︽ᠮᠠᠯᠮᠠᠢ ᠪᠠᠶᠠᠰᠬᠠᠵᠤ ᠰᠤᠨᠤᠷ ᠴᠢᠮᠡᠭᠦᠢ︾ ᠨᠤᠮ ᠲᠠᠢ ᠳᠠᠨᠢᠯᠴᠠᠨ᠎ᠠ ᠤᠤ
ᠨᠡᠶᠢᠲᠡᠯᠡᠭᠰᠡᠨ ᠴᠠᠭ᠄
2018-07-19
      ᠵᠤᠬᠢᠶᠠᠭᠴᠢ ᠯᠢ ᠨᠢᠮᠢᠤᠨ 30 ᠭᠠᠷᠤᠢ ᠵᠢᠯ ᠠᠵᠢᠯ ᠤᠨ ᠴᠢᠯᠦᠭᠡ ᠪᠠᠨ ᠠᠰᠢᠭᠯᠠᠵᠤ ᠪᠤᠷᠪᠢ ᠨᠤᠭᠤᠷᠠᠯ ᠦᠭᠡᠢ ᠪᠤᠷᠤ ᠮᠠᠲ᠋ᠧᠷᠢᠶᠠᠯ ᠴᠤᠭᠯᠠᠭᠤᠯᠤᠨ ᠡᠭᠡ ᠪᠢᠴᠢᠭ ᠪᠢᠴᠢᠵᠤ᠂ ᠡᠯ᠎ᠡ ᠱᠠᠳᠤᠨ ᠤ ᠰᠤᠨᠢᠨ ᠰᠡᠳᠭᠦᠯ ᠲᠡᠭᠡᠷ᠎ᠡ ᠨᠡᠶᠢᠳᠡᠯᠡᠭᠦᠯᠦᠭᠰᠡᠨ ᠡᠭᠡ ᠪᠢᠴᠢᠭ ᠢᠶᠠᠨ ᠡᠮᠬᠢᠳᠭᠡᠭᠰᠡᠨ ︽ᠮᠠᠯᠮᠠᠢ ᠪᠠᠶᠠᠰᠬᠠᠵᠤ ᠰᠤᠨᠤᠷ ᠴᠢᠮᠡᠭᠦᠢ - ᠰᠤᠨᠢᠨ ᠮᠡᠳᠡᠭᠡᠯᠡᠯ ᠤᠨ ᠡᠮᠬᠢᠳᠭᠡᠯ︾ ᠨᠢ ᠮᠢᠩᠭᠠᠤᠨ ᠨᠢᠭᠤᠷ ᠲᠠᠢ᠂ 85 ᠲᠦᠮᠡᠨ ᠦᠰᠦᠭ ᠲᠠᠢ᠂ ᠰᠢᠯᠤᠭᠤᠨ ᠭᠦᠭᠡ ᠬᠤᠰᠢᠭᠤᠨ ᠤ ᠤᠢᠢᠷ᠎ᠡ ᠶᠢᠨ ᠭᠤᠴᠢᠭᠠᠤᠨ ᠵᠢᠯ ᠤᠨ ᠨᠡᠶᠢᠭᠡᠮ ᠤᠨ ᠭᠦᠭᠵᠢᠯᠳᠡ ᠶᠢᠨ ᠲᠡᠤᠭᠡᠨ ᠶᠠᠪᠤᠴᠠ ᠳᠤ ᠡᠭᠦᠰᠦᠭᠰᠡᠨ ᠶᠡᠭᠡ ᠪᠠᠭ᠎ᠠ ᠭᠡᠷᠡᠭ ᠤᠴᠢᠷ ᠤᠳ ᠢ ᠪᠤᠳᠠᠳᠠᠢ ᠲᠡᠮᠳᠡᠭᠯᠡᠭᠰᠡᠨ ᠨᠤᠮ ᠪᠤᠯᠬᠤ ᠶᠤᠮ᠃      ᠯᠢ ᠨᠢᠮᠢᠤᠨ 1982 ᠤᠨ ᠠᠴᠠ ᠡᠬᠢᠯᠡᠨ ᠠᠵᠢᠯ ᠤᠨ ᠴᠢᠯᠦᠭᠡ ᠪᠠᠷ ᠢᠶᠠᠨ ᠰᠤᠨᠢᠨ ᠰᠡᠳᠭᠦᠯ ᠳᠤ ᠡᠭᠡ ᠪᠢᠴᠢᠭ ᠪᠢᠴᠢᠵᠤ᠂ 2012 ᠤᠨ ᠪᠤᠯᠳᠠᠯ᠎ᠡ ︽ᠦᠪᠤᠷ ᠮᠤᠩᠭᠤᠯ ᠤᠨ ᠡᠳᠤᠷ ᠤᠨ ᠰᠤᠨᠢᠨ︾᠂ ︽ᠰᠢᠯᠢ ᠶᠢᠨ ᠭᠤᠤᠯ ᠤᠨ ᠡᠳᠤᠷ ᠤᠨ ᠰᠤᠨᠢᠨ︾᠂ ᠰᠢᠯᠢ ᠶᠢᠨ ᠭᠤᠤᠯ ᠤᠨ ᠷᠠᠳᠢᠣ᠋ ᠨᠡᠪᠳᠡᠷᠡᠭᠦᠯᠭᠡ ᠵᠡᠷᠭᠡ ᠵᠠᠭᠤᠴᠢᠯᠠᠭᠤᠷ ᠲᠤ ᠨᠡᠶᠢᠳᠡ 3250 ᠭᠠᠷᠤᠢ ᠡᠭᠡ ᠪᠢᠴᠢᠭ ᠢ ᠨᠡᠶᠢᠳᠡᠯᠡᠭᠦᠯᠦᠭᠰᠡᠨ ᠪᠤᠶᠤ ᠨᠡᠪᠳᠡᠷᠡᠭᠦᠯᠵᠤ᠂ ᠤᠷᠤᠨ ᠠᠶᠢᠮᠠᠭ ᠤᠨ ᠰᠤᠨᠢᠨ ᠤ ᠬᠤᠷᠢᠶ᠎ᠡ᠂ ᠷᠠᠳᠢᠣ᠋ ᠨᠡᠪᠳᠡᠷᠡᠭᠦᠯᠭᠡ ᠶᠢᠨ ᠬᠤᠷᠢᠶᠠᠨ ᠤ ᠰᠢᠯᠢᠳᠡᠭ ᠴᠢᠮᠡᠭᠡᠯᠡᠭᠴᠢ ᠪᠠᠷ 30 ᠭᠠᠷᠤᠢ ᠤᠳᠠᠭ᠎ᠠ ᠰᠤᠩᠭᠤᠭᠳᠠᠵᠤ᠂ ᠦᠪᠤᠷ ᠮᠤᠩᠭᠤᠯ ᠤᠨ ︽ᠦᠢᠯᠡᠳᠤᠯᠭᠡ︾ ᠰᠡᠳᠭᠦᠯ ᠤᠨ ᠴᠢᠮᠡᠭᠡᠯᠡᠭᠴᠢ᠂ ︽ᠦᠪᠤᠷ ᠮᠤᠩᠭᠤᠯ ᠤᠨ ᠡᠳᠤᠷ ᠤᠨ ᠰᠤᠨᠢᠨ︾ ᠤ ᠤᠨᠴᠠ ᠤᠷᠢᠭᠰᠠᠨ ᠴᠢᠮᠡᠭᠡᠯᠡᠭᠴᠢ᠂ ︽ᠰᠢᠯᠢ ᠶᠢᠨ ᠭᠤᠤᠯ ᠤᠨ ᠡᠳᠤᠷ ᠤᠨ ᠰᠤᠨᠢᠨ︾ ᠤ ᠤᠨᠴᠠ ᠤᠷᠢᠭᠰᠠᠨ ᠰᠤᠷᠪᠤᠯᠵᠢᠯᠠᠭᠴᠢ᠂ ᠤᠨᠴᠠ ᠤᠷᠢᠭᠰᠠᠨ ᠰᠤᠨᠢᠨ ᠲᠠᠷᠬᠠᠭᠠᠭᠴᠢ ᠪᠠᠷ ᠤᠷᠢᠭᠳᠠᠵᠤ ᠠᠵᠢᠯᠯᠠᠭᠰᠠᠨ ᠪᠠᠶᠢᠨ᠎ᠡ᠃ ᠲᠡᠭᠦᠨ ᠤ ᠵᠤᠬᠢᠶᠠᠨ ᠪᠢᠴᠢᠵᠤ ᠡᠮᠬᠢᠳᠭᠡᠭᠰᠡᠨ ︽ᠮᠠᠯᠮᠠᠢ ᠪᠠᠶᠠᠰᠬᠠᠵᠤ ᠰᠤᠨᠤᠷ ᠴᠢᠮᠡᠭᠦᠢ - ᠰᠤᠨᠢᠨ ᠮᠡᠳᠡᠭᠡᠯᠡᠯ ᠤᠨ ᠡᠮᠬᠢᠳᠭᠡᠯ︾ ᠨᠢ ᠢᠷᠡᠭᠡᠳᠤᠢ ᠳᠤ ᠰᠢᠯᠤᠭᠤᠨ ᠭᠦᠭᠡ ᠬᠤᠰᠢᠭᠤᠨ ᠤ ᠤᠯᠤᠰ ᠲᠦᠷᠤ᠂ ᠠᠵᠤ ᠠᠬᠤᠢ᠂ ᠰᠤᠶᠤᠯ ᠰᠤᠷᠭᠠᠨ ᠭᠦᠮᠤᠵᠢᠯ᠂ ᠰᠢᠨᠵᠢᠯᠡᠭᠦ ᠤᠬᠠᠭᠠᠨ᠂ ᠨᠡᠶᠢᠭᠡᠮ ᠤᠨ ᠭᠦᠭᠵᠢᠯᠳᠡ᠂ ᠠᠷᠠᠤᠨ ᠤᠨ ᠠᠮᠢᠳᠤᠷᠠᠯ ᠤᠨ ᠲᠡᠭᠡᠭᠰᠢᠯᠡᠯᠳᠡ ᠶᠢᠨ ᠲᠡᠤᠭᠡ ᠶᠢ ᠰᠤᠳᠤᠯᠵᠤ ᠤᠢᠢᠯᠠᠯᠭ᠎ᠠ ᠨᠠᠶᠢᠷᠠᠭᠤᠯᠬᠤ ᠳᠤ ᠬᠠᠮᠤᠭ ᠤᠨ ᠦᠨᠡᠨ ᠪᠤᠳᠠᠳᠠᠢ᠂ ᠬᠠᠮᠤᠭ ᠤᠨ ᠨᠠᠶᠢᠳᠠᠪᠤᠷᠢᠳᠠᠢ ᠲᠡᠤᠭᠡᠨ ᠮᠠᠲ᠋ᠧᠷᠢᠶᠠᠯ ᠪᠤᠯᠤᠭᠰᠠᠨ ᠶᠤᠮ᠃      ᠯᠢ ᠨᠢᠮᠢᠤᠨ ᠵᠢᠷᠢᠮ ᠠᠶᠢᠮᠠᠭ ︵ᠤᠳᠤ ᠶᠢᠨ ᠲᠦᠡᠭᠯᠢᠶᠤᠤ ᠬᠤᠳᠠ︶ ᠤᠨ ᠬᠤᠷᠴᠢᠨ ᠵᠡᠭᠦᠨ ᠭᠠᠷᠤᠨ ᠬᠤᠶᠢᠳᠤ ᠬᠤᠰᠢᠭᠤᠨ ᠤ ᠭᠦᠮᠤᠨ᠃ 1972 ᠤᠨ ᠳᠤ ᠠᠵᠢᠯ ᠳᠤ ᠭᠠᠷᠴᠤ᠂ ᠤᠷᠢᠤᠨ ᠬᠤᠵᠢᠤᠨ ᠰᠢᠯᠤᠭᠤᠨ ᠭᠦᠭᠡ ᠬᠤᠰᠢᠭᠤᠨ ᠤ ᠡᠳ᠋ ᠤᠨ ᠵᠠᠰᠠᠭ ᠭᠠᠶᠢᠯᠢ ᠶᠢᠨ ᠶᠠᠪᠤᠳᠠᠯ ᠤᠨ ᠲᠤᠪᠴᠢᠶ᠎ᠡ᠂ ᠵᠤᠬᠢᠶᠠᠨ ᠪᠠᠶᠢᠭᠤᠯᠬᠤ ᠭᠡᠯᠳᠡᠰ᠂ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠡ᠂ ᠤᠯᠤᠰ ᠤᠨ ᠭᠠᠶᠢᠯᠢ ᠶᠢᠨ ᠲᠤᠪᠴᠢᠶᠠᠨ ᠳᠤ ᠠᠵᠢᠯᠯᠠᠵᠤ ᠪᠠᠶᠢᠭᠰᠠᠨ ᠢᠶᠠᠨ 2000 ᠤᠨ ᠳᠤ ᠳᠡᠳᠬᠦᠪᠦᠷᠢ ᠳᠤ ᠭᠠᠷᠴᠠᠢ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤᠨ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号