤᠨ ᠵᠠᠰᠠᠬᠤ ᠪᠤᠶᠤ ᠦᠰᠦᠭ ᠪᠢᠴᠢᠵᠦ ᠪᠣᠯᠬᠤ | ᠥᠬᠡᠶ᠃ ᠰᠢᠯᠭᠠᠭᠤᠯᠤᠭᠴᠢ ᠬᠠᠮᠢᠶ᠎ᠠ ᠪᠥᠬᠦᠶ ᠦᠨᠡᠮᠯᠡᠯ ᠢᠶᠠᠨ ᠰᠠᠶᠢᠲᠤᠷ ᠪᠡᠯᠡᠳᠬᠡᠵᠦ᠂ ᠬᠦᠴᠦᠨ ᠪᠥᠬᠦᠶ ᠪᠡᠶ᠎ᠡ ᠶᠢᠨ | ᠦᠨᠡᠮᠯᠡᠯ᠂ ︽ᠰᠢᠯᠭᠠᠭᠤᠯᠬᠤ ᠦᠨᠡᠮᠯᠡᠯ︾ ᠪᠠ ︽ᠰᠠᠭᠤᠳᠠᠯ ᠤᠨ ᠮᠡᠳᠡᠭᠳᠡᠯ ᠤᠨ ᠬᠠᠭᠤᠳᠠᠰᠤ︾ ᠪᠠᠷ ᠢᠶᠠᠨ | ᠰᠢᠯᠭᠠᠯᠲᠠ ᠶᠢᠨ ᠴᠡᠭ ᠤᠨ ᠲᠣᠬᠢᠷᠠᠭᠤᠯᠤᠯᠲᠠ ᠶᠣᠰᠣᠭᠠᠷ ᠰᠢᠯᠭᠠᠯᠲᠠ ᠶᠢᠨ ᠲᠠᠯᠠᠪᠦᠷ ᠲᠤ ᠤᠷᠤᠵᠤ ᠠᠵᠢᠯᠲᠠᠨ ᠤ | ᠲᠣᠭᠲᠠᠭᠠᠯ ᠶᠣᠰᠣᠭᠠᠷ ᠬᠢᠵᠦ ᠪᠠᠶᠢᠭ᠎ᠠ ᠪᠡᠶ᠎ᠡ ᠶᠢᠨ ᠬᠠᠯᠠᠭᠤᠨ ᠤ ᠬᠡᠮᠵᠢᠯᠲᠡ᠂ ᠪᠡᠶ᠎ᠡ ᠬᠡᠮ ᠤᠨ ᠰᠢᠯᠭᠠᠨ ᠪᠠᠳᠤᠯᠠᠯᠳᠠ | ᠪᠠ ᠠᠮᠤᠷ ᠲᠦᠪᠰᠢᠨ ᠤ ᠪᠠᠶᠢᠴᠠᠭᠠᠯᠲᠠ ᠶᠢ ᠰᠠᠨᠠᠭᠠᠴᠢᠯᠠᠭ᠎ᠠ ᠠᠴᠠ ᠪᠠᠨ ᠬᠦᠯᠢᠶᠡᠬᠦ ᠬᠡᠷᠡᠭᠲᠡᠶ᠃ ᠰᠢᠯᠭᠠᠯᠲᠠ ᠶᠢᠨ | ᠴᠡᠭ ᠠᠴᠠ ᠰᠠᠭᠠᠷᠮᠠᠭ ᠪᠡᠭᠡᠲᠦ ᠪᠢᠷ᠂ ᠪᠢᠷ ᠤᠨ ᠭᠤᠤᠯ᠂ ᠠᠰ ᠱᠤᠭᠤᠮ᠂ ᠪᠠᠯᠠᠯᠤᠭᠤᠷ᠂ ᠪᠢᠴᠢᠭ ᠤᠨ ᠬᠡᠷᠡᠭᠰᠡᠯ ᠤᠨ | ᠤᠭᠤᠲᠠ ᠶᠢ ᠨᠢᠭᠡᠳᠦᠯᠲᠡᠶ ᠲᠣᠬᠢᠷᠠᠭᠤᠯᠬᠤ ᠲᠤᠯᠠ ᠰᠢᠯᠭᠠᠭᠤᠯᠤᠭᠴᠢ ᠳᠡᠭᠡᠷ᠎ᠡ ᠳᠤᠷᠠᠳᠤᠭᠰᠠᠨ ᠪᠢᠴᠢᠭ ᠤᠨ | ᠬᠡᠷᠡᠭᠰᠡᠯ ᠢ ᠥᠪᠡᠰᠦᠪᠡᠨ ᠠᠪᠴᠤ ᠤᠷᠤᠵᠤ ᠪᠣᠯᠬᠤ ᠥᠬᠡᠶ᠃ ᠰᠢᠯᠭᠠᠯᠲᠠ ᠶᠢᠨ ᠬᠢᠴᠢᠶᠡᠯ ᠲᠥᠷᠥᠯ ᠤᠨ | ᠬᠡᠷᠡᠭᠴᠡᠭᠡ ᠶᠢ ᠦᠨᠳᠦᠰᠦᠯᠡᠨ᠂ ᠰᠢᠯᠭᠠᠭᠤᠯᠤᠭᠴᠢ 2B ᠬᠠᠷᠠᠨᠳᠠ᠂ ᠭᠤᠷᠲᠢᠭ᠂ ᠭᠤᠷᠪᠠᠯᠵᠢᠨ ᠬᠠᠪᠲᠠᠰᠤ᠂ ᠪᠢᠷ | ᠵᠣᠷᠭᠤᠬᠤ ᠬᠢᠲᠤᠭ᠎ᠠ ᠵᠢᠴᠢ ᠦᠪᠡᠰᠦᠪᠡᠨ ᠰᠡᠳᠤᠪ ᠲᠤᠬᠳᠠᠭᠠᠬᠤ ᠬᠢᠴᠢᠶᠡᠯ ᠲᠦᠷᠦᠯ ᠤᠨ ᠵᠢᠵᠢᠭ ᠵᠠᠬᠢᠳᠠᠯ ᠤᠨ | ᠤᠭᠤᠳᠠ ᠶᠢ ᠪᠢᠲᠡᠭᠦᠮᠵᠢᠯᠡᠬᠦ ᠨᠠᠭᠠᠯᠲᠠ ︵ᠭᠤᠮ ᠰᠠᠪᠠᠭ᠎ᠠ︶ ᠵᠡᠷᠭᠡ ᠴᠢᠬᠤᠯᠠ ᠪᠥᠬᠦᠶ ᠰᠢᠯᠭᠠᠯᠲᠠ ᠶᠢᠨ ᠪᠠᠭᠠᠵᠢ ᠶᠢ | ᠠᠪᠴᠤ ᠤᠷᠤᠵᠤ ᠪᠣᠯᠤᠨ᠎ᠠ᠃ | ᠲᠠᠨᠢᠯᠴᠠᠭᠤᠯᠤᠭᠰᠠᠨ ᠢᠶᠠᠷ᠂ ᠲᠠᠷᠢᠶᠠᠯᠠᠩ ᠤᠨ ᠤᠬᠠᠭᠠᠨ ᠤ ᠲᠥᠷᠥᠯ ᠤᠨ ᠬᠠᠮᠲᠤᠷᠠᠭᠰᠠᠨ ᠰᠢᠯᠭᠠᠯᠲᠠ ᠶᠢᠨ | ᠬᠢᠮᠢ ︵ᠬᠢᠴᠢᠶᠡᠯ ᠲᠥᠷᠥᠯ ᠤᠨ ᠺᠣᠳ᠋ ᠨᠢ 315︶ ᠶᠢᠨ ᠰᠢᠯᠭᠠᠯᠳᠠ ᠳᠤ ᠲᠣᠯᠢ ᠪᠢᠴᠢᠭ ᠪᠠ ᠺᠤᠳ᠋ ᠨᠠᠶᠢᠷᠠᠭᠤᠯᠬᠤ | ᠴᠢᠳᠠᠮᠵᠢ ᠦᠭᠡᠢ᠂ ᠯᠤᠭᠠᠷ ᠵᠢᠴᠢ ᠵᠡᠷᠭᠡᠲᠦ ᠶᠢᠨ ᠢᠯᠡᠳᠭᠡᠭᠴᠢ ᠶᠢᠨ ᠪᠤᠳᠤᠯᠭ᠎ᠠ ᠶᠢᠨ ᠴᠢᠳᠠᠮᠵᠢ ᠪᠥᠬᠦᠶ ᠰᠢᠨᠵᠢᠯᠡᠬᠦ | ᠤᠬᠠᠭᠠᠨ ᠤ ᠪᠣᠳᠣᠭᠤᠷ ᠢ ᠠᠪᠴᠤ ᠬᠡᠷᠡᠭᠯᠡᠵᠦ ᠪᠣᠯᠤᠨ᠎ᠠ᠂ ᠪᠤᠰᠤᠳ ᠨᠢᠭᠡᠳᠦᠯᠲᠡᠶ ᠰᠢᠯᠭᠠᠯᠲᠠ ᠵᠢᠴᠢ ᠬᠠᠮᠲᠤᠷᠠᠭᠰᠠᠨ | ᠰᠢᠯᠭᠠᠯᠲᠠ ᠶᠢᠨ ᠬᠢᠴᠢᠶᠡᠯ ᠲᠥᠷᠥᠯ ᠳᠤ ᠪᠣᠳᠣᠭᠤᠷ ᠬᠡᠷᠡᠭᠯᠡᠬᠦ ᠶᠢ ᠵᠥᠪᠰᠢᠶᠡᠷᠡᠬᠦ ᠥᠬᠡᠶ︔ ᠰᠣᠷᠣᠭᠴᠢ ᠡᠯᠰᠡᠬᠦ | ᠨᠢᠭᠡᠴᠡ ᠶᠢᠨ ᠥᠪᠡᠰᠤᠪᠠᠠ ᠭᠠᠷᠭᠠᠭᠰᠠᠨ ᠰᠡᠳᠦᠪ ᠲᠤ ᠪᠣᠳᠣᠭᠤᠷ ᠬᠡᠷᠡᠭᠯᠡᠬᠦ ᠶᠢ ᠵᠥᠪᠰᠢᠶᠡᠷᠡᠬᠦ ᠡᠰᠡᠬᠦ ᠲᠤᠬᠠᠶ | ᠰᠢᠯᠭᠠᠭᠤᠯᠤᠭᠴᠢ ︽ᠰᠢᠯᠭᠠᠭᠤᠯᠬᠤ ᠦᠨᠡᠮᠯᠡᠯ︾ ᠳᠡᠭᠡᠷᠡᠬᠢ ︽ᠰᠣᠷᠣᠭᠴᠢ ᠡᠯᠰᠡᠬᠦ ᠨᠢᠭᠡᠴᠡ ᠶᠢᠨ ᠲᠣᠳᠣᠷᠬᠠᠶᠢᠯᠠᠯᠲᠠ | ︾ ᠶᠢ ᠤᠷᠢᠳᠠᠪᠠᠷ ᠪᠠᠶᠢᠴᠠᠭᠠᠨ ᠦᠵᠡᠬᠦ ᠬᠡᠷᠡᠭᠲᠡᠶ᠃ | ᠰᠢᠯᠭᠠᠯᠲᠠ ᠶᠢᠨ ᠲᠥᠪ ᠠᠴᠠ ᠰᠢᠯᠭᠠᠭᠤᠯᠤᠭᠰᠠᠳ ᠲᠤ ᠰᠠᠨᠠᠭᠤᠯᠬᠤ ᠨᠢ᠂ ᠰᠢᠯᠭᠠᠭᠤᠯᠤᠬᠰᠠᠳ ᠦᠨᠡᠨᠴᠢ | ᠢᠲᠡᠭᠡᠮᠵᠢ ᠶᠢᠨ ᠤᠬᠠᠮᠰᠠᠷ ᠢ ᠦᠨᠡᠨ ᠬᠦ ᠪᠣᠶ ᠪᠣᠯᠭᠠᠵᠤ᠂ ᠬᠤᠯᠪᠣᠭᠳᠠᠯ ᠪᠥᠬᠦᠶ ᠬᠠᠤᠯᠢ ᠴᠠᠭᠠᠵᠠ ᠬᠠᠤᠯᠢ | ᠲᠣᠭᠲᠠᠭᠠᠯ ᠵᠢᠴᠢ ᠰᠢᠯᠭᠠᠯᠲᠠ ᠶᠢᠨ ᠲᠣᠭᠲᠠᠭᠠᠯ ᠢ ᠴᠢᠩᠭ᠎ᠠ ᠵᠢᠷᠤᠮᠯᠠᠨ᠂ ᠰᠢᠯᠭᠠᠯᠲᠠ ᠶᠢᠨ ᠴᠡᠭ ᠤᠨ | ᠬᠠᠮᠢᠶᠠᠷᠤᠯᠲᠠ ᠶᠢ ᠳᠠᠭᠠᠵᠤ᠂ ᠰᠢᠯᠭᠠᠯᠲᠠ ᠶᠢᠨ ᠰᠠᠬᠢᠯᠭ᠎ᠠ ᠪᠠᠲᠤ ᠶᠢ ᠴᠢᠩᠭ᠎ᠠ ᠵᠢᠷᠤᠮᠯᠠᠨ᠂ ᠰᠢᠯᠭᠠᠯᠲᠠ ᠶᠢᠨ | ᠲᠠᠯᠠᠪᠤᠷ ᠤᠨ ᠡᠮᠬᠢ ᠵᠢᠷᠤᠮ ᠢ ᠤᠬᠠᠮᠰᠠᠷ ᠠᠴᠠ ᠪᠠᠨ ᠬᠠᠮᠠᠭᠠᠯᠠᠬᠤ ᠬᠡᠷᠡᠭᠲᠡᠶ᠃ ᠰᠢᠯᠭᠠᠯᠲᠠ ᠳᠤ ᠲᠣᠭᠲᠠᠭᠠᠯ ᠠᠴᠠ | ᠵᠥᠷᠢᠴᠡᠨ ᠬᠡᠮ ᠬᠢᠭᠰᠡᠳ ᠢ ᠬᠠᠤᠯᠢ ᠲᠣᠭᠲᠠᠭᠠᠯ ᠶᠣᠰᠣᠭᠠᠷ ᠴᠢᠩᠭ᠎ᠠ ᠰᠢᠳᠬᠡᠨ᠎ᠡ᠃ | http://mongol.people.com.cn/15832121.html |