ᠠᠯᠲᠠᠷᠲᠤ ᠰᠢᠯᠦᠭᠴᠢ ᠨᠠ᠊ · ᠰᠠᠶᠢᠨᠴᠤᠬᠲᠤ ᠶᠢᠨ ᠮᠡᠨᠲᠦᠯᠡᠭᠰᠡᠨ ᠤ 105 ᠵᠢᠯ ᠤᠨ ᠤᠢ ᠶᠢ ᠲᠤᠷᠠᠰᠬᠠᠨ | ᠲᠡᠮᠲᠡᠭᠯᠡᠭᠦ ᠶᠠᠷᠢᠯᠴᠠᠬᠤ ᠬᠤᠷᠠᠯ 2 ᠳ᠋ᠤᠭᠠᠷ ᠰᠠᠷ᠎ᠠ ᠶᠢᠨ 22 ᠤᠨ ᠡᠲᠦᠷ᠂ ᠰᠢᠯᠢ ᠶᠢᠨ ᠭᠤᠤᠯ ᠠᠶᠢᠮᠠᠭ ᠤᠨ | ᠰᠢᠯᠤᠭᠤᠨ ᠭᠦᠬᠡ ᠬᠤᠰᠢᠭᠤᠨ ᠳᠤ ᠪᠤᠯᠤᠯ᠎ᠠ᠃ | ᠳᠤᠰ ᠤᠳᠠᠭᠠᠨ ᠤ ᠬᠤᠷᠠᠯ ᠳᠤ ᠥᠪᠥᠷ ᠮᠣᠩᠭᠤᠯ ᠤᠷᠤᠨ ᠤ ᠳᠤᠳᠤᠨ᠎ᠠ ᠭᠠᠳᠠᠨ᠎ᠠ ᠶᠢᠨ ᠶᠡᠭᠡ ᠳᠡᠭᠡᠳᠤ | ᠰᠤᠷᠭᠠᠭᠤᠯᠢ ᠶᠢᠨ ᠡᠷᠲᠡᠮᠲᠡᠨ ᠰᠤᠳᠤᠯᠤᠭᠠᠴᠢᠳ ᠪᠤᠯᠤᠨ ᠶᠠᠫᠤᠨ ᠤᠯᠤᠰ ᠤᠨ ᠤᠪᠢᠷᠢᠨ ᠶᠡᠭᠡ ᠰᠤᠷᠭᠠᠭᠤᠯᠢ ᠶᠢᠨ | ᠡᠷᠲᠡᠮᠲᠡᠨ ᠵᠡᠷᠭᠡ ᠵᠠᠭᠤ ᠭᠠᠷᠤᠢ ᠭᠦᠮᠤᠨ ᠬᠤᠷᠠᠯ ᠳᠤ ᠤᠷᠤᠯᠴᠠᠵᠤ᠂ ᠲᠡᠤᠬᠡ ᠰᠤᠶᠦᠯ᠂ ᠦᠬᠡ ᠬᠡᠯᠡ᠂ ᠤᠳᠬ᠎ᠠ | ᠵᠤᠬᠢᠶᠠᠯ᠂ ᠦᠵᠡᠯ ᠰᠠᠨᠠᠭ᠎ᠠ ᠵᠡᠷᠭᠡ ᠤᠯᠠᠨ ᠲᠠᠯ᠎ᠠ ᠪᠠᠷ ᠨᠠ᠊ · ᠰᠠᠶᠢᠨᠴᠤᠬᠲᠤ ᠪᠤᠯᠤᠨ ᠲᠡᠭᠦᠨ ᠤ ᠵᠤᠬᠢᠶᠠᠯ ᠪᠦᠲᠦᠬᠡᠯ ᠢ | ᠰᠤᠲᠤᠯᠤᠨ ᠶᠠᠷᠢᠯᠴᠠᠬᠰᠠᠨ ᠪᠠᠶᠢᠨ᠎ᠠ᠃ | ᠮᠤᠩᠭᠤᠯ ᠦᠨᠲᠤᠰᠤᠲᠠᠨ ᠤ ᠤᠷᠴᠢᠨ᠂ ᠤᠲᠤ ᠦᠶ᠎ᠠ ᠶᠢᠨ ᠤᠳᠬ᠎ᠠ ᠵᠤᠬᠢᠶᠠᠯ ᠤᠨ ᠦᠨᠲᠤᠰᠤᠯᠡᠭᠴᠢ᠂ | ᠢᠷᠠᠭᠤ ᠨᠠᠶᠢᠷᠠᠬᠴᠢ᠂ ᠵᠤᠬᠢᠶᠠᠯᠴᠢ᠂ ᠤᠷᠴᠢᠭᠤᠯᠤᠬᠴᠢ᠂ ᠰᠤᠷᠭᠠᠨ ᠭᠦᠮᠤᠵᠢᠯᠲᠠᠨ ᠪᠠ ᠰᠤᠶᠤᠨ ᠬᠡᠬᠡᠷᠡᠭᠦᠯᠦᠭᠴᠢ ᠨᠠ᠊ | · ᠰᠠᠶᠢᠨᠴᠤᠬᠲᠤ ᠰᠢᠯᠤᠭᠤᠨ ᠭᠦᠬᠡ ᠬᠤᠰᠢᠭᠤᠨ ᠤ ᠡᠯᠡᠰᠤ ᠮᠠᠩᠬᠠᠨ ᠤ ᠡᠬᠡ ᠨᠤᠲᠤᠭ ᠤᠨ ᠡᠬᠡᠯ ᠵᠢᠷ ᠤᠨ ᠮᠠᠯᠴᠢᠨ | ᠤ ᠬᠡᠷ ᠲᠤ ᠲᠦᠷᠤᠵᠤ᠂ ᠬᠠᠷᠠᠬᠠᠨ ᠪᠠᠭ᠎ᠠ ᠠᠴᠠ ᠪᠠᠨ ᠡᠷᠲᠡᠮ ᠰᠤᠶᠤᠯ ᠤᠨ ᠮᠦᠷ ᠢ ᠭᠦᠬᠡᠬᠡᠵᠤ᠂ ᠶᠠᠫᠤᠨ᠂ | ᠮᠤᠩᠭᠤᠯ ᠵᠡᠷᠭᠡ ᠤᠯᠤᠰ ᠲᠤ ᠰᠤᠷᠤᠯᠴᠠᠨ᠂ ᠲᠡᠯᠡᠬᠡᠢ ᠶᠢᠨ ᠲᠠᠪᠰᠢᠬᠰᠠᠨ ᠰᠤᠶᠤᠯ ᠲᠠᠢ ᠲᠠᠨᠢᠯᠴᠠᠨ᠂ ᠨᠠᠰᠤᠨ | ᠲᠤᠷᠰᠢ ᠤᠬᠰᠠᠭ᠎ᠠ ᠦᠨᠲᠤᠰᠤᠲᠠᠨ ᠢᠶᠠᠨ ᠮᠠᠨᠲᠤᠭᠤᠯᠬᠤ ᠬᠠᠲᠠᠭᠤ ᠵᠤᠷᠢᠭ ᠢ ᠡᠪᠤᠷᠯᠠᠨ ᠦᠨᠲᠤᠰᠤᠲᠠᠨ ᠤ ᠰᠤᠷᠭᠠᠨ | ᠭᠦᠮᠤᠵᠢᠯ᠂ ᠤᠳᠬ᠎ᠠ ᠵᠤᠬᠢᠶᠠᠯ ᠤᠨ ᠦᠢᠯᠠᠰ ᠲᠤ ᠪᠠᠯᠠᠷᠠᠰᠢ ᠦᠬᠡᠢ ᠵᠢᠳᠭᠦᠯ ᠢᠶᠠᠨ ᠦᠵᠡᠭᠦᠯᠦᠭᠰᠡᠨ ᠶᠤᠮ᠃ | ᠤᠲᠤᠬᠠᠨ ᠳᠤ ᠥᠪᠥᠷ ᠮᠣᠩᠭᠤᠯ ᠤᠷᠤᠨ ᠳᠤ ᠨᠠ᠊ · ᠰᠠᠶᠢᠨᠴᠤᠬᠲᠤ ᠶᠢᠨ ᠲᠤᠬᠠᠢ ᠰᠤᠳᠤᠯᠭᠠᠨ ᠤ ᠪᠦᠲᠦᠬᠡᠯ | 200 ᠶᠢ ᠲᠠᠪᠠᠭᠰᠠᠨ ᠮᠦᠷᠳᠡᠭᠡᠨ ᠤᠳᠬ᠎ᠠ ᠵᠤᠬᠢᠶᠠᠯ᠂ ᠭᠤᠸ᠎ᠠ ᠵᠦᠢ᠂ ᠰᠤᠶᠤᠯ ᠢᠷᠬᠡᠨᠰᠢᠯ᠂ ᠰᠤᠷᠭᠠᠨ ᠭᠦᠮᠤᠵᠢᠯ | ᠵᠡᠷᠭᠡ ᠤᠯᠠᠨ ᠲᠠᠯ᠎ᠠ ᠶᠢ ᠬᠠᠮᠤᠷᠠᠬᠰᠠᠨ ᠪᠠᠶᠢᠨ᠎ᠠ᠃ ᠲᠠᠷᠠ ᠮᠦᠷᠲᠡᠬᠡᠨ ᠨᠠ᠊ · ᠰᠠᠶᠢᠨᠴᠤᠬᠲᠤ ᠶᠢᠨ ᠲᠤᠬᠠᠢ | ᠰᠤᠲᠤᠯᠭᠠᠨ ᠨᠢ ᠮᠠᠨ ᠤ ᠤᠯᠤᠰ ᠳᠡᠷᠡᠴᠢᠯᠡᠨ ᠮᠤᠩᠭᠤᠯ ᠤᠯᠤᠰ᠂ ᠶᠠᠫᠤᠨ ᠤᠯᠤᠰ ᠲᠤ ᠦᠷᠨᠢᠵᠤ ᠡᠬᠢᠯᠡᠭᠰᠡᠨ | ᠪᠠᠶᠢᠨ᠎ᠠ᠃ ︽ᠰᠠᠶᠢᠴᠤᠩᠭ᠎ᠠ ᠰᠤᠲᠤᠯᠤᠯ︾ ᠬᠡᠭᠦ ᠨᠤᠮ ᠤᠶᠢᠷ᠎ᠠ ᠳᠤ ᠶᠠᠫᠤᠨ ᠬᠡᠯᠡ ᠪᠠᠷ ᠬᠡᠪᠯᠡᠭᠲᠡᠨ ᠤᠩᠰᠢᠬᠴᠢᠳ | ᠲᠠᠢ ᠵᠤᠯᠭᠠᠵᠤ᠂ ᠶᠠᠫᠤᠨ ᠤᠯᠤᠰ ᠤᠨ ᠤᠳᠬ᠎ᠠ ᠵᠤᠬᠢᠶᠠᠯ ᠤᠨ ᠹᠷᠤᠨᠲ ᠲᠤ ᠴᠢᠩᠭ᠎ᠠ ᠲᠤᠰᠬᠠᠯ ᠭᠠᠷᠤᠬᠰᠠᠨ ᠪᠠᠶᠢᠨ᠎ᠠ | ᠃ | | | | | | | | | | | | ︵ᠦᠪᠤᠷ ᠮᠤᠩᠭᠤᠯ ᠤᠨ ᠷᠠᠳᠢᠤ᠋ ᠲᠧᠯᠸᠢᠰ ᠬᠤᠷᠢᠶᠠᠨ ᠤ ᠰᠤᠷᠪᠤᠯᠵᠢᠯᠠᠬᠴᠢ ᠡᠷᠲᠡᠨᠢ᠂ ᠰᠢᠯᠢ ᠶᠢᠨ ᠭᠤᠤᠯ ᠤᠨ ᠷᠠᠳᠢᠤ᠋ | ᠲᠧᠯᠸᠢᠰ ᠬᠤᠷᠢᠶᠠᠨ ᠤ ᠰᠤᠷᠪᠤᠯᠵᠢᠯᠠᠬᠴᠢ ᠤᠷᠢᠬᠠᠨ ᠮᠡᠳᠡᠭᠡᠯᠡᠪᠡ︶ |