ᠤᠢᠢᠷ᠎ᠠ ᠳᠤ᠂ ᠦᠪᠦᠷ ᠮᠤᠩᠭᠤᠯ ᠤᠨ ᠨᠡᠷᠡᠳᠤ ᠵᠤᠬᠢᠶᠠᠯᠴᠢ ᠮᠦᠩᠭᠡ ᠶᠢᠨ ︽ᠲᠠᠯ᠎ᠠ ᠨᠤᠳᠤᠭ ᠤᠨ ᠤᠷᠠᠨ | ᠵᠤᠬᠢᠶᠠᠯ ᠤᠨ ᠭᠤᠤᠯᠳᠠᠯᠭᠠᠳᠤ ᠪᠦᠳᠦᠭᠡᠯ ᠢ ᠵᠤᠬᠢᠶᠠᠨ ᠪᠦᠳᠦᠭᠡᠬᠦ ᠢᠨᠵᠧᠨᠧᠷᠢᠩ︾ ᠤᠨ ᠴᠢᠬᠤᠯᠠ ᠪᠦᠳᠦᠭᠡᠯ | ᠪᠤᠯᠤᠭᠰᠠᠨ ︽ᠪᠦᠷᠳᠡ ᠰᠠᠷ᠎ᠠ︾ ᠭᠡᠬᠦ ᠷᠤᠮᠠᠨ ᠤᠩᠰᠢᠬᠴᠢᠳ ᠲᠠᠢ ᠵᠤᠯᠭᠠᠪᠠ᠃ | ᠮᠤᠩᠭᠤᠯ ᠤᠯᠤᠰ ᠤᠨ ︽ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ ᠰᠠᠩ︾ ᠳᠤ | ᠰᠤᠩᠭᠤᠬᠳᠠᠭᠰᠠᠨ ᠵᠤᠬᠢᠶᠠᠯᠴᠢ ᠮᠦᠩᠬᠡ ᠶᠢᠨ ᠤᠤᠭᠠᠨ ᠷᠤᠮᠠᠨ ︽ᠬᠠᠨ ᠮᠤᠨᠠ ᠶᠢᠨ ᠰᠡᠭᠦᠷᠡᠰᠤ︾ ᠲᠡᠤᠬᠡᠨ | ᠲᠡᠭᠡᠷᠡᠬᠢ ᠮᠤᠨᠠ ᠠᠭᠤᠯᠠ ᠶᠢᠨ ᠡᠩᠭᠡᠷ ᠬᠤᠷᠮᠦᠢ ᠶᠢᠨ ᠤᠷᠠᠳ ᠨᠤᠳᠤᠭ ᠤᠨ ᠲᠡᠭᠡᠳᠤ ᠲᠠᠪᠬᠤᠷᠭ᠎ᠠ ᠶᠢᠨ ᠵᠦᠷᠢᠴᠠᠯ | ᠲᠡᠮᠡᠴᠡᠯ ᠢ ᠲᠤᠰᠬᠠᠭᠰᠠᠨ ᠪᠤᠯ ︽ᠪᠦᠷᠳᠡ ᠰᠠᠷ᠎ᠠ︾ ᠷᠤᠮᠠᠨ ᠮᠦᠨ ᠡᠨᠡ ᠨᠤᠳᠤᠭ ᠤᠨ ᠡᠬᠡᠯ ᠬᠦᠮᠦᠨ ᠤ ᠠᠮᠢᠳᠤᠷᠠᠯ | ᠲᠡᠮᠡᠴᠡᠯ ᠢᠶᠠᠷ ᠰᠡᠳᠤᠪᠯᠡᠵᠦ᠂ ᠠᠳᠠᠯᠢ ᠪᠤᠰᠤ ᠠᠮᠢᠳᠤᠷᠠᠯ ᠤᠨ ᠵᠠᠮ ᠳᠠᠬᠢ ᠮᠦᠷᠬᠦᠯᠳᠤᠭᠡᠨ ᠲᠡᠮᠡᠴᠡᠭᠡᠨ᠂ ᠡᠴᠦᠰ | ᠲᠡᠭᠦᠰᠬᠡᠯ ᠢ ᠤᠷᠠᠯᠢᠭ ᠲᠤᠰᠬᠠᠨ᠂ ᠮᠤᠩᠭᠤᠯ ᠦᠨᠳᠤᠰᠤᠳᠠᠨ ᠤ ᠠᠷᠠᠳ ᠤᠨ ᠠᠮᠠᠨ ᠵᠤᠬᠢᠶᠠᠯ ᠤᠨ ᠰᠢᠳᠢᠳᠤ | ᠠᠬᠤᠢᠢᠴᠢ ᠦᠵᠡᠯ ᠤᠨ ᠠᠷᠭ᠎ᠠ ᠪᠠᠷᠢᠯ ᠢ ᠴᠢᠳᠠᠮᠠᠭᠠᠢ ᠠᠰᠢᠬᠯᠠᠵᠦ᠂ ᠰᠤᠨᠢᠷᠬᠠᠯ ᠲᠠᠢ ᠤᠢᠢᠯᠡ ᠬᠡᠷᠡᠭ᠂ | ᠰᠤᠨᠢᠷᠬᠠᠯ ᠲᠠᠢ ᠦᠯᠢᠭᠡᠷ ᠲᠤᠮᠤᠭ᠂ ᠬᠠᠴᠢᠨ ᠭᠠᠶᠢᠬᠠᠮᠰᠢᠬᠳᠤ ᠲᠦᠷᠢ ᠪᠠᠷ ᠵᠤᠬᠢᠶᠠᠯ ᠢᠶᠠᠨ ᠰᠡᠳᠬᠢᠮᠵᠢᠯᠡᠵᠦ᠂ ︽ | ᠰᠠᠶᠢᠨ ᠰᠠᠨᠠᠭᠠᠨ ᠤ ᠦᠵᠦᠬᠦᠷ ᠳᠤᠰᠦ᠂ ᠮᠠᠭᠤ ᠰᠠᠨᠠᠭᠠᠨ ᠤ ᠦᠵᠦᠭᠦᠷ ᠲᠤ ᠬᠦ᠋︾ ᠬᠡᠰᠡᠨ ᠤᠴᠢᠷ ᠶᠤᠰᠤ ᠶᠢ | ᠬᠠᠷᠠᠭᠤᠯᠤᠨ᠂ ᠮᠤᠩᠭᠤᠯ ᠦᠨᠳᠤᠰᠤᠳᠠᠨ ᠤ ᠬᠦᠮᠦᠨ ᠪᠠᠶᠢᠭᠠᠯᠢ᠂ ᠬᠦᠮᠦᠨ ᠠᠮᠢᠳᠠᠨ ᠤ ᠬᠤᠭᠤᠷᠤᠨᠳᠤᠬᠢ ᠡᠶᠡᠯᠰᠡᠭ | ᠲᠦᠰᠢᠯᠴᠠᠠ ᠤᠷᠤᠰᠢᠬᠤ ᠪᠤᠳᠠᠭᠠᠯᠢ ᠠᠷᠠᠨᠰᠢᠨ ᠢ ᠲᠤᠰᠬᠠᠭᠰᠠᠨ ᠪᠠᠶᠢᠨ᠎ᠠ᠃ | ᠲᠤᠰ ᠷᠤᠮᠠᠨ ᠤ ᠦᠭᠡ ᠬᠡᠯᠡᠯᠭᠡ ᠤᠷᠤᠰᠤᠮ᠎ᠠ ᠪᠠᠶᠠᠯᠢᠭ᠂ ᠪᠦᠷᠳᠠ ᠰᠠᠷᠨ ᠬᠡᠬᠦ ᠤᠬᠳᠠᠷᠭᠤᠢ ᠶᠢᠨ ᠰᠠᠷᠠᠨ ᠤ | ᠦᠵᠡᠭᠳᠡᠯ ᠤᠨ ᠰᠠᠨᠠᠭ᠎ᠠ ᠠᠬᠤᠢ ᠶᠢ ᠵᠤᠬᠢᠶᠠᠯ ᠳᠠᠭᠠᠨ ᠠᠭᠤᠰᠬᠠᠭᠰᠠᠨ ᠨᠢ ᠭᠠᠶᠢᠬᠠᠯᠳᠠᠢ᠃ ︵ᠸ᠊ • ᠭᠡᠷᠡᠯᠳᠤ︶ |