ᠬᠦᠬᠡᠬᠤᠲᠠ ᠶᠢᠨ ᠡᠳ᠋ ᠤᠨ ᠵᠠᠰᠠᠭ ᠠᠴᠠ ᠬᠤᠰᠢᠭᠤ ᠰᠢᠶᠠᠨ  ᠲᠣᠭᠤᠷᠢᠭ ᠤᠨ 2018 ᠣᠨ ᠤ ᠬᠦᠳᠡᠭᠡ ᠲᠣᠰᠬᠤᠨ ᠮᠠᠯᠵᠢᠬᠤ ᠣᠷᠣᠨ ᠤ ᠪᠠᠭ᠎ᠠ ᠰᠣᠷᠭᠠᠭᠤᠯᠢ ᠶᠢᠨ ᠵᠠᠰᠠᠨ ᠰᠡᠯᠪᠢᠵᠦ ᠥᠭᠡᠷᠡᠴᠢᠯᠡᠨ ᠪᠠᠶᠢᠭᠤᠯᠬᠤ ᠲᠣᠰᠬᠠᠢ ᠲᠥᠷᠦᠯ ᠤᠨ ᠪᠡᠯᠡ ᠮᠥᠩᠭᠦ1860 ᠲᠥᠮᠡᠨ ᠲᠥᠭᠦᠷᠢᠭ ᠢ ᠪᠠᠭᠤᠯᠭᠠᠪᠠ
ᠨᠡᠶᠢᠲᠡᠯᠡᠭᠰᠡᠨ ᠴᠠᠭ᠄
2018-03-14
     ᠣᠶᠢᠷ᠎ᠠ ᠶᠢᠨ ᠡᠳᠦᠷ᠂ ᠬᠦᠬᠡᠬᠤᠲᠠ ᠶᠢᠨ ᠡᠳ᠋ ᠤᠨ ᠵᠠᠰᠠᠭ ᠤᠨ  ᠲᠣᠪᠴᠢᠶ᠎ᠠ  ᠬᠤᠰᠢᠭᠤ  ᠰᠢᠶᠠᠨ  ᠲᠣᠭᠤᠷᠢᠭ   ᠤᠨ2018 ᠣᠨ ᠤ ᠬᠦᠳᠡᠭᠡ ᠲᠣᠰᠬᠤᠨ ᠮᠠᠯᠵᠢᠬᠤ ᠣᠷᠣᠨ ᠤ ᠳᠣᠮᠳᠠᠳᠣ ᠪᠠᠭ᠎ᠠ ᠰᠣᠷᠭᠠᠭᠤᠯᠢ ᠶᠢᠨ ᠭᠡᠷ ᠪᠠᠷᠢᠯᠭ᠎ᠠ   ᠶᠢ  ᠰᠡᠯᠪᠢᠨ‌ᠵᠠᠰᠠᠬᠤ ᠥᠭᠡᠷᠡᠴᠢᠯᠡᠨ ᠪᠠᠶᠢᠭᠤᠯᠬᠤ ᠲᠣᠰᠬᠠᠢ ᠲᠥᠷᠦᠯ ᠤᠨ ᠪᠡᠯᠡ ᠮᠥᠩᠭᠦ1860 ᠲᠥᠮᠡᠨ ᠲᠥᠭᠦᠷᠢᠭ ᠶᠢ ᠴᠠᠭ ᠲᠣᠬᠠᠢ  ᠳ᠋ᠥ‌ᠨᠢ ᠪᠠᠭᠤᠯᠭᠠᠪᠠ᠂ ᠡᠭᠦᠨ ᠳᠤ᠂ ᠲᠥᠪ ᠤᠨ ᠪᠡᠯᠡ ᠮᠥᠩᠭᠦ 930 ᠲᠥᠮᠡᠨ ᠲᠥᠭᠦᠷᠢᠭ᠂ ᠥᠪᠦᠷ ᠮᠤᠩᠭᠤᠯ ᠤᠨ  ᠥᠪᠡᠷᠲᠡᠭᠡᠨ‌ᠵᠠᠰᠠᠬᠤ ᠣᠷᠣᠨ ᠤ ᠪᠡᠯᠡ ᠮᠥᠭᠭᠦ 930 ᠲᠥᠮᠡᠨ ᠲᠥᠭᠦᠷᠢᠭ᠃      ᠲᠣᠰ ᠣᠳᠠᠭᠠᠨ ᠤ ᠪᠡᠯᠡ ᠮᠥᠩᠭᠦ ᠪᠠᠭᠤᠯᠭᠠᠭᠰᠠᠨ ᠨᠢ ᠬᠦᠳᠡᠭᠡ ᠲᠣᠰᠬᠤᠨ ᠤ ᠳᠣᠮᠳᠠᠳᠣ ᠪᠠᠭ᠎ᠠ  ᠰᠣᠷᠭᠠᠭᠤᠯᠢ  ᠵᠢᠨ‌‍ᠪᠠᠶᠢᠷᠢ ᠶᠢᠨ ᠭᠡᠷ ᠢ ᠨᠡᠩ ᠰᠠᠶᠢᠵᠢᠷᠠᠭᠤᠯᠵᠣ᠂ ᠬᠦᠳᠡᠭᠡ ᠲᠣᠰᠬᠤᠨ ᠤ ᠳᠣᠮᠳᠠᠳᠣ ᠪᠠᠭ᠎ᠠ ᠰᠣᠷᠭᠠᠭᠤᠯᠢ   ᠶᠢᠨ  ᠭᠡᠷ  ᠪᠠᠷᠢᠯᠭ᠎ᠠ  ᠵᠢ‌ᠣᠯᠣᠰ ᠠᠴᠠ ᠳᠣᠭᠳᠠᠭᠠᠭᠰᠠᠨ ᠪᠥᠲᠦᠭᠡᠨ ᠪᠠᠶᠢᠭᠤᠯᠣᠯᠲᠠ ᠶᠢᠨ ᠪᠠᠷᠢᠮᠵᠢᠶ᠎ᠠ᠂ ᠭᠤᠣᠯᠳᠠᠯᠭ᠎ᠠ ᠲᠠᠢ ᠰᠡᠷᠭᠡᠶᠢᠯᠡᠯᠲᠡ   ᠶᠢᠨ  ᠲᠥᠷᠦᠯ‌‍ᠤᠨ ᠭᠠᠵᠠᠷ ᠬᠦᠳᠡᠯᠦᠯᠲᠡ ᠶᠢ ᠰᠡᠷᠭᠡᠶᠢᠯᠡᠬᠦ  ᠪᠠᠷᠢᠮᠵᠢᠶ᠎ᠠ  ᠪᠠ  ᠣᠯᠣᠰ   ᠤᠨ  ᠶᠡᠷᠥᠩᠬᠡᠶᠢᠯᠡᠭᠰᠡᠨ  ᠭᠠᠮᠰᠢᠭ   ᠠᠴᠠ  ᠰᠡᠷᠭᠡᠶᠢᠯᠡᠬᠦ‌‍ᠱᠠᠭᠠᠷᠳᠠᠯᠭ᠎ᠠ ᠳᠤ ᠠᠯᠬᠤᠮ ᠠᠯᠬᠤᠮ ᠢᠶᠠᠷ ᠬᠦᠷᠭᠡᠨ᠎ᠡ ᠶᠢ ᠬᠠᠩᠭᠠᠨ᠎ᠠ᠃      ᠬᠦᠬᠡᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ ᠡᠴᠡ‌ᠡᠯ᠎ᠡ ᠭᠠᠵᠠᠷ ᠤᠨ ᠡᠳ᠋ ᠤᠨ ᠵᠠᠰᠠᠭ ᠤᠨ ᠰᠠᠯᠠᠭ᠎ᠠ  ᠮᠦᠴᠢᠷ‌‍ᠪᠠ ᠰᠣᠷᠭᠠᠨ ᠬᠥᠮᠦᠵᠢᠯ ᠤᠨ ᠰᠠᠯᠠᠭ᠎ᠠ ᠮᠦᠴᠢᠷ ᠤᠨ ᠬᠢᠨ ᠢ ᠡᠭᠦᠷᠭᠡ ᠬᠠᠷᠢᠭᠤᠴᠠᠯᠭ᠎ᠠ ᠪᠠᠨ  ᠦᠨᠡᠨᠬᠦ  ᠭᠦᠢᠴᠡᠳᠭᠡᠵᠦ᠂  ᠪᠡᠯᠡ‌ᠮᠥ᠋ᠩᠭᠦᠨ ᠤ ᠬᠠᠮᠢᠶᠠᠷᠣᠯᠲᠠ ᠪᠠ ᠬᠢᠨᠠᠯᠲᠠ ᠶᠢ ᠴᠢᠩᠭᠠᠳᠬᠠᠨ᠂ ᠪᠡᠯᠡ ᠮᠥᠩᠭᠦᠨ ᠤ ᠲᠣᠰᠬᠠᠢ ᠲᠥᠷᠦᠯ ᠤᠨ ᠮᠥᠩᠭᠦ ᠶᠢ ᠲᠣᠰᠬᠠᠢ‌‍ᠲ᠋ᠥ᠋ᠷᠦᠯ ᠳᠤ ᠬᠡᠷᠡᠭᠯᠡᠬᠦ ᠶᠢ ᠪᠠᠲᠣᠯᠠᠵᠣ ᠪᠡᠯᠡ ᠮᠥᠩᠭᠦᠨ ᠤ ᠬᠡᠷᠡᠭᠯᠡᠯᠲᠡ ᠶᠢᠨ ᠦᠷ᠎ᠡ ᠪᠦᠲᠦᠮᠵᠢ ᠶᠢ ᠳᠡᠭᠡᠭᠰᠢᠯᠡᠬᠦᠯᠵᠦ᠂ ᠬᠠᠭᠤᠷᠮᠠᠭ‌ᠵᠠᠷᠣᠯᠭ᠎ᠠ᠂ ᠬᠠᠭᠤᠷᠮᠠᠭ ᠢᠶᠠᠷ ᠮᠡᠳᠡᠭᠦᠯᠵᠦ ᠣᠷᠣᠯᠠᠨ ᠠᠪᠬᠤ  ᠪᠠ  ᠰᠢᠬᠠᠨ  ᠡᠵᠡᠯᠡᠵᠦ  ᠰᠢᠯᠵᠢᠭᠦᠯᠦᠨ  ᠬᠡᠷᠡᠭᠯᠡᠬᠦ᠂  ᠠᠵᠢᠯ  ᠵᠢ‌‍ᠰᠠᠭᠠᠲᠠᠭᠠᠵᠣ ᠰᠢᠯᠵᠢᠭᠦᠯᠦᠨ ᠬᠡᠷᠡᠭᠯᠡᠬᠦ ᠶᠢ ᠴᠢᠩᠭ᠎ᠠ ᠬᠤᠷᠢᠭᠯᠠᠨ᠎ᠠ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号