ᠮᠤᠩᠭᠤᠯ ᠰᠤᠶᠤᠯ ᠤᠨ ᠮᠥᠩᠬᠡ ᠪᠠᠳᠠᠷᠠᠬᠤ ᠳᠣᠯᠭ᠎ᠠ
ᠨᠡᠶᠢᠲᠡᠯᠡᠭᠰᠡᠨ ᠴᠠᠭ᠄
2018-03-26
      — — ᠬᠤᠶᠠᠳᠡᠬᠢ ᠣᠳᠠᠭᠠᠨ ᠤ ᠳᠠᠰᠢᠳᠣᠷᠵᠢ ᠶᠢᠨ ᠨᠠᠴᠣᠭᠳᠣᠷᠵᠢ ᠨᠡᠷᠡᠮᠵᠢᠲᠣ ︽ᠬᠦᠷᠡᠯ ᠲᠤᠯᠭ᠎ᠠ︾ ᠬᠡᠣᠬᠡᠳ ᠤᠨ ᠢᠷᠠᠭᠤ ᠨᠠᠶᠢᠷᠠᠭ ᠤᠨ ᠨᠠᠭᠠᠳᠣᠮ ᠤᠨ ᠳᠠᠲᠠᠯᠠᠯ      ᠭᠤᠷᠪᠠᠳᠣᠭᠠᠷ ᠰᠠᠷ᠎ᠠ ᠶᠢᠨ 23 ᠤ ᠡᠳᠣᠷ ᠤᠨ ᠥᠳᠡ ᠶᠢᠨ ᠡᠮᠥᠨ᠎ᠡ ᠶᠢᠨ 8᠄ 30 ᠲᠤ ᠰᠦᠨᠢᠳ ᠪᠠᠷᠠᠭᠤᠨ ᠬᠤᠰᠢᠭᠤᠨ ᠤ ᠺᠢᠨᠤ᠋ ᠣᠷᠳᠣᠨ ᠳᠤ ᠬᠤᠶᠠᠳᠠᠬᠢ ᠣᠳᠠᠭᠠᠨ ᠤ ᠳᠠᠰᠢᠳᠣᠷᠵᠢ ᠶᠢᠨ ᠨᠠᠴᠣᠭᠳᠣᠷᠵᠢ ᠨᠡᠷᠡᠮᠵᠢᠲᠣ ︽ᠬᠦᠷᠡᠯ ᠲᠤᠯᠭ᠎ᠠ︾ ᠬᠡᠣᠬᠡᠳ ᠤᠨ ᠢᠷᠠᠭᠤ ᠨᠠᠶᠢᠷᠠᠭ ᠤᠨ ᠨᠠᠭᠠᠳᠣᠮ ᠪᠤᠯᠬᠤ ᠭᠡᠵᠣ ᠪᠠᠶᠢᠬᠤ ᠰᠣᠷᠠᠭ ᠢᠶᠠᠷ ᠬᠥᠷᠴᠥ ᠤᠴᠢᠪᠠᠯ 700 ᠭᠠᠷᠣᠢ ᠰᠠᠭᠤᠳᠠᠯ ᠲᠠᠢ ᠡᠨᠡᠬᠦ ᠣᠷᠳᠣᠨ ᠮᠠᠨᠢ ᠫᠠᠳ ᠳᠦᠭᠦᠷᠴᠣ ︽ᠮᠡᠨᠳᠣ ᠶᠢᠨ ᠴᠡᠩᠬᠡᠷ ᠬᠠᠳᠠᠭ︾ ᠬᠡᠭᠦ ᠳᠠᠭᠤᠣ ᠬᠦᠭᠵᠢᠮ ᠤᠨ ᠨᠠᠶᠢᠷᠠᠯ ᠢᠶᠠᠷ ᠬᠦᠰᠢᠭᠡ ᠪᠠᠨ ᠢᠷᠠᠵᠣ ᠪᠠᠶᠢᠯ᠎ᠠ᠃      ᠰᠦᠨᠢᠳ ᠪᠠᠷᠠᠭᠤᠨ ᠬᠤᠰᠢᠭᠤᠨ ᠤ ᠣᠳᠬ᠎ᠠ ᠣᠷᠠᠯᠢᠭ ᠤᠨ ᠬᠢᠨ ᠤ ᠬᠤᠯᠪᠣᠭ᠎ᠠ ᠪᠠ ᠬᠤᠰᠢᠭᠤ ᠰᠣᠷᠭᠠᠨ ᠬᠥᠮᠥᠵᠢᠯ ᠰᠢᠨᠵᠢᠯᠡᠬᠦ ᠣᠭᠠᠬᠠᠨ ᠲᠧᠭᠨᠢᠭ ᠮᠡᠷᠭᠡᠵᠢᠯ ᠤᠨ ᠳᠣᠪᠴᠢᠶ᠎ᠠ ᠠᠴᠠ ᠭᠤᠣᠯᠴᠢᠯᠠᠨ ᠡᠷᠬᠢᠯᠡᠵᠣ᠂ ᠬᠤᠰᠢᠭᠤᠨ ᠤ ᠮᠤᠩᠭᠤᠯ ᠳᠣᠮᠳᠠᠳᠣ ᠰᠣᠷᠭᠠᠭᠤᠯᠢ ᠠᠴᠠ ᠳᠠᠭᠠᠭᠠᠴᠢᠯᠠᠨ ᠡᠷᠬᠢᠯᠡᠭᠰᠡᠨ ᠲᠣᠰ ᠨᠠᠭᠠᠳᠣᠮ ᠨᠢ 2016 ᠤᠨ ᠤ 3 ᠳ᠋ᠣᠭᠠᠷ ᠰᠠᠷ᠎ᠠ ᠶᠢᠨ 23 ᠤ ᠡᠳᠣᠷ ᠠᠩᠬᠠᠳᠠᠭᠢ ᠣᠳᠠᠭ᠎ᠠ ᠪᠠᠨ ᠡᠷᠬᠢᠯᠡᠭᠰᠡᠨ ᠪᠤᠯ ᠬᠤᠶᠠᠳᠣᠭᠠᠷ ᠵᠢᠯ ᠳᠡᠭᠡᠨ ᠬᠤᠶᠠᠳᠠᠬᠢ ᠣᠳᠠᠭ᠎ᠠ ᠪᠠᠨ ᠡᠷᠬᠢᠯᠡᠵᠣ ᠪᠠᠶᠢᠭ᠎ᠠ ᠨᠢ ᠡᠨᠡ ᠪᠢᠯᠡ᠃      ᠦᠨᠦ ᠵᠢᠯ ᠤᠨ ᠨᠠᠭᠠᠳᠣᠮ ᠤᠨ ᠰᠢᠭᠦᠭᠴᠢ ᠶᠢᠨ ᠬᠤᠪᠢ ᠳᠤ᠂ ᠮᠤᠩᠭᠤᠯ ᠣᠯᠣᠰ ᠤᠨ ᠣᠳᠬ᠎ᠠ ᠵᠤᠬᠢᠶᠠᠯ ᠨᠡᠶᠢᠭᠡᠮ ᠤᠨ ᠠᠵᠢᠯᠴᠢᠨ ᠤ ᠳᠡᠭᠡᠳᠣ ᠰᠣᠷᠭᠠᠭᠤᠯᠢ ᠶᠢᠨ ᠵᠠᠬᠢᠷᠣᠯ ᠨᠠᠴᠣᠭᠳᠣᠯᠮ᠎ᠠ᠂ ᠣᠳᠬ᠎ᠠ ᠵᠤᠬᠢᠶᠠᠯ ᠤᠨ ᠪᠠᠭᠰᠢ ᠲᠡᠮᠦᠷᠴᠢᠳᠣᠷ᠂ ᠢᠷᠠᠭᠤ ᠨᠠᠶᠢᠷᠠᠭᠴᠢ ᠪᠠᠲᠣᠲ᠋ᠥ᠋ᠷᠥ᠂ ᠣᠳᠬᠠᠴᠠᠭᠠᠨ ᠵᠡᠷᠭᠡ ᠬᠦᠨᠳᠥᠳᠥ ᠵᠤᠴᠢᠳ ᠠᠴᠠ ᠭᠠᠳᠠᠨ᠎ᠠ ᠦᠪᠥᠷ ᠮᠤᠩᠭᠤᠯ ᠤᠷᠣᠨ ᠤ ︽ᠰᠣᠯᠣᠩᠭ᠎ᠠ︾ ᠱᠠᠩᠨᠠᠯᠲᠣ ᠢᠷᠠᠭᠤ ᠨᠠᠶᠢᠷᠠᠭᠴᠢ ᠳ᠋᠊᠂ ᠰᠡᠷᠡᠩᠸᠠᠩᠵᠢᠯ᠂ ᠶᠤ᠂ ᠡᠷᠳᠡᠨᠢᠲᠤᠭᠲᠠᠬᠤ ᠴᠤ᠋᠂ ᠭᠡᠷᠡᠯᠪᠠᠭᠠᠲᠣᠷ ᠪᠠ ᠪ᠊᠂ ᠲᠤᠭᠲᠠᠮᠵᠢ ᠵᠡᠷᠭᠡ ᠣᠯᠠᠨ᠎ᠠ ᠲᠠᠨᠢᠭᠳᠠᠭᠰᠠᠨ ᠢᠷᠠᠭᠤ ᠨᠠᠶᠢᠷᠠᠭᠴᠢ ᠣᠷᠣᠯᠴᠠᠭᠰᠠᠨ ᠪᠠᠶᠢᠨ᠎ᠠ᠃      ᠣᠷᠣᠯᠳᠣᠭᠠᠨ ᠳᠤ ᠣᠷᠣᠯᠴᠠᠭᠰᠠᠳ ᠤᠨ ᠬᠤᠪᠢ ᠳᠤ᠂ ᠰᠢᠯᠢ ᠶᠢᠨ ᠬᠤᠳᠠ᠂ ᠪᠠᠷᠠᠭᠤᠨ ᠦᠵᠥᠮᠥᠴᠢᠨ᠂ ᠠᠪᠠᠭ᠎ᠠ᠂ ᠰᠢᠯᠣᠭᠤᠨ ᠬᠦᠬᠡ᠂ ᠡᠷᠢᠶᠡᠨ ᠬᠤᠲᠠ ᠪᠠ ᠬᠤᠶᠠᠷ ᠰᠦᠨᠢᠳ ᠬᠤᠰᠢᠭᠤ ᠵᠡᠷᠭᠡ ᠬᠤᠰᠢᠭᠤ ᠬᠤᠲᠠ ᠠᠴᠠ ᠰᠣᠷᠣᠭᠴᠢᠳ ᠬᠥᠷᠥᠯᠴᠡᠨ ᠢᠷᠡᠵᠣ ᠠᠪᠢᠶᠠᠰ ᠪᠢᠯᠢᠭ ᠢᠶᠠᠨ ᠰᠢᠯᠭᠠᠭᠰᠠᠨ ᠪᠠᠶᠢᠨ᠎ᠠ᠃ᠲᠣᠰ ᠣᠳᠠᠭᠠᠨ ᠤ ᠲᠠᠰᠢᠳᠣᠷᠵᠢ ᠶᠢᠨ ᠨᠠᠴᠣᠭᠳᠣᠷᠵᠢ ᠨᠡᠷᠡᠮᠵᠢᠲᠣ ︽ᠬᠥᠷᠡᠯ ᠲᠣᠯᠭ᠎ᠠ︾ ᠬᠡᠣᠬᠡᠳ ᠤᠨ ᠢᠷᠠᠭᠤ ᠨᠠᠶᠢᠷᠠᠭ ᠤᠨ ᠨᠠᠭᠠᠳᠣᠮ ᠨᠢ ᠠᠩᠬ᠎ᠠ ᠳᠣᠮᠳᠠᠳᠣ ᠶᠢᠨ ᠳᠣᠭᠤᠶᠢᠯᠠᠩ ᠪᠠ ᠦᠨᠳᠥᠷ ᠳᠣᠮᠳᠠᠳᠣ ᠶᠢᠨ ᠳᠣᠭᠤᠶᠢᠯᠠᠩ ᠭᠡᠵᠣ ᠬᠤᠶᠠᠷ ᠳᠣᠭᠤᠶᠢᠯᠠᠩ ᠬᠤᠪᠢᠶᠠᠨ ᠶᠠᠪᠣᠭᠳᠠᠵᠣ᠂ ᠠᠩᠬ᠎ᠠ ᠳᠣᠮᠳᠠᠳᠣ ᠶᠢᠨ ᠳᠣᠭᠤᠶᠢᠯᠠᠩ ᠳᠤ 12 ᠰᠣᠷᠣᠭᠴᠢ ᠣᠷᠣᠯᠴᠠᠨ᠂ ᠰᠦᠨᠢᠳ ᠪᠠᠷᠠᠭᠤᠨ ᠬᠤᠰᠢᠭᠤᠨ ᠤ ᠮᠤᠩᠭᠤᠯ ᠳᠣᠮᠳᠠᠳᠣ ᠰᠣᠷᠭᠠᠭᠤᠯᠢ ᠶᠢᠨ ᠰᠣᠳᠣᠷ ᠲᠡᠷᠢᠭᠦᠯᠡᠵᠦ᠂ ᠪᠠᠷᠠᠭᠤᠨ ᠦᠵᠥᠮᠥᠴᠢᠨ ᠬᠤᠰᠢᠭᠤᠨ ᠤ ᠮᠤᠩᠭᠤᠯ ᠳᠣᠮᠳᠠᠳᠣ ᠰᠣᠷᠭᠠᠭᠤᠯᠢ ᠶᠢᠨ ᠰᠠᠴᠣᠷᠠ ᠳᠡᠳ᠋ᠯᠡᠵᠦ᠂ ᠰᠦᠨᠢᠳ ᠪᠠᠷᠠᠭᠤᠨ ᠬᠤᠰᠢᠭᠤᠨ ᠤ ᠮᠤᠩᠭᠤᠯ ᠳᠣᠮᠳᠠᠳᠣ ᠰᠣᠷᠭᠠᠭᠤᠯᠢ ᠶᠢᠨ ᠲᠠᠮᠢᠷ ᠭᠤᠳᠠᠭᠠᠷ ᠲᠤ ᠣᠷᠣᠵᠠᠢ︔ ᠥᠨᠳᠥᠷ ᠳᠣᠮᠳᠠᠳᠣ ᠶᠢᠨ ᠳᠣᠭᠤᠶᠢᠯᠠᠩ ᠳᠤ 18 ᠰᠣᠷᠣᠭᠴᠢ ᠣᠷᠣᠯᠴᠠᠵᠣ᠂ ᠰᠦᠨᠢᠳ ᠪᠠᠷᠠᠭᠤᠨ ᠬᠤᠰᠢᠭᠤᠨ ᠤ ᠮᠤᠩᠭᠤᠯ ᠳᠣᠮᠳᠠᠳᠣ ᠰᠣᠷᠭᠠᠭᠤᠯᠢ ᠶᠢᠨ ᠠᠶᠠᠯᠭᠤ ︽ᠢᠷᠠᠭᠤ ᠨᠠᠶᠢᠷᠠᠭ︾ ᠭᠡᠬᠦ ᠰᠢᠯᠥᠭ ᠢᠶᠠᠷ ᠲᠡᠷᠢᠭᠦᠯᠡᠵᠥ᠂ ᠵᠡᠭᠦᠨ ᠰᠦᠨᠢᠳ ᠬᠤᠰᠢᠭᠤᠨ ᠤ ᠶᠡᠷᠥᠩᠬᠡᠶᠢᠯᠡᠭᠰᠡᠨ ᠥᠨᠳᠥᠷ ᠳᠣᠮᠳᠠᠳᠣ ᠰᠣᠷᠭᠠᠭᠤᠯᠢ ᠶᠢᠨ ᠬᠤᠩᠭᠤᠷᠵᠣᠯᠠ ᠪᠠ ᠰᠦᠨᠢᠳ ᠪᠠᠷᠠᠭᠤᠨ ᠬᠤᠰᠢᠭᠤᠨ ᠤ ᠮᠤᠩᠭᠤᠯ ᠳᠣᠮᠳᠠᠳᠣ ᠰᠣᠷᠭᠠᠭᠤᠯᠢ ᠶᠢᠨ ᠮᠥᠩᠭᠡᠳᠣᠯᠭ᠎ᠠ ᠬᠤᠶᠠᠷ ᠲᠣᠰ ᠲᠣᠰ ᠬᠤᠶᠠᠷ ᠭᠤᠷᠪᠠᠳᠣᠭᠠᠷ ᠲᠤ ᠤᠷᠣᠭᠰᠠᠨ ᠪᠠᠶᠢᠨ᠎ᠠ᠃      ᠬᠤᠶᠠᠷ ᠳᠣᠭᠤᠶᠢᠯᠠᠩ ᠤᠨ ᠡᠮᠥᠨ᠎ᠡ ᠭᠤᠷᠪᠠ ᠳᠤ ᠣᠷᠣᠭᠰᠠᠨ 6 ᠰᠤᠷᠤᠭᠴᠢ ᠪᠠᠰᠠ 4 ᠰᠠᠷ᠎ᠠ ᠶᠢᠨ 13 ᠤ ᠡᠳᠦᠷ ᠮᠤᠩᠭᠤᠯ ᠤᠯᠣᠰ ᠤᠨ ᠣᠳᠬ᠎ᠠ ᠵᠤᠬᠢᠶᠠᠯ ᠨᠡᠶᠢᠭᠡᠮ ᠤᠨ ᠠᠵᠢᠯᠴᠢᠨ ᠤ ᠳᠡᠭᠡᠳᠣ ᠰᠣᠷᠭᠠᠭᠤᠯᠢ ᠳᠤ ᠪᠤᠯᠬᠤ ᠲᠣᠰ ᠨᠡᠷᠡᠮᠵᠢᠲᠣ ᠢᠷᠠᠭᠤ ᠨᠠᠶᠢᠷᠠᠭ ᠤᠨ ᠨᠠᠭᠠᠳᠣᠮ ᠤᠨ ᠣᠷᠢᠯᠭ᠎ᠠ ᠶᠢ ᠲᠣᠰ ᠰᠣᠷᠭᠠᠭᠤᠯᠢ ᠶᠢᠨ ᠣᠳᠬ᠎ᠠ ᠵᠤᠬᠢᠶᠠᠯ ᠤᠨ ᠪᠠᠭᠰᠢ ᠲᠡᠮᠥᠷᠴᠢᠳᠥᠷ ᠪᠠᠭᠰᠢ ᠶᠢᠨ ᠭᠠᠷ ᠠᠴᠠ ᠲᠣᠰᠣᠭᠰᠠᠨ ᠪᠠᠶᠢᠨ᠎ᠠ᠃
 
ᠢᠷᠡᠯᠲᠡ᠄ ᠮᠣᠩᠭᠤᠯ ᠷᠠᠳᠢᠣ᠋ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号