ᠰᠢᠨᠬᠤᠸᠠ ᠮᠣᠩᠭᠤᠯ ᠨᠧᠲ ᠬᠦᠬᠡᠬᠤᠳᠠ ᠶᠢᠨ 11 ᠰᠠᠷ᠎ᠠ ᠶᠢᠨ 22 ᠤᠨ ᠡᠳᠤᠷ ᠤᠨ ᠴᠠᠬᠢᠯᠭᠠᠨ ᠮᠡᠳᠡᠭᠡ ︵ | ᠪᠠᠢ ᠯᠢᠩ ᠳ᠋ᠢ︶ 22 ᠤᠨ ᠡᠳᠦᠷ᠂ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠠᠴᠠ | ᠬᠡᠪᠯᠡᠬᠦᠯᠦᠭᠰᠡᠨ ︽ᠮᠣᠩᠭᠤᠯ ᠲᠤᠯᠭᠤᠷ ᠪᠢᠴᠢᠭ ᠤᠨ ᠤᠳᠤ ᠦᠶ᠎ᠡ ᠶᠢᠨ ᠰᠣᠩᠭᠤᠳᠠᠭ ᠭᠠᠷ ᠪᠢᠴᠢᠮᠡᠯ︾ ᠤᠨ | ᠴᠤᠪᠤᠷᠠᠯ ᠨᠤᠮ ᠢ ᠲᠠᠷᠬᠠᠭᠠᠬᠤ ᠠᠵᠢᠯᠯᠠᠭ᠎ᠠ ᠬᠦᠬᠡᠬᠤᠳᠠ ᠳᠤ ᠵᠤᠬᠢᠶᠠᠨ ᠪᠠᠶᠢᠭᠤᠯᠤᠭᠳᠠᠪᠠ᠃ | ᠲᠤᠰ ᠴᠤᠪᠤᠷᠠᠯ ᠨᠤᠮ ᠨᠢ ᠨᠡᠶᠢᠳᠡ 110 ᠪᠤᠳᠢ ᠪᠤᠢ᠂ ᠦᠪᠦᠷ ᠮᠣᠩᠭᠤᠯ᠂ ᠯᠢᠶᠤᠤᠨᠢᠩ᠂ ᠬᠢᠷᠢᠨ ᠵᠡᠷᠬᠡ | ᠨᠠᠶ᠋ᠮᠠᠨ ᠮᠤᠵᠢ ᠤᠷᠤᠨ ᠤ 114 ᠤᠳᠤ ᠦᠶ᠎ᠡ ᠶᠢᠨ ᠮᠣᠩᠭᠤᠯ ᠤᠷᠠᠨ ᠪᠢᠴᠢᠯᠭᠡᠳᠡᠨ ᠤᠷᠤᠯᠴᠠᠵᠤ᠂ ᠬᠢᠴᠢᠶᠡᠩᠬᠦᠢ | ᠲᠢᠭ ᠢᠶᠠᠷ ᠪᠢᠴᠢᠵᠤ᠂ 4 ᠵᠢᠯ ᠤᠨ ᠬᠤᠭᠤᠴᠠᠭ᠎ᠠ ᠵᠠᠷᠤᠴᠠᠭᠤᠯᠤᠨ ᠲᠠᠭᠤᠰᠭᠠᠭᠰᠠᠨ ᠪᠠᠶᠢᠨ᠎ᠠ᠃ | ᠤᠶᠢᠯᠠᠭᠠᠭᠰᠠᠨ ᠢᠶᠠᠷ᠂ ᠲᠤᠰ ᠭᠠᠷ ᠪᠢᠴᠢᠮᠡᠯ ᠤᠨ ᠴᠤᠪᠤᠷᠠᠯ ᠨᠤᠮ ᠨᠢ ᠮᠣᠩᠭᠤᠯ ᠦᠨᠳᠤᠰᠦᠳᠡᠨ ᠤ ︽ | ᠮᠣᠩᠭᠤᠯ ᠤᠨ ᠨᠢᠭᠤᠴᠠ ᠲᠤᠪᠴᠢᠶᠠᠨ︾᠂ ︽ᠠᠯᠲᠠᠨ ᠲᠤᠪᠴᠢ︾ ᠵᠡᠷᠬᠡ ᠰᠣᠩᠭᠤᠳᠠᠭ ᠲᠤᠯᠭᠤᠷ ᠪᠢᠴᠢᠭ ᠤᠳ ᠢ | ᠰᠢᠯᠢᠵᠤ᠂ ᠠᠭᠤᠯᠭ᠎ᠠ ᠶᠢᠨ ᠲᠠᠯ᠎ᠠ ᠪᠠᠷ ᠮᠣᠩᠭᠤᠯ ᠤᠨ ᠲᠡᠦᠬᠡ᠂ ᠬᠠᠤᠯᠢ ᠴᠠᠭᠠᠵᠠ᠂ ᠵᠠᠩ ᠵᠠᠩᠰᠢᠯ᠂ ᠬᠡᠯᠡᠨ ᠵᠦᠢ᠂ | ᠠᠨᠠᠭᠠᠬᠤ ᠤᠬᠠᠭᠠᠨ ᠵᠡᠷᠬᠡ ᠦᠷᠬᠡᠨ ᠬᠡᠪᠴᠢᠶᠡᠨ ᠳᠤ ᠬᠠᠮᠤᠷᠴᠤ᠂ ᠵᠤᠬᠢᠬᠤ ᠰᠤᠶᠤᠯ ᠤᠨ ᠦᠨ᠎ᠡ ᠴᠡᠨ᠎ᠡ ᠲᠠᠢ | ᠪᠦᠬᠡᠳ ᠨᠡᠶᠢᠬᠡᠮ ᠤᠨ ᠠᠴᠢ ᠬᠤᠯᠪᠤᠭᠳᠠᠯ ᠲᠠᠢ ᠪᠠᠶᠢᠳᠠᠭ᠃ | |