ᠰᠢᠨᠬᠤᠧᠠ ᠮᠤᠩᠭᠤᠯ ᠨᠧᠲ ᠬᠦᠬᠡᠬᠤᠳᠠ ᠶᠢᠨ 7 ᠰᠠᠷ᠎ᠠ ᠶᠢᠨ 1 ᠤ ᠡᠳᠦᠷ ᠤᠨ ᠴᠠᠬᠢᠯᠭᠠᠨ ᠮᠡᠳᠡᠭᠡ ︵ | ᠤᠶᠠᠬᠠᠨ︶ 6 ᠰᠡᠷ᠎ᠡ ᠶᠢᠨ 30 ᠤ ᠡᠳᠣᠷ᠂ ᠦᠪᠦᠷ ᠮᠤᠩᠭᠤᠯ ᠤᠨ ︽ᠶᠠᠷᠢᠯᠴᠠᠭ᠎ᠠ ᠬᠢᠬᠡᠳ ᠲᠠᠶᠢᠯᠪᠤᠷᠢᠯᠠᠯ᠄ | ᠬᠦᠷᠢᠶᠡᠯᠡᠩ ᠤᠨ ᠵᠤᠬᠢᠶᠠᠯᠴᠢᠳ ᠤᠨ ᠤᠷᠡᠨ ᠪᠦᠳᠦᠬᠡᠯ ᠢ ᠰᠤᠳᠤᠯᠤᠨ ᠶᠠᠷᠢᠯᠴᠠᠬᠤ ᠬᠤᠷᠠᠯ︾ ᠬᠦᠬᠡᠬᠤᠳᠠ ᠳᠤ | ᠠᠮᠵᠢᠯᠳᠠ ᠲᠠᠢ ᠪᠣᠯᠵᠤ ᠦᠩᠬᠡᠷᠡᠯ᠎ᠡ᠃ | | ᠦᠪᠤᠷ ᠮᠤᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠮᠤᠩᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠶᠢᠨ | ᠲᠠᠪᠤᠨ ᠵᠤᠬᠢᠶᠠᠯᠴᠢ | ᠬᠤᠷᠠᠯ ᠢ ᠦᠪᠤᠷ ᠮᠤᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠮᠤᠩᠭᠤᠯ ᠰᠣᠳᠣᠯᠣᠯ ᠤᠨ ᠲᠡᠬᠡᠳᠣ | ᠰᠣᠷᠭᠠᠭᠤᠯᠢ ᠪᠤᠯᠤᠨ ᠦᠪᠤᠷ ᠮᠤᠩᠭᠤᠯ ᠤᠨ ᠰᠢᠨ᠎ᠡ ᠤᠳᠬ᠎ᠠ ᠵᠤᠬᠢᠶᠠᠯ ᠤᠨ ᠬᠤᠷᠠᠯᠳᠠᠢ ᠠᠴᠠ ᠬᠠᠮᠳᠣᠷᠡᠨ ᠡᠷᠬᠢᠯᠡᠵᠤ | ᠂ ᠥᠪᠥᠷ ᠮᠣᠩᠭᠤᠯ ᠤᠨ ᠵᠣᠬᠢᠶᠠᠯᠴᠢᠳ ᠤᠨ ᠡᠪᠯᠡᠯ᠂ ᠥᠪᠥᠷ ᠮᠣᠩᠭᠤᠯ ᠤᠨ ᠤᠳᠬ᠎ᠠ ᠠᠤᠷᠠᠯᠢᠭ ᠤᠨ | ᠰᠢᠬᠦᠮᠵᠢᠯᠡᠭᠴᠢᠳ ᠤᠨ ᠡᠪᠯᠡᠯ᠂ ︽ᠥᠨᠢᠷ ᠴᠡᠴᠡᠭ︾ ᠰᠡᠳᠬᠦᠯ ᠤᠨ ᠬᠤᠷᠢᠶ᠎ᠠ᠂ ︽ᠠᠯᠲᠠᠨ ᠲᠦᠯᠬᠢᠭᠦᠷ︾ | ᠰᠡᠳᠬᠦᠯ ᠤᠨ ᠨᠠᠶᠢᠷᠠᠭᠤᠯᠬᠤ ᠬᠡᠯᠲᠡᠰ ᠬᠠᠮᠵᠢᠨ ᠡᠷᠬᠢᠯᠡᠵᠡᠢ᠃ ᠬᠤᠷᠡᠯ ᠢᠶᠠᠷ᠂ ᠦᠪᠤᠷ ᠮᠤᠩᠭᠤᠯ ᠤᠨ ᠪᠠᠭᠰᠢ ᠶᠢᠨ | ᠶᠡᠭᠡ ᠰᠣᠷᠭᠠᠭᠤᠯᠢ ᠶᠢᠨ ᠮᠤᠩᠭᠤᠯ ᠬᠡᠯᠡᠨ ᠤ ᠰᠠᠯᠪᠤᠷᠢ ᠶᠢᠨ ᠬᠦᠷᠢᠶᠡᠯᠡᠩ ᠤᠨ ᠵᠤᠬᠢᠶᠠᠯᠴᠢᠳ ᠤᠨ ᠦᠨᠳᠣᠰᠣᠳᠡᠨ ᠤ | ᠤᠳᠬ᠎ᠠ ᠵᠤᠬᠢᠶᠠᠯ ᠤᠨ ᠦᠢᠯᠡᠰ ᠲᠤ ᠦᠵᠡᠬᠦᠯᠦᠭᠰᠡᠨ ᠭᠠᠷᠮᠠᠭᠠᠢ ᠬᠤᠪᠢ ᠨᠡᠮᠡᠷᠢ ᠶᠢ ᠰᠢᠰᠲ᠋ᠧᠮ ᠲᠠᠢ ᠳ᠋ᠦᠩᠨᠡᠵᠤ᠂ | ᠤᠷᠡᠨ ᠵᠤᠬᠢᠶᠠᠯ ᠤᠨ ᠵᠤᠬᠢᠶᠠᠨ ᠪᠦᠳᠦᠬᠡᠯᠬᠡ᠂ ᠵᠢᠭᠠᠨ ᠰᠣᠷᠭᠠᠯᠳᠠ ᠬᠢᠬᠡᠳ ᠰᠣᠳᠣᠯᠭ᠎ᠠ ᠰᠢᠨᠵᠢᠯᠡᠭᠡ ᠶᠢ ᠬᠠᠷᠢᠯᠴᠠᠨ | ᠠᠬᠢᠭᠤᠯᠬᠤ ᠬᠦᠭᠵᠢᠯᠳᠡ ᠶᠢᠨ ᠵᠠᠭᠪᠤᠷ ᠢ ᠬᠠᠶᠢᠨ ᠰᠦᠪᠡᠭᠴᠢᠯᠡᠪᠡ᠃ ᠮᠦᠨ ᠬᠤᠷᠠᠯ ᠳᠤ ᠤᠷᠤᠯᠴᠠᠭᠰᠠᠨ ᠡᠷᠳᠡᠮᠳᠡᠨ | ᠮᠡᠷᠬᠡᠳ ᠪᠠ ᠰᠤᠳᠤᠯᠬᠤ ᠰᠤᠷᠤᠭᠴᠢ ᠶᠢᠨ ᠳᠦᠯᠦᠬᠡᠯᠡᠭᠴᠢ ᠠᠴᠠ ᠦᠪᠤᠷ ᠮᠤᠩᠭᠤᠯ ᠤᠨ ᠪᠠᠭᠰᠢ ᠶᠢᠨ ᠶᠡᠭᠡ | ᠰᠣᠷᠭᠠᠭᠤᠯᠢ ᠶᠢᠨ ᠮᠤᠩᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠶᠢᠨ ᠲᠠᠪᠤᠨ ᠵᠤᠬᠢᠶᠠᠯᠴᠢ ᠲᠤᠷᠤᠨᠡᠲ᠋ᠡᠭᠷᠢ ︵ᠮᠠᠨ | ᠴᠢᠤᠧᠠᠨ︶᠂ ᠨᠠ᠊ • ᠦᠯᠵᠠᠶᠢᠳᠡᠯᠬᠡᠷ᠂ ᠴ᠊ • ᠴᠤᠯᠮᠤᠨ᠂ ᠴᠤᠯᠢᠬᠢᠷ᠂ ᠰᠢ᠊ · ᠬᠠᠰᠪᠠᠭᠠᠳᠣᠷ ᠨᠡᠷ ᠤᠨ ︽ | ᠠᠩᠬᠢᠯᠤᠮ᠎ᠠ ᠦᠨᠤᠷᠳᠤ ᠴᠠᠭ ᠮᠦᠴᠡ︾᠂ ︽ᠨᠢᠰᠣᠨ ᠤᠳᠤᠭᠰᠠᠨ ᠪᠤᠯᠵᠤᠮᠤᠷ︾᠂ ︽ᠲᠡᠭᠷᠢ ᠶᠢᠨ ᠬᠢᠵᠠᠭᠠᠷ | ᠪᠤᠷᠤᠭᠠᠨ ᠤ ᠤᠯᠠᠷᠢᠯ︾᠂ ︽ᠴᠢᠩᠬᠢᠰ ᠤᠨ ᠨᠤᠳᠤᠭ ᠲᠤ︾᠂ ︽ᠵᠤᠬᠢᠰᠳᠣ ᠲᠤᠷᠤᠨ᠎ᠡ ᠶᠢᠨ ᠠᠶᠠᠯᠭᠤ︾᠂ ︽ | ᠠᠨᠢᠷ ᠦᠬᠡᠢ ᠶᠢᠨ ᠲᠤᠮᠳᠠ︾᠂ ︽ᠨᠡᠭᠦᠳᠡᠯ ᠤᠨ ᠵᠢᠷᠤᠬᠠᠢ︾᠂ ︽ᠵᠠᠮ︾᠂ ︽ᠬᠠᠶᠢᠷ᠎ᠠ ᠶᠢᠨ ᠬᠡᠷᠡᠯ︾ ᠵᠡᠷᠬᠡ | ᠰᠢᠯᠦᠭ ᠤᠨ ᠲᠡᠬᠦᠪᠤᠷᠢ ᠪᠠ ᠦᠬᠦᠯᠡᠯᠬᠡ ᠲᠤᠭᠤᠵᠢ ᠷᠤᠮᠠᠨ ᠤ ᠲᠤᠬᠠᠢ ᠲᠤᠰᠬᠠᠢ ᠦᠬᠦᠯᠡᠯ ᠤᠩᠰᠢᠵᠤ᠂ ᠪᠤᠰᠣᠳ | ᠰᠢᠬᠦᠮᠵᠢᠯᠡᠭᠴᠢᠳ ᠪᠠ ᠤᠷᠠᠨ ᠵᠤᠬᠢᠶᠠᠯ ᠤᠨ ᠲᠤᠷ᠎ᠠ ᠪᠠᠭ᠋ᠠᠳᠠᠳ ᠴᠢᠯᠦᠬᠡᠳᠣ ᠶᠠᠷᠢᠯᠴᠠᠭ᠎ᠠ ᠦᠷᠨᠢᠬᠦᠯᠵᠠᠢ᠃ | ᠦᠪᠤᠷ ᠮᠤᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠮᠤᠩᠭᠤᠯ ᠰᠣᠳᠣᠯᠣᠯ ᠤᠨ ᠲᠡᠬᠡᠳᠣ | ᠰᠣᠷᠭᠠᠭᠤᠯᠢ ᠶᠢᠨ ᠵᠠᠬᠢᠷᠦᠯ ᠴᠡᠩᠬᠡᠯᠳᠣ ᠫᠷᠤᠹᠧᠰᠰᠤᠷ ᠠᠴᠠ ᠤᠭᠳᠤᠯᠭ᠎ᠠ ᠶᠢᠨ ᠦᠬᠡ ᠶᠠᠷᠢᠬᠤ ᠳᠠᠭᠠᠨ᠄ ︽ᠲᠠᠪᠤᠨ | ᠵᠤᠬᠢᠶᠠᠯᠴᠢ ᠶᠢᠨ ᠠᠮᠵᠢᠯᠳᠠ ᠪᠦᠳᠦᠬᠡᠯ ᠨᠢ ᠲᠡᠳᠡᠨ ᠤ ᠬᠤᠪᠢ ᠬᠦᠮᠤᠨ ᠤ ᠬᠢ ᠪᠤᠯᠬᠤ ᠪᠠᠷ ᠪᠠᠷᠠᠬᠤ ᠦᠬᠡᠢ ᠪᠠᠰᠠ | ᠮᠠᠨ ᠤ ᠲᠡᠬᠡᠳᠣ ᠰᠣᠷᠭᠠᠭᠤᠯᠢ ᠶᠢᠨ ᠬᠢ ᠪᠤᠯᠬᠤ ᠶᠤᠮ᠂ ᠮᠥᠨ ᠴᠦ ᠪᠦᠬᠦ᠋ᠢᠯᠡ ᠮᠤᠩᠭᠤᠯ ᠤᠷᠡᠨ ᠵᠤᠬᠢᠶᠠᠯ ᠤᠨ ᠬᠢ | ᠪᠤᠯᠬᠤ ᠶᠤᠮ᠃ ᠪᠢᠳᠡ ᠦᠨᠤᠳᠤᠷ ᠲᠠᠪᠤᠨ ᠵᠤᠬᠢᠶᠠᠯᠴᠢ ᠶᠢᠨ ᠤᠷᠡᠨ ᠪᠦᠳᠦᠬᠡᠯ ᠢ ᠰᠣᠳᠣᠯᠣᠨ ᠶᠠᠷᠢᠯᠴᠠᠵᠤ | ᠪᠠᠶᠢᠬᠤ ᠨᠢ ᠲᠡᠳᠡᠨ ᠤ ᠮᠤᠩᠭᠤᠯ ᠤᠷᠡᠨ ᠵᠤᠬᠢᠶᠠᠯ ᠤᠨ ᠬᠦᠷᠢᠶᠡᠨ ᠳᠠᠬᠢ ᠠᠮᠵᠢᠯᠳᠠ ᠪᠦᠳᠦᠬᠡᠯ ᠢ ᠦᠨᠡᠯᠡᠨ ᠨᠤᠳᠠᠯᠠᠵᠤ | ᠪᠠᠶᠢᠬᠤ ᠶᠠᠪᠤᠳᠠᠯ ᠪᠤᠯᠬᠤ ᠪᠦᠬᠡᠳ ᠨᠦᠬᠦᠬᠡ ᠲᠠᠯ᠎ᠠ ᠪᠠᠷ ᠮᠠᠨ ᠤ ᠲᠡᠬᠡᠳᠣ ᠰᠣᠷᠭᠠᠭᠤᠯᠢ ᠶᠢᠨ ᠮᠤᠩᠭᠤᠯ ᠬᠡᠯᠡ | ᠤᠳᠬ᠎ᠠ ᠵᠤᠬᠢᠶᠠᠯ ᠤᠨ ᠰᠠᠯᠪᠤᠷᠢ ᠶᠢᠨ ᠵᠢᠷᠠ ᠭᠠᠷᠦᠢ ᠵᠢᠯ ᠤᠨ ᠲᠤᠷᠰᠢᠬᠢ ᠤᠷᠡᠨ ᠵᠤᠬᠢᠶᠠᠯ ᠤᠨ ᠵᠤᠬᠢᠶᠠᠨ | ᠪᠦᠳᠦᠬᠡᠯᠬᠡ ᠶᠢᠨ ᠤᠯᠠᠮᠵᠢᠯᠠᠯ ᠢᠶᠠᠨ ᠵᠠᠯᠭᠠᠮᠵᠢᠯᠠᠨ ᠤᠨᠴᠠᠯᠢᠭ ᠢᠶᠠᠨ ᠲᠤᠪᠤᠶᠢᠯᠭᠠᠵᠤ᠂ ᠤᠷᠡᠨ ᠵᠤᠬᠢᠶᠠᠯ ᠤᠨ ᠵᠤᠬᠢᠶᠠᠨ | ᠪᠦᠳᠦᠬᠡᠯᠬᠡ᠂ ᠵᠢᠭᠠᠨ ᠰᠣᠷᠭᠠᠯᠳᠠ ᠬᠢᠬᠡᠳ ᠡᠷᠳᠡᠮ ᠰᠢᠨᠵᠢᠯᠡᠭᠡ ᠤᠶᠠᠯᠳᠣᠭᠰᠠᠨ ᠰᠢᠨ᠎ᠡ ᠠᠷᠭ᠎ᠠ ᠵᠠᠮ ᠢ ᠬᠠᠶᠢᠨ | ᠰᠦᠪᠡᠭᠴᠢᠯᠡᠬᠦ ᠶᠢᠨ ᠲᠦᠯᠦᠬᠡ ᠶᠤᠮ︾ ᠬᠡᠪᠡ᠃ ︵ᠵᠢᠷᠤᠭ ᠢ ᠳᠦᠪ ᠷᠠᠳᠢᠣ᠋ ᠶᠢᠨ ᠰᠤᠷᠪᠤᠯᠵᠢᠯᠠᠭᠴᠢ ᠤᠳᠤᠨᠴᠢᠮᠡᠭ᠂ | ᠦᠪᠦᠷ ᠮᠤᠩᠬᠤᠯ ᠤᠨ ᠵᠠᠯᠠᠭᠤᠴᠤᠳ ᠪᠠᠭᠠᠴᠤᠳ ᠤᠨ ᠰᠡᠳᠬᠦᠯ ᠤᠨ ᠬᠤᠷᠢᠶᠠᠨ ᠤ ᠰᠦᠯᠳᠡ︶ | ᠳᠤᠤᠷ᠎ᠠ ᠬᠤᠷᠠᠯ ᠳᠤ ᠤᠷᠤᠯᠴᠠᠭᠰᠠᠨ ᠡᠷᠳᠡᠮᠳᠡᠨ ᠰᠤᠳᠤᠯᠤᠭᠠᠴᠢ ᠰᠢᠭᠦᠮᠵᠢᠯᠡᠭᠴᠢᠳ ᠤᠨ ᠶᠠᠷᠢᠶ᠎ᠠ ᠶᠢ | ᠰᠡᠶᠢᠷᠡᠭᠦᠯᠵᠤ ᠲᠠ ᠪᠦᠬᠦᠨ ᠳᠤ ᠪᠠᠨ ᠬᠦᠷᠳᠡᠬᠡᠯ ᠪᠤᠯᠭᠠᠶ᠎ᠠ᠃ | | | ᠬᠠᠶᠢᠷᠬᠠᠨ ︵ᠦᠪᠤᠷ ᠮᠤᠩᠭᠤᠯ ᠤᠨ ᠶᠡᠭᠡ ᠰᠣᠷᠭᠠᠭᠤᠯᠢ ᠶᠢᠨ ᠫᠷᠤᠹᠧᠰᠰᠦᠷ︶᠄ ᠳᠤᠷᠤᠨᠠᠲ᠋ᠡᠭᠷᠢ ᠪᠤᠯ | ᠠᠬᠤᠢ ᠶᠢᠨ ᠰᠢᠯᠦᠭᠴᠢ ᠮᠦᠨ ᠪᠦᠭᠡᠳ ᠨᠡᠩ ᠢᠯᠡᠬᠦᠦ ᠳᠡᠭᠡᠨ ᠵᠠᠬᠦᠳᠤ ᠪᠠ ᠳᠤᠮᠤᠭ ᠤᠨ ᠰᠢᠯᠦᠭᠴᠢ᠃ ᠳᠤᠮᠤᠭ᠂ | ᠵᠡᠬᠦᠳᠤ ᠪᠠ ᠬᠦᠰᠡᠯᠡᠩ ᠪᠤᠯ ᠳᠤᠷᠤᠨᠠᠲ᠋ᠡᠭᠷᠢ ᠶᠢᠨ ᠶᠢᠷᠳᠢᠨᠴᠤ ᠶᠢ ᠳᠦᠰᠦᠭᠡᠯᠡᠬᠦ ᠦᠨᠳᠦᠰᠦᠨ ᠭᠡᠯᠪᠡᠷᠢ ᠮᠦᠨ᠃ | ᠳᠤᠷᠤᠨᠠᠲ᠋ᠡᠭᠷᠢ ᠪᠤᠯ ᠤᠳᠤ ᠦᠶ᠎ᠡ ᠶᠢᠨ ᠮᠤᠩᠭᠤᠯ ᠰᠢᠯᠦᠭᠴᠢᠳ ᠤᠨ ᠳᠤᠮᠳᠠ ᠬᠦᠰᠡᠬᠦ᠋ᠢᠴᠢ ᠦᠵᠡᠯ ᠤᠨ ᠴᠢᠭᠯᠡᠯ | ᠳᠡᠭᠡᠷ᠎ᠡ ᠬᠠᠮᠤᠭ ᠤᠨ ᠬᠤᠯᠠ ᠶᠠᠪᠤᠭᠰᠠᠨ ᠨᠢᠭᠡ ᠨᠢ ᠶᠤᠮ᠃ ᠳᠤᠷᠤᠨᠠᠲ᠋ᠡᠭᠷᠢ ᠶᠢᠨ ᠢᠷᠠᠭᠤ ᠨᠠᠶᠢᠷᠠᠭ ᠤᠨ ᠶᠢᠷᠳᠢᠨᠴᠤ ᠨᠢ | ᠬᠠᠷᠢᠴᠠᠩᠭᠤᠢ ᠳᠤᠮᠤ ᠪᠦᠭᠡᠳ ᠪᠠᠶᠠᠯᠢᠭ᠃ ᠭᠤᠷᠪᠠᠨ ᠳᠢᠪ ᠤᠯᠠᠨ ᠭᠠᠯᠪᠠ ᠶᠢᠨ ᠤᠷᠴᠢᠯᠠᠩ ᠤᠨ ᠵᠠᠭᠪᠤᠷ᠂ ᠳᠡᠭᠷᠢ | ᠭᠠᠵᠠᠷ ᠬᠦᠮᠦᠨ ᠢᠶᠠᠷ ᠪᠦᠷᠢᠯᠳᠦᠭᠰᠡᠨ ᠶᠢᠷᠳᠢᠨᠴᠤ ᠶᠢᠨ ᠪᠦᠷᠢᠯᠳᠦᠴᠠ᠂ ᠠᠬᠤᠢ ᠪᠠ ᠬᠦᠰᠡᠯᠡᠩ ᠢᠶᠠᠷ ᠰᠦᠯᠵᠢᠭᠰᠡᠨ | ᠠᠮᠢ ᠨᠠᠰᠤᠨ ᠤ ᠳᠦᠰᠦᠭᠡᠯᠡᠯ᠂ ᠪᠤᠢ ᠬᠤᠭᠤᠰᠤᠨ ᠤᠶᠠᠯᠳᠤᠭᠰᠠᠨ ᠭᠤᠸ᠎ᠠ ᠵᠦᠢ ᠶᠢᠨ ᠬᠦᠭᠡᠭᠡᠴᠡᠯᠳᠦᠯ᠂ | ᠳᠤᠮᠤᠭ ᠤᠨ ᠰᠢᠨ᠎ᠡ ᠠᠮᠢᠯᠠᠯ ᠪᠠ ᠤᠶᠠᠷᠠᠭᠤᠨ ᠬᠦᠰᠡᠬᠦ᠋ᠢᠴᠢ ᠦᠵᠡᠯ ᠤᠨ ᠭᠡᠪ ᠨᠠᠮᠪᠠ ᠪᠤᠯ ᠳᠡᠬᠦᠨ ᠤ ᠰᠢᠯᠦᠭ ᠤᠨ | ᠴᠢᠬᠤᠯᠠ ᠤᠨᠴᠠᠯᠢᠭ ᠪᠤᠯᠤᠨ᠎ᠠ᠃ | | | ᠰᠦᠶᠦᠭᠡ ︵ᠦᠪᠤᠷ ᠮᠤᠩᠭᠤᠯ ᠤᠨ ᠶᠡᠭᠡ ᠰᠣᠷᠭᠠᠭᠤᠯᠢ ᠶᠢᠨ ᠫᠷᠤᠹᠧᠰᠰᠦᠷ︶᠄ ᠴ᠊ • ᠴᠤᠯᠮᠤᠨ ᠤ | ᠰᠢᠯᠦᠭ ᠢ ᠮᠤᠩᠭᠤᠯ ᠠᠮᠢᠳᠤᠷᠠᠯ ᠤᠨ ᠬᠦᠷᠦᠰᠦᠨ ᠠᠴᠠ ᠦᠨᠳᠦᠰᠦᠯᠡᠵᠤ ᠴᠡᠴᠡᠭᠯᠡᠭᠰᠡᠨ ᠨᠡᠭᠦᠳᠡᠯ ᠰᠤᠶᠤᠯ ᠤᠨ ᠦᠨᠦᠷ | ᠠᠮᠲᠠ ᠪᠦᠬᠦᠢ ᠤᠶᠠᠩᠭ᠎ᠠ ᠶᠢᠨ ᠰᠢᠯᠦᠭ ᠮᠦᠨ᠃ ᠲᠡᠷᠡ ᠬᠦ ᠰᠠᠷᠠᠪᠴᠢᠯᠠᠵᠤ ᠵᠤᠭᠰᠤᠭ᠎ᠠ ᠡᠵᠢ᠂ ᠰᠠᠭᠠᠯᠢ ᠶᠢᠨ | ᠦᠨᠦᠷᠲᠡᠢ ᠲᠡᠷᠯᠢᠭ᠂ ᠰᠠᠯᠬᠢᠨ ᠤ ᠳᠡᠭᠵᠢᠨ ᠬᠦᠶᠦᠳᠡᠯ᠂ ᠰᠢᠷᠪᠦᠰᠦᠨ ᠬᠤᠶᠢᠪᠢ᠂ ᠰᠢᠨᠳᠡᠰᠦᠲᠡᠢ ᠬᠦᠯᠦᠭ᠂ | ᠪᠦᠷᠭᠦᠳ ᠤᠨ ᠢᠨᠴᠠᠭᠠᠭᠠ᠂ ᠪᠤᠳᠤᠭᠤ ᠶᠢᠨ ᠪᠤᠶᠢᠯᠠᠭ᠎ᠠ᠂ ᠰᠦᠮᠡᠲᠤ ᠪᠤᠳᠠᠷ ᠤᠨ ᠴᠢᠯᠠᠭᠤ᠂ ᠰᠦᠳᠦ ᠭᠡᠬᠦᠤ ᠶᠢᠨ | ᠤᠨᠠᠭ᠎ᠠ᠂ ᠡᠪᠦᠭᠡᠨ ᠲᠡᠮᠡᠴᠢ᠂ ᠡᠯᠦᠨᠴᠡ ᠬᠢᠯᠦᠭᠡᠲᠡᠢ ᠵᠡᠷᠭᠡ ᠰᠤᠶᠤᠯᠲᠤ ᠪᠠᠭᠠᠲᠤᠷ ᠤᠳ᠂ ᠰᠢᠯᠦᠭ ᠤᠨ ᠮᠦᠷ | ᠪᠠᠳᠠᠭ ᠢ ᠴᠢᠮᠡᠨ ᠠᠮᠢᠯᠠᠭᠤᠯᠵᠤ᠂ ᠥᠷᠥᠭᠡᠯ ᠠᠴᠠ ᠤᠨᠴᠠᠯᠢᠭᠳᠠᠬᠤ ᠦᠨᠦᠷ ᠠᠮᠲᠠ ᠶᠢ ᠰᠡᠩᠬᠢᠨᠡᠬᠦᠯᠵᠤ ᠪᠠᠶᠢᠨ᠎ᠠ᠃ | ᠡᠭᠦᠨ ᠢ ᠮᠤᠩᠭᠤᠯ ᠰᠡᠳᠭᠢᠴᠡ᠂ ᠮᠤᠩᠭᠤᠯ ᠬᠠᠷᠠᠭ᠎ᠠ ᠠᠴᠠ ᠳᠡᠯᠭᠡᠷᠡᠭᠰᠡᠨ ᠦᠷ᠎ᠡ ᠵᠢᠮᠢᠰ ᠭᠡᠵᠤ ᠤᠶᠢᠯᠠᠭᠠᠵᠤ ᠪᠤᠯᠤᠨ᠎ᠠ | ᠃ | | | ᠰᠠᠷᠠᠨ᠎ᠠ ︵ᠦᠪᠤᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠣᠳᠣᠯᠣᠭᠴᠢ︶ | ᠄ ᠴ᠊ • ᠴᠣᠯᠮᠤᠨ ᠤ ᠰᠢᠯᠦᠭ ᠤᠳ ᠲᠤ ᠴᠠᠭᠠᠨ ᠡᠭᠦᠯᠡ᠂ ᠵᠥᠭᠡᠯᠡᠨ ᠰᠠᠯᠬᠢ᠂ ᠲᠠᠯ᠎ᠠ ᠶᠢᠨ ᠵᠡᠷᠭᠡᠯᠭᠡ᠂ ᠥᠨᠳᠡᠭᠡᠨ | ᠴᠢᠯᠠᠭᠤ᠂ ᠲᠥᠩᠬᠦᠭᠡᠷ ᠠᠭᠤᠯᠠ᠂ ᠮᠣᠷᠢ᠂ ᠲᠠᠯ᠎ᠠ᠂ ᠴᠠᠭᠠᠨ ᠱᠣᠩᠬᠤᠷ ᠵᠡᠷᠭᠡ ᠰᠠᠨᠠᠭ᠎ᠠ ᠳᠦᠷᠢ ᠳᠠᠪᠲᠠᠮᠵᠢ ᠶᠡᠬᠡᠲᠡᠢ | ᠢᠯᠡᠷᠡᠳᠡᠭ᠃ ᠡᠨᠡ ᠨᠢ ᠶᠠᠷᠢᠶᠠᠨ ᠦᠭᠡᠢ ᠤᠯᠠᠮᠵᠢᠯᠠᠯᠲᠤ ᠨᠡᠭᠦᠳᠡᠯ ᠮᠠᠯᠵᠢᠯ ᠰᠣᠶᠣᠯ ᠤᠨ ᠪᠠᠶᠢᠭᠠᠯᠢ ᠶᠢᠷᠲᠢᠨᠴᠦ᠂ | ᠨᠡᠶᠢᠭᠡᠮ ᠣᠷᠤᠰᠢᠬᠤᠢ ᠪᠠ ᠬᠥᠮᠦᠨ ᠵᠤᠨ ᠤ ᠲᠥᠯᠦᠭᠡᠯᠡᠮᠵᠢ ᠪᠣᠯᠤᠭᠰᠠᠨ ᠣᠢ ᠳᠦᠷᠬᠦ ᠨᠦᠭᠦᠳ ᠪᠣᠯᠬᠤ ᠶᠤᠮ᠃ | ᠬᠥᠪᠡᠭᠡ ᠬᠢᠵᠠᠭᠠᠷ ᠦᠭᠡᠢ ᠠᠭᠤᠳᠠᠮ ᠲᠠᠯ᠎ᠠ ᠳᠤ ᠮᠠᠯ ᠰᠦᠷᠦᠭ ᠢᠶᠠᠨ ᠪᠠᠷᠠᠳᠠᠨ᠂ ᠵᠥᠭᠡᠯᠡᠨ ᠰᠠᠯᠬᠢ ᠲᠠᠢ | ᠲᠣᠭᠯᠠᠩᠬᠠᠨ᠂ ᠠᠭᠳᠠ ᠬᠥᠯᠦᠭ ᠢᠶᠠᠷ ᠢᠶᠠᠨ ᠭᠠᠯᠭᠢᠭᠤᠯᠵᠤ ᠶᠠᠪᠤᠬᠤ ᠳᠤ᠂ ᠬᠠᠷᠠᠭᠠᠨ ᠤ ᠦᠵᠦᠭᠦᠷ ᠵᠡᠷᠭᠡᠯᠭᠡᠨ | ᠵᠢᠷᠢᠯᠵᠡᠵᠦ᠂ ᠣᠷᠤᠢ ᠳᠡᠭᠡᠭᠦᠷ ᠴᠠᠶᠢᠯᠵᠠᠬᠤ ᠬᠥᠪᠥᠩ ᠡᠭᠦᠯᠡ ᠶᠢᠨ ᠳᠡᠷᠭᠡᠲᠡᠭᠦᠷ ᠬᠦᠴᠦᠲᠦ ᠪᠥᠷᠭᠦᠳ ᠡᠯᠢᠨ ᠬᠠᠯᠢᠨ | ᠨᠢᠰᠬᠦ ᠨᠢ ᠮᠣᠩᠭᠤᠯ ᠤᠨ ᠥᠨᠳᠦᠷᠯᠢᠭ ᠤᠨ ᠳᠡᠮᠳᠡᠭ ᠱᠣᠰᠢᠭ᠎ᠠ ᠪᠢᠯᠡ᠃ ᠲᠡᠳᠡᠭᠡᠷ ᠳᠡᠮᠳᠡᠭ ᠱᠣᠰᠢᠭ᠎ᠠ ᠨᠤᠭᠤᠳ ᠴ᠊ | • ᠴᠣᠯᠮᠤᠨ ᠤ ᠰᠢᠯᠦᠭ ᠤᠳ ᠲᠤ ᠠᠯᠮᠠᠰ ᠰᠢᠭᠢᠳᠭᠡ ᠮᠡᠲᠦ ᠭᠢᠯᠠᠯᠵᠠᠵᠤ ᠪᠠᠶᠢᠳᠠᠭ᠃ | | | ᠶᠤᠸᠠᠨ ᠴᠧᠩ ︵ᠦᠪᠤᠷ ᠮᠤᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠯᠧᠺᠲ᠋ᠤᠷ︶᠄ ᠨᠠ᠊ • | ᠦᠯᠵᠠᠶᠢᠳᠡᠯᠬᠡᠷ ᠤᠨ ᠰᠢᠯᠦᠭ ᠪᠤᠯ ᠵᠢᠩᠬᠢᠨᠢ ᠮᠤᠩᠭᠤᠯ ᠬᠡᠯᠡᠨ ᠤ ᠤᠷᠡᠨ ᠢᠯᠡᠳᠬᠡᠯ᠂ ᠨᠠᠷᠢᠨ ᠮᠡᠳᠡᠷᠡᠮᠵᠢ᠂ ᠭᠦᠨ | ᠪᠢᠰᠢᠯᠭᠠᠯ ᠢ ᠭᠠᠶᠢᠬᠠᠭᠤᠯᠤᠭᠰᠠᠨ ᠤᠷᠡᠨ ᠭᠠᠶᠢᠬᠠᠯᠳᠠᠢ ᠰᠢᠯᠦᠭ ᠪᠤᠯᠬᠤ ᠶᠤᠮ᠃ ᠲᠡᠬᠦᠨ ᠤ ᠤᠷᠴᠢᠮ ᠤᠨ ᠰᠢᠯᠦᠭ | ᠪᠦᠳᠦᠬᠡᠯᠬᠡ ᠨᠢ ᠤᠯᠠᠮᠵᠢᠯᠠᠯ ᠬᠢᠬᠡᠳ ᠰᠢᠨᠡᠴᠢᠯᠡᠯ ᠤᠨ ᠤᠷᠭᠠᠨᠢᠭ ᠤᠶᠠᠯᠳᠣᠯ᠂ ᠰᠡᠷᠡᠯᠯᠢᠭ ᠮᠡᠳᠡᠷᠡᠮᠵᠢ ᠬᠢᠬᠡᠳ | ᠤᠶᠤᠯᠢᠭ ᠪᠤᠳᠤᠯᠭᠠᠰᠢᠷᠠᠯ ᠤᠨ ᠡᠪᠳᠡᠢ ᠠᠭᠤᠰᠣᠯᠳᠣᠯ᠂ ᠠᠳᠠᠯᠢᠳᠬᠠᠯ ᠵᠦᠢᠷᠯᠡᠯ ᠪᠤᠯᠤᠨ ᠦᠯᠢᠳᠬᠡᠯ | ᠥᠷᠨᠢᠭᠦᠯᠦᠯ ᠤᠨ ᠵᠦᠢᠳᠠᠢ ᠵᠤᠬᠢᠴᠠᠭᠤᠯᠤᠯ ᠤᠨ ᠲᠤᠮᠳᠠ᠂ ᠰᠢᠯᠦᠭ ᠤᠨ ᠬᠡᠯᠡᠨ ᠤ ᠭᠤᠸ᠎ᠠ᠂ ᠰᠠᠨᠠᠭᠠᠨ ᠤ ᠤᠷᠡᠨ᠂ | ᠰᠡᠳᠬᠢᠯ ᠤᠨ ᠠᠭᠠᠷ᠎ᠠ ᠶᠢ ᠤᠷᠭᠠᠨᠢᠭ ᠤᠶᠠᠯᠳᠤᠭᠤᠯᠤᠭᠰᠠᠨ ᠠᠮᠵᠢᠯᠳᠠᠳᠣ ᠲᠤᠷᠰᠢᠴᠡ ᠪᠠᠷ ᠢᠶᠠᠨ ᠤᠨᠴᠠᠯᠢᠭᠳᠠᠨ᠎ᠠ᠃ | | | ᠶ᠊ • ᠲᠡᠮᠣᠷᠵᠢᠨ ︵ᠦᠪᠤᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ | ᠰᠣᠳᠣᠯᠣᠭᠴᠢ︶᠄ ᠪᠠᠭᠰᠢ ᠶᠢᠨ ᠶᠡᠭᠡ ᠰᠤᠷᠭᠠᠭᠤᠯᠢ ᠪᠣᠯ ᠤᠷᠠᠨ ᠵᠣᠬᠢᠶᠠᠯᠴᠢᠳ ᠤᠨ ᠤᠷᠭ᠎ᠠ ᠪᠠᠨ ᠲᠤᠯᠤᠨ | ᠮᠣᠷᠳᠠᠳᠠᠭ ᠠᠭᠤᠳᠠᠮ ᠪᠡᠯᠴᠢᠭᠡᠷ᠃ ᠡᠨᠡ ᠪᠡᠯᠴᠢᠭᠡᠷ ᠲᠤ ᠨᠠ᠊ • ᠦᠯᠵᠠᠶᠢᠳᠡᠯᠬᠡᠷ᠂ ᠴ᠊ • ᠴᠤᠯᠮᠤᠨ᠂ | ᠲᠤᠷᠤᠨᠡᠲ᠋ᠡᠭᠷᠢ ᠨᠠᠷ ᠢᠷᠠᠭᠤ ᠨᠠᠶᠢᠷᠠᠭ ᠤᠨ ᠭᠤᠷᠮᠤᠰᠤᠨ ᠳᠠᠭᠤᠤ ᠶᠢ ᠬᠦᠩᠭᠢᠨᠡᠭᠦᠯᠵᠦ ᠪᠦᠲᠦᠭᠡᠯ ᠦᠯᠡᠮᠵᠢ ᠶᠠᠪᠤᠨ᠎ᠠ᠃ | ᠨᠠ᠊ • ᠦᠯᠵᠠᠶᠢᠳᠡᠯᠬᠡᠷ ᠣᠳᠣᠬᠢᠴᠢ ᠦᠯᠢᠳᠬᠡᠯ ᠥᠷᠨᠢᠭᠦᠯᠦᠯ ᠵᠶᠡᠷ ᠢᠷᠠᠭᠤ ᠴᠡᠭᠡᠯᠬᠡᠨ ᠠᠶᠠᠰ ᠢ | ᠴᠢᠪᠬᠠᠳᠠᠭᠰᠠᠨ ᠨᠢ ᠡᠨᠡᠳᠬᠡᠭ ᠪᠦᠰᠡᠭᠦᠢ ᠶᠢᠨ ᠪᠥᠵᠢᠭ ᠮᠡᠲᠦ᠃ ᠴ᠊ • ᠴᠤᠯᠮᠤᠨ ᠦᠯᠢᠭᠡᠷᠲᠦ ᠰᠠᠨᠠᠭ᠎ᠠ ᠳᠦᠷᠢ ᠪᠠᠷ | ᠨᠡᠭᠦᠳᠡᠯ ᠤᠨ ᠰᠣᠶᠣᠯ ᠰᠡᠳᠬᠢᠯᠭᠡᠨ ᠢ ᠰᠢᠷᠤᠩᠬᠠᠶᠢᠯᠠᠭᠰᠠᠨ ᠨᠢ ᠤᠷᠲᠤ ᠶᠢᠨ ᠳᠠᠭᠤᠤ ᠠᠳᠠᠯᠢ᠃ ᠲᠤᠷᠤᠨᠡᠲ᠋ᠡᠭᠷᠢ ᠶᠢᠨ | ᠬᠡᠨ ᠠᠴᠠ ᠴᠦ ᠢᠯᠭᠠᠷᠠᠬᠤ ᠬᠤᠶᠠᠷ ᠮᠥᠷᠲᠦ ᠨᠢ ᠡᠶᠢᠷᠡᠭ ᠰᠡᠶᠢᠷᠡᠭ ᠣᠢ ᠰᠢᠭᠤᠢ᠂ ᠡᠪᠬᠡᠭᠦᠷ ᠳᠡᠪᠬᠡᠭᠦᠷ ᠠᠭᠤᠯᠠ | ᠤᠰᠤ ᠲᠠᠢ ᠡᠷᠲᠡᠨ ᠤ ᠰᠣᠩᠭᠤᠳᠠᠭ ᠵᠢᠷᠤᠭ ᠮᠡᠲᠦ᠃ | | | ᠴᠦ᠋ ᠢ ︵ᠦᠪᠤᠷ ᠮᠤᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠫᠷᠤᠹᠧᠰᠰᠦᠷ︶᠄ ᠴᠤᠯᠢᠭᠢᠷ ᠤᠨ | ᠲᠤᠭᠤᠵᠢᠰ ᠡᠮᠡᠭᠲᠡᠶᠢᠴᠦᠳ ᠤᠨ ᠤᠶᠠᠬᠠᠨ ᠮᠡᠳᠡᠷᠡᠮᠵᠢ ᠪᠠᠷ ᠭᠠᠳᠠᠭᠠᠳᠤ ᠶᠢᠷᠲᠢᠨᠴᠤ ᠪᠠ ᠲᠤᠳᠤᠭᠠᠳᠤ ᠰᠡᠳᠭᠢᠯ ᠢ | ᠬᠦᠨᠵᠡᠬᠡᠢ ᠢᠯᠡᠷᠡᠭᠦᠯᠬᠦ ᠪᠠᠷ ᠴᠢᠷᠮᠠᠶᠢᠭᠰᠠᠨ᠂ ᠪᠤᠯᠪᠠᠰᠤᠷᠠᠩᠭᠤᠢ ᠬᠦᠤᠷᠨᠢᠯ ᠤᠨ ᠣᠷᠠᠯᠢᠭ ᠢ ᠴᠢᠯᠦᠭᠡᠲᠡᠢ ᠠᠰᠢᠭᠯᠠᠵᠤ᠂ | ᠰᠢᠨ᠎ᠡ ᠤᠳᠬ᠎ᠠ ᠰᠡᠳᠦᠪ ᠢ ᠨᠡᠭᠡᠭᠡᠨ ᠢᠯᠡᠷᠡᠭᠦᠯᠬᠦ ᠶᠢ ᠵᠤᠷᠢᠭᠰᠠᠨ ᠠᠮᠵᠢᠯᠲᠠ ᠲᠠᠢ ᠪᠦᠲᠦᠭᠡᠯ ᠪᠤᠯᠵᠠᠢ᠃ ᠲᠡᠭᠦᠨ ᠤ | ᠵᠤᠬᠢᠶᠠᠯ ᠨᠢ ᠬᠦᠳᠡᠭᠡ ᠠᠵᠤ ᠠᠬᠤᠢ ᠶᠢᠨ ᠠᠵᠤ ᠦᠢᠯᠡᠳᠪᠦᠷᠢᠯᠡᠯ᠂ ᠡᠮ ᠡᠮᠨᠡᠯᠭᠡ ᠶᠢᠨ ᠬᠦᠮᠦᠯᠢᠭ᠂ ᠨᠡᠶᠢᠭᠡᠮ ᠤᠨ | ᠡᠪ ᠨᠠᠶᠢᠷᠠᠮᠳᠠᠯ ᠪᠠ ᠬᠠᠤᠯᠢ ᠶᠢ ᠡᠵᠡᠮᠰᠢᠨ ᠬᠡᠷᠡᠭᠯᠡᠬᠦ ᠶᠢ ᠰᠠᠨᠠᠭᠠᠴᠢᠯᠠᠬᠤ ᠶᠢᠨ ᠬᠠᠮᠲᠤ᠂ ᠰᠡᠭᠡᠭᠡᠲᠡᠨ | ᠪᠦᠰᠡᠬᠦ᠋ᠢᠴᠦᠳ ᠤᠨ ᠤᠷᠤᠭ ᠬᠤᠷᠢᠮ ᠭᠡᠷ ᠪᠦᠯᠢ ᠤᠶᠤᠨ ᠰᠠᠨᠠᠭᠠᠨ ᠤ ᠡᠷᠭᠡ ᠴᠢᠯᠦᠭᠡᠲᠡᠢ ᠪᠤᠳᠠᠭᠠᠯᠢ ᠴᠢᠨᠠᠷ ᠢ | ᠬᠦᠰᠡᠨ ᠤᠷᠢᠶᠠᠯᠠᠭᠰᠠᠨ ᠪᠠᠶᠢᠳᠠᠭ᠃ ᠴᠤᠯᠢᠭᠢᠷ ᠤᠨ ᠲᠤᠭᠤᠵᠢᠰ ᠤᠨ ᠰᠡᠳᠦᠪᠯᠡᠬᠦᠨ ᠤ ᠬᠡᠪᠴᠢᠶ᠎ᠡ ᠨᠡᠯᠢᠶᠡᠳ ᠦᠷᠭᠡᠨ | ᠂ ᠪᠤᠯᠪᠠᠰᠤᠷᠠᠩᠭᠤᠢ ᠬᠦᠤᠷᠨᠢᠯ ᠤᠨ ᠴᠢᠳᠠᠪᠤᠷᠢ ᠶᠢ ᠡᠵᠡᠮᠰᠢᠵᠤ᠂ ᠮᠡᠳᠡᠯᠭᠡ ᠶᠢᠨ ᠬᠡᠪᠴᠢᠶ᠎ᠡ ᠦᠷᠭᠡᠨ᠂ ᠰᠢᠨ᠎ᠡ ᠵᠦᠢᠯ ᠢ | ᠰᠡᠳᠦᠨ ᠬᠦᠭᠡᠭᠡᠴᠡᠯᠳᠦᠳᠡᠭ ᠤᠨᠴᠠᠯᠢᠭ ᠲᠠᠢ ᠪᠠᠶᠢᠳᠠᠭ᠃ | | | ᠨᠠᠬᠢᠶ᠎ᠠ ︵ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠮᠤᠩᠭᠤᠯ ᠰᠤᠳᠤᠯᠤᠯ ᠤᠨ ᠲᠡᠭᠡᠳᠦ | ᠰᠤᠷᠭᠠᠭᠤᠯᠢ ᠶᠢᠨ 2017 ᠤᠨ ᠤ ᠳ᠋ᠤᠺᠲ᠋ᠤᠷᠠᠨᠲ︶᠄ ᠰᠢ᠊ · ᠬᠠᠰᠪᠠᠭᠠᠳᠤᠷ ᠤᠨ ᠦᠬᠦᠯᠡᠯᠭᠡ ᠳᠤ ᠨᠡᠶᠢᠭᠡᠮ ᠤᠨ | ᠠᠰᠠᠭᠤᠳᠠᠯ ᠢ ᠢᠯᠡᠴᠢᠯᠡᠨ᠂ ᠤᠳᠤ ᠦᠶ᠎ᠡ ᠶᠢᠨ ᠲᠠᠸᠠᠷ ᠤᠨ ᠨᠡᠶᠢᠭᠡᠮ ᠳᠠᠬᠢ ᠮᠦᠩᠬᠦᠨ ᠤ ᠰᠢᠳᠦᠯᠭᠡ ᠶᠢ | ᠲᠤᠰᠬᠠᠬᠤ ᠶᠢᠨ ᠬᠠᠮᠳᠤ ᠲᠡᠬᠦᠨ ᠤ ᠠᠷᠤ ᠳᠠᠬᠢ ᠬᠦᠮᠦᠨ ᠴᠢᠨᠠᠷ ᠤᠨ ᠲᠤᠷᠦ᠋ᠢᠳᠠᠯ ᠢ ᠦᠵᠡᠬᠦᠯᠵᠠᠢ᠃ ᠭᠤᠤᠯᠳᠠᠭᠤ | ᠭᠠᠴᠠᠭᠠᠨ ᠲᠠᠷᠤᠭ᠎ᠠ᠂ ᠮᠠᠶᠢᠮᠠᠶᠢᠴᠢᠨ᠂ ᠦᠳᠡᠯ᠎ᠡ ᠠᠷᠠᠳ ᠭᠡᠬᠦ ᠭᠤᠷᠪᠠᠨ ᠪᠦᠯᠦᠭ ᠬᠦᠮᠦᠰ ᠵᠶᠡᠷ ᠵᠢᠱᠢᠶ᠎ᠡ ᠪᠤᠯᠭᠠᠨ | ᠬᠦᠮᠦᠨ ᠴᠢᠨᠠᠷ ᠤᠨ ᠲᠤᠷᠦ᠋ᠢᠳᠠᠯ ᠤᠨ ᠠᠰᠠᠭᠤᠳᠠᠯ ᠢ ᠬᠤᠱᠤᠩᠨᠠᠨ ᠶᠦᠭᠡᠳᠡᠵᠠᠢ᠃ ᠦᠬᠦᠯᠡᠯᠭᠡ ᠳᠤ ᠶᠤᠭᠳᠠ | ᠦᠯᠢᠭᠡᠷ ᠤᠨ ᠤᠷᠠᠯᠢᠭ ᠤᠨ ᠠᠷᠭ᠎ᠠ ᠮᠠᠶ᠋᠊ᠢᠭ ᠢ ᠭᠡᠷᠡᠭᠯᠡᠵᠦ᠂ ᠬᠤᠱᠦᠩ ᠶᠦᠭᠡᠳᠡᠯ ᠪᠠ ᠰᠢᠬᠦᠮᠵᠢᠯᠡᠯ ᠬᠦᠮᠦᠵᠢᠬᠦᠯᠦᠯ | ᠤᠶᠠᠯᠳᠤᠭᠤᠯᠤᠭᠰᠠᠨ ᠶᠤᠭᠳᠠᠯᠢᠭ ᠦᠬᠦᠯᠡᠯᠭᠡ ᠪᠤᠯᠤᠭᠰᠠᠨ ᠪᠠᠶᠢᠨ᠎ᠠ᠃ ᠦᠬᠦᠯᠡᠯᠭᠡ ᠳᠤ ᠤᠷᠠᠨ ᠵᠤᠬᠢᠶᠠᠯ ᠤᠨ | ᠤᠯᠠᠮᠵᠢᠯᠠᠯ ᠪᠠ ᠰᠢᠨ᠎ᠡ ᠰᠦᠪᠡᠭᠴᠢᠯᠡᠯᠳᠡ ᠶᠢ ᠤᠶᠠᠯᠳᠤᠭᠤᠯᠤᠨ ᠨᠢᠭᠡᠳᠭᠡᠵᠦ᠂ ᠠᠮᠠᠨ ᠵᠤᠬᠢᠶᠠᠯ ᠪᠠ ᠱᠠᠰᠢᠨ ᠤ | ᠤᠷᠠᠨ ᠵᠤᠬᠢᠶᠠᠯ ᠤᠨ ᠦᠬᠦᠯᠡᠮᠵᠢ ᠮᠤᠲ᠋ᠢᠹ ᠶᠢ ᠰᠢᠩᠭᠡᠭᠡᠨ ᠠᠰᠢᠭᠯᠠᠬᠤ ᠶᠢᠨ ᠬᠠᠮᠳᠤ ᠪᠠᠰᠠ ᠰᠢᠨ᠎ᠡ ᠤᠷᠠᠯᠢᠭ ᠤᠨ | ᠰᠦᠪᠡᠭᠴᠢᠯᠡᠯᠡᠳᠡ ᠬᠢᠵᠤ ᠭᠠᠶᠢᠬᠠᠮᠰᠢᠭᠳᠠᠢ ᠦᠢᠯᠡ ᠶᠠᠪᠤᠳᠠᠯ ᠵᠶᠡᠷ ᠬᠠᠴᠢᠨ ᠨᠢᠭᠤᠴᠠᠭᠠᠢ ᠠᠭᠤᠷ ᠠᠮᠢᠰᠬᠤᠯ ᠢ | ᠪᠦᠳᠦᠭᠡᠭᠰᠡᠨ ᠪᠠᠶᠢᠨ᠎ᠠ᠃ ᠡᠬᠦᠨ ᠤ ᠬᠠᠮᠳᠤ ᠪᠠᠰᠠ ᠡᠳᠦᠢ ᠲᠡᠳᠦᠢ ᠬᠦᠤᠷᠨᠢᠯ ᠤᠨ ᠠᠰᠠᠭᠤᠳᠠᠯ ᠤᠷᠤᠰᠢᠨ᠎ᠠ᠃ | | | ᠴ᠊ • ᠵᠢᠷᠭᠠᠯ ︵ᠦᠪᠤᠷ ᠮᠤᠩᠭᠤᠯ ᠤᠨ ᠶᠡᠭᠡ ᠰᠣᠷᠭᠠᠭᠤᠯᠢ ᠶᠢᠨ ᠫᠷᠤᠹᠧᠰᠰᠦᠷ︶ ᠦᠪᠤᠷ ᠮᠤᠩᠭᠤᠯ ᠤᠨ | ᠪᠠᠭᠰᠢ ᠶᠢᠨ ᠶᠡᠭᠡ ᠰᠣᠷᠭᠠᠭᠤᠯᠢ ᠶᠢᠨ ᠮᠤᠩᠭᠤᠯ ᠰᠣᠳᠣᠯᠣᠯ ᠤᠨ ᠲᠡᠬᠡᠳᠣ ᠰᠣᠷᠭᠠᠭᠤᠯᠢ ᠶᠢᠨ ᠮᠤᠩᠭᠤᠯ ᠬᠡᠯᠡ | ᠤᠳᠬ᠎ᠠ ᠵᠤᠬᠢᠶᠠᠯ ᠤᠨ ᠰᠠᠯᠪᠤᠷᠢ ᠪᠤᠯ ᠲᠤᠮᠳᠠᠳᠣ ᠤᠯᠤᠰ ᠤᠨ ᠮᠤᠩᠭᠤᠯ ᠤᠷᠡᠨ ᠵᠤᠬᠢᠶᠠᠯ ᠤᠨ ᠴᠢᠬᠤᠯᠠ ᠨᠢᠬᠡᠨ | ᠰᠠᠭᠤᠷᠢᠨ ᠭᠠᠵᠠᠷ ᠪᠤᠯᠬᠤ ᠶᠤᠮ᠃ ᠵᠢᠷᠠ ᠭᠠᠷᠦᠢ ᠵᠢᠯ ᠤᠨ ᠲᠤᠷᠰᠢ᠂ ᠨᠠ᠊ • ᠰᠠᠶᠢᠰᠢᠶᠠᠯᠳᠣ᠂ ᠬᠠ᠊ • | ᠳ᠋ᠠᠮᠪᠢᠵᠠᠯᠰᠠᠨ᠂ ᠰᠣᠳᠨᠠᠮ᠂ ᠬᠠᠷᠠᠬᠦᠤ ᠵᠡᠷᠬᠡ ᠠᠬᠠᠮᠠᠳ ᠰᠢᠯᠦᠭᠴᠢ᠂ ᠵᠤᠬᠢᠶᠠᠯᠴᠢᠳ ᠴᠤᠯᠭᠤᠷᠠᠨ ᠭᠠᠷᠤᠭᠰᠠᠨ | ᠪᠦᠬᠡᠳ ᠲᠡᠳᠡᠨ ᠤ ᠬᠤᠶᠢᠨ᠎ᠠ ᠠᠴᠠ ᠲᠤᠷᠤᠨᠠᠲ᠋ᠡᠭᠷᠢ᠂ ᠨᠠ᠊ • ᠦᠯᠵᠠᠶᠢᠳᠡᠯᠬᠡᠷ᠂ ᠴ᠊ • ᠴᠤᠯᠮᠤᠨ᠂ ᠴᠤᠯᠢᠬᠢᠷ᠂ | ᠰᠢ • ᠬᠠᠰᠪᠠᠭᠠᠳᠣᠷ ᠨᠡᠷ ᠦᠰᠦᠬᠡᠢ ᠵᠠᠯᠭᠠᠨ ᠢᠳᠡᠪᠬᠢᠯᠡᠨ ᠠᠵᠢᠯᠯᠠᠵᠤ᠂ ᠦᠷᠦᠬᠡᠯ ᠪᠤᠰᠣᠳ ᠤᠨ ᠲᠤᠮᠳᠠ ᠠᠴᠠ | ︽ᠡᠷᠳᠡᠮᠳᠡᠨ ᠮᠠᠶ᠋᠊ᠢᠭ ᠤᠨ ᠵᠤᠬᠢᠶᠠᠯᠴᠢᠳ︾᠂ ︽ᠬᠦᠷᠢᠶᠡᠯᠡᠩ ᠤᠨ ᠵᠤᠬᠢᠶᠠᠯᠴᠢᠳ︾ ᠬᠡᠮᠡᠨ ᠦᠨᠡᠯᠡᠭᠳᠡᠵᠤ | ᠦᠪᠡᠷᠮᠢᠴᠡ ᠦᠩᠬᠡ ᠬᠢᠯᠪᠠᠭ᠎ᠠ ᠪᠠᠨ ᠰᠠᠴᠤᠷᠠᠭᠤᠯᠵᠤ ᠪᠠᠶᠢᠨ᠎ᠠ᠃ ︽ᠬᠦᠷᠢᠶᠡᠯᠡᠩ ᠤᠨ ᠵᠤᠬᠢᠶᠠᠯᠴᠢᠳ︾ ᠬᠡᠬᠦ | ᠤᠬᠠᠭᠳᠠᠬᠤᠨ ᠪᠤᠯ ᠲᠤᠰ ᠬᠤᠷᠡᠯ ᠳᠤ ᠠᠩᠬ᠎ᠠ ᠲᠤᠷᠠᠳᠣᠭᠳᠠᠵᠤ ᠪᠠᠶᠢᠭ᠎ᠠ ᠴᠣ᠋ ᠰᠢᠨ᠎ᠡ ᠤᠬᠠᠭᠳᠠᠬᠤᠨ ᠪᠤᠯᠤᠨ᠎ᠠ᠃ | ᠤᠨᠴᠠᠭᠠᠶᠢᠯᠠᠨ ᠲᠤᠷᠠᠳᠣᠭᠤᠰᠢᠳᠠᠢ ᠨᠢ᠂ ᠦᠪᠤᠷ ᠮᠤᠩᠭᠤᠯ ᠤᠨ ᠵᠤᠬᠢᠶᠠᠯᠴᠢᠳ ᠤᠨ ᠡᠪᠯᠡᠯ ᠤᠨ ᠲᠡᠷᠢᠬᠦᠯᠡᠭᠴᠢ | ᠳᠤᠷᠤᠨᠠᠲ᠋ᠡᠭᠷᠢ ᠬᠦᠷᠳᠡᠯ᠎ᠡ ᠠᠳᠡ ᠠᠴᠠ ᠴᠤᠯᠭᠤᠷᠡᠨ ᠭᠠᠷᠤᠭᠰᠠᠨ ᠠᠵᠢ᠃ ᠡᠬᠦᠨ ᠠᠴᠠ ᠭᠠᠳᠠᠨ᠎ᠠ᠂ ᠮᠤᠩᠭᠤᠯ ᠬᠡᠯᠡ | ᠤᠳᠬ᠎ᠠ ᠵᠤᠬᠢᠶᠠᠯ ᠤᠨ ᠮᠡᠷᠬᠡᠵᠢᠯ ᠠᠴᠠ ᠲᠡᠬᠦᠰᠦᠭᠰᠡᠨ ᠤᠶᠤᠳᠠᠳ ᠠᠴᠠ ᠴᠤ ᠨᠡᠶᠢᠬᠡᠮ ᠨᠡᠶᠢᠳᠡ ᠳᠤ ᠦᠷᠬᠡᠨ | ᠨᠦᠯᠦᠬᠡ ᠦᠯᠡᠮᠵᠢ ᠲᠤᠰᠬᠠᠯ ᠲᠠᠢ ᠶᠠᠪᠤᠭ᠎ᠠ ᠰᠢᠯᠦᠭᠴᠢ ᠵᠤᠬᠢᠶᠠᠯᠴᠢᠳ ᠬᠡᠳᠦᠨ ᠠᠷᠪᠡ ᠪᠠᠷ ᠲᠤᠭᠠᠯᠠᠭᠳᠠᠨ᠎ᠠ᠃ | ᠲᠡᠳᠡ ᠨᠠᠷ ᠤᠨ ᠤᠷᠡᠨ ᠪᠦᠳᠦᠬᠡᠯ ᠨᠢ ᠬᠡᠳᠦᠨ ᠦᠶ᠎ᠡ ᠶᠢᠨ ᠤᠩᠰᠢᠭᠴᠢᠳ ᠤᠨ ᠦᠰᠦᠨ ᠪᠦᠢᠵᠢᠯᠳᠡ ᠳᠤ ᠤᠶᠤᠨ ᠤ | ᠲᠡᠵᠢᠭᠡᠯ ᠪᠣᠯᠣᠨ ᠰᠢᠮᠡᠳᠴᠦ᠂ ᠤᠬᠠᠭᠠᠨ ᠤ ᠵᠤᠯᠠ ᠪᠣᠯᠣᠨ ᠭᠡᠷᠡᠯᠲᠦᠭᠰᠡᠨ ᠨᠢ ᠡᠷᠡᠬᠡᠯᠵᠡᠭᠡ ᠦᠬᠡᠢ ᠶᠤᠮ᠃ ᠡᠳᠡᠬᠡᠷ | ᠵᠤᠬᠢᠶᠠᠯᠴᠢᠳ ᠣᠳᠣ ᠦᠶ᠎ᠡ ᠶᠢᠨ ᠮᠤᠩᠭᠤᠯ ᠤᠷᠡᠨ ᠵᠤᠬᠢᠶᠠᠯ ᠤᠨ ᠡᠬᠦᠰᠣᠯ᠂ ᠬᠦᠭᠵᠢᠯ᠂ ᠲᠡᠬᠦᠯᠳᠡᠷᠵᠢᠯ ᠳᠤ | ᠦᠪᠡᠷᠮᠢᠴᠡ ᠬᠤᠪᠢ ᠨᠡᠮᠡᠬᠦᠷᠢ ᠪᠠᠨ ᠤᠷᠤᠭᠤᠯᠤᠭᠰᠠᠨ ᠪᠠᠶᠢᠨ᠎ᠠ ᠬᠡᠮᠡᠨ ᠦᠨᠳᠣᠷ ᠦᠨᠡᠯᠡᠵᠡᠢ᠃ |