ᠤᠢᠢᠷ᠎ᠠ ᠶᠢᠨ ᠡᠳᠦᠷ᠂ ᠤᠷᠳᠤᠰ ᠲᠡᠦᠬᠡ ᠰᠤᠶᠤᠯ ᠤᠨ ᠲᠤᠰᠬᠠᠢ ᠮᠡᠷᠬᠡᠵᠢᠯᠳᠡᠨ ᠸᠠᠩᠴᠤᠭ ᠤᠨ ᠨᠠᠶᠢᠷᠠᠭᠤᠯᠤᠨ | ᠪᠢᠴᠢᠵᠦ᠂ ᠴᠢᠩᠬᠢᠰ ᠬᠠᠭᠠᠨ ᠤ ᠰᠤᠳᠤᠯᠭᠠᠨ ᠤ ᠬᠦᠷᠢᠶᠡᠯᠡᠩ ᠠᠴᠠ ᠤᠷᠴᠢᠭᠤᠯᠤᠭᠰᠠᠨ ︽ᠴᠢᠩᠬᠢᠰ ᠬᠠᠭᠠᠨ | ᠰᠢᠳᠦᠬᠡᠨ ᠤ ᠬᠡᠬᠡᠨ ᠲᠤᠯᠢ︾ ᠯᠢᠶᠤᠤᠨᠢᠩ ᠤᠨ ᠦᠨᠳᠦᠰᠦᠳᠡᠨ ᠤ ᠬᠡᠪᠯᠡᠯ ᠤᠨ ᠬᠤᠷᠢᠶ᠎ᠠ ᠠᠴᠠ ᠬᠡᠪᠯᠡᠭᠳᠡᠨ | ᠲᠠᠷᠬᠠᠭᠠᠭᠳᠠᠪᠠ᠃ | ︽ᠴᠢᠩᠬᠢᠰ ᠬᠠᠭᠠᠨ ᠰᠢᠳᠦᠬᠡᠨ ᠤ ᠬᠡᠬᠡᠨ ᠲᠤᠯᠢ︾ ᠪᠤᠯ ᠴᠢᠩᠬᠢᠰ ᠤᠨ ᠤᠩᠭᠤᠨ ᠢ ᠰᠠᠬᠢᠨ ᠬᠠᠮᠠᠭᠠᠯᠠᠵᠦ | ᠲᠠᠶᠢᠯᠬ᠋ᠠ ᠲᠠᠬᠢᠯᠭ᠎ᠠ ᠬᠦᠢᠴᠡᠳᠭᠡᠳᠡᠭ ᠲᠠᠷᠬᠠᠳᠴᠤᠳ ᠤᠨ ᠤᠯᠠᠮᠵᠢᠯᠠᠵᠦ ᠪᠠᠶᠢᠬ᠋᠎ᠠ ᠰᠤᠶᠤᠯ ᠤᠨ ᠦᠪ ᠵᠢᠴᠢ | ᠤᠢᠢᠷ᠎ᠠ ᠶᠢᠨ ᠵᠢᠯ ᠤᠨ ᠴᠢᠩᠬᠢᠰ ᠬᠠᠭᠠᠨ ᠤ ᠰᠤᠳᠤᠯᠭᠠᠨ ᠤ ᠬᠦᠷᠢᠶᠡᠯᠡᠩ ᠤᠨ ᠴᠢᠩᠬᠢᠰ ᠬᠠᠭᠠᠨ ᠰᠢᠳᠦᠬᠡᠨ ᠤ | ᠰᠤᠶᠤᠯ ᠰᠤᠳᠤᠯᠭᠠᠨ ᠤ ᠦᠷ᠎ᠠ ᠪᠦᠳᠦᠬᠡᠯ ᠢ ᠬᠦᠢᠴᠡᠳ ᠠᠰᠢᠬᠯᠠᠵᠦ᠂ 1530 ᠭᠠᠷᠤᠢ ᠵᠦᠢᠯ ᠤᠨ ᠲᠠᠶᠢᠯᠪᠤᠷᠢᠯᠠᠯ | ᠪᠠ 1500 ᠭᠠᠷᠤᠢ ᠬᠠᠮᠢᠶ᠎ᠠ ᠪᠦᠬᠦᠢ ᠵᠢᠷᠤᠭ ᠢ ᠰᠤᠩᠭᠤᠨ ᠤᠷᠤᠭᠤᠯᠬᠤ ᠶᠢᠨ ᠬᠠᠮᠳᠤ ᠴᠢᠩᠬᠢᠰ ᠬᠠᠭᠠᠨ | ᠰᠢᠳᠦᠬᠡᠨ ᠤ ᠲᠤᠮᠤ ᠬᠡᠷᠡᠭ ᠶᠡᠪᠤᠳᠠᠯ ᠤᠨ ᠲᠡᠮᠳᠡᠭᠯᠡᠯ ᠵᠡᠷᠬᠡ ᠠᠭᠤᠯᠬ᠋᠎ᠠ ᠶᠢ ᠲᠠᠭᠠᠯᠳᠤᠭᠤᠯᠤᠭᠰᠠᠨ ᠵᠠᠭᠤᠨ ᠲᠦᠮᠡ | ᠰᠢᠬᠠᠮ ᠦᠰᠦᠭ ᠤᠨ ᠪᠦᠳᠦᠬᠡᠯ ᠪᠤᠯᠤᠨ᠎ᠠ᠃ ᠲᠡᠭᠡᠳᠦ ᠲᠤᠤᠷᠠᠳᠤ ᠬᠤᠶᠠᠷ ᠪᠦᠯᠦᠭ᠂ ᠠᠷᠪᠠᠨ ᠲᠦᠷᠪᠡᠨ ᠬᠡᠰᠡᠭ ᠲᠠᠢ | ᠂ ᠡᠬᠦᠨ ᠳᠤ ᠴᠢᠩᠬᠢᠰ ᠬᠠᠭᠠᠨ ᠪᠤᠯᠤᠨ ᠲᠡᠦᠬᠡᠳᠤ ᠬᠦᠮᠦᠰ᠂ ᠴᠢᠩᠬᠢᠰ ᠬᠠᠭᠠᠨ ᠰᠢᠳᠦᠬᠡᠨ᠂ ᠴᠢᠩᠬᠢᠰ ᠬᠠᠭᠠᠨ | ᠰᠢᠳᠦᠬᠡᠨ ᠤ ᠬᠠᠨ᠎ᠠ ᠶᠢᠨ ᠵᠢᠷᠤᠭ᠂ ᠴᠢᠩᠬᠢᠰ ᠬᠠᠭᠠᠨ ᠤ ᠨᠠᠶ᠋ᠮᠠᠨ ᠴᠠᠭᠠᠨ ᠤᠷᠳᠤ᠂ ᠴᠢᠩᠬᠢᠰ ᠬᠠᠭᠠᠨ ᠤ ᠰᠦᠯᠳᠡ᠂ | ᠴᠢᠩᠬᠢᠰ ᠬᠠᠭᠠᠨ ᠤ ᠲᠠᠶᠢᠯᠬ᠋ᠠ ᠲᠠᠬᠢᠯᠭ᠎ᠠ᠂ ᠴᠢᠩᠬᠢᠰ ᠬᠠᠭᠠᠨ ᠤ ᠲᠠᠶᠢᠯᠭ᠎ᠠ ᠲᠠᠬᠢᠯᠭ᠎ᠠ ᠶᠢᠨ ᠦᠴᠢᠭ ᠢᠷᠤᠬᠡᠯ᠂ | ᠴᠢᠩᠬᠢᠰ ᠬᠠᠭᠠᠨ ᠤ ᠲᠠᠶᠢᠯᠭ᠎ᠠ ᠲᠠᠬᠢᠯᠭ᠎ᠠ ᠶᠢᠨ ᠵᠠᠩ ᠦᠢᠯᠡ᠂ ᠴᠢᠩᠬᠢᠰ ᠬᠠᠭᠠᠨ ᠤ ᠤᠩᠭᠤᠨ ᠢ ᠪᠠᠷᠠᠭᠤᠨᠰᠢ | ᠨᠡᠬᠦᠯᠬᠡᠭᠰᠡᠨ ᠵᠢᠴᠢ ᠡᠬᠡᠬᠦᠯᠦᠨ ᠠᠪᠴᠢᠷᠠᠭᠰᠠᠨ᠂ ᠴᠢᠩᠬᠢᠰ ᠬᠠᠭᠠᠨ ᠢ ᠲᠤᠷᠠᠰᠬᠠᠬᠤ ᠠᠵᠢᠯᠯᠠᠬ᠋᠎ᠠ ᠵᠢᠴᠢ ᠰᠤᠷᠪᠤᠯᠵᠢ | ᠪᠢᠴᠢᠭ᠂ ᠴᠢᠩᠬᠢᠰ ᠬᠠᠭᠠᠨ ᠤ ᠤᠩᠭᠤᠨ ᠤ ᠵᠢᠭᠤᠯᠴᠢᠯᠠᠯ ᠤᠨ ᠪᠦᠰᠡ᠂ ᠲᠠᠷᠬᠠᠳᠴᠤᠳ᠂ ᠲᠠᠷᠬᠠᠳᠴᠤᠳ ᠤᠨ ᠵᠠᠩ | ᠦᠢᠯᠡ᠂ ᠲᠠᠷᠬᠠᠳ ᠤᠨ ᠢᠷᠬᠡᠳ ᠤᠨ ᠰᠤᠶᠤᠯ ᠵᠢᠴᠢ ᠤᠷᠤᠰᠢᠯ᠂ ᠲᠠᠭᠠᠯᠳᠤᠭᠤᠯᠤᠯ ︵ᠴᠢᠩᠬᠢᠰ ᠬᠠᠭᠠᠨ ᠤ | ᠤᠩᠭᠤᠨ ᠤ ᠲᠤᠬᠠᠢ ᠲᠤᠮᠤ ᠬᠡᠷᠡᠭ ᠶᠠᠪᠤᠳᠠᠯ︶᠂ ᠬᠤᠶᠢᠨᠠᠬᠢ ᠦᠬᠡ ᠵᠡᠷᠬᠡ ᠠᠭᠤᠯᠬ᠋᠎ᠠ ᠶᠢ ᠪᠠᠭᠳᠠᠭᠠᠵᠦ ᠪᠤᠢ᠃ | ᠲᠤᠰ ᠲᠤᠯᠢ ᠪᠢᠴᠢᠭ ᠪᠤᠯ ᠵᠢᠷᠤᠭ ᠰᠡᠬᠦᠳᠡᠷ ᠪᠠ ᠦᠰᠦᠭ ᠪᠢᠴᠢᠭ ᠢ ᠬᠠᠪᠰᠤᠷᠭᠠᠭᠰᠠᠨ ᠬᠡᠯᠪᠡᠷᠢ ᠪᠠᠷ | ᠴᠢᠩᠬᠢᠰ ᠬᠠᠭᠠᠨ ᠰᠢᠳᠦᠬᠡᠨ ᠤ ᠨᠢᠭᠤᠴᠠᠭᠠᠢ ᠲᠡᠦᠬᠡ ᠰᠤᠶᠤᠯ ᠢ ᠢᠯᠡᠷᠡᠬᠦᠯᠦᠭᠰᠡᠨ ᠮᠡᠳᠡᠯᠬᠡᠳᠦ ᠴᠢᠨᠠᠷᠳᠡᠢ᠂ | ᠶᠡᠷᠤᠩᠬᠡᠶᠢᠯᠡᠭᠰᠡᠨ ᠴᠢᠨᠠᠷᠳᠡᠢ ᠲᠤᠮᠤ ᠬᠡᠯᠪᠡᠷᠢ ᠶᠢᠨ ᠨᠡᠪᠳᠡᠷᠬᠡᠢ ᠲᠤᠯᠢ ᠪᠤᠯᠬᠤ ᠶᠤᠮ᠃ ᠴᠢᠩᠬᠢᠰ ᠬᠠᠭᠠᠨ ᠰᠢᠳᠦᠬᠡᠨ ᠤ | ᠰᠤᠶᠤᠯ ᠢ ᠤᠢᠢᠯᠠᠭᠠᠬᠤ᠂ ᠬᠠᠮᠠᠭᠠᠯᠠᠬᠤ᠂ ᠰᠤᠳᠤᠯᠬᠤ᠂ ᠤᠯᠠᠮᠵᠢᠯᠠᠬᠤ ᠪᠠ ᠮᠤᠩᠭᠤᠯ ᠦᠨᠳᠦᠰᠦᠳᠡᠨ ᠤ | ᠤᠯᠠᠮᠵᠢᠯᠠᠯᠳᠤ ᠰᠤᠶᠤᠯ ᠢ ᠰᠤᠳᠤᠯᠬᠤ ᠶᠢ ᠠᠬᠢᠭᠤᠯᠵᠦ᠂ ᠦᠨᠳᠦᠰᠦᠳᠡᠨ ᠤ ᠰᠢᠯᠢᠳᠡᠭ ᠰᠤᠶᠤᠯ ᠢ ᠪᠠᠳᠠᠷᠠᠭᠤᠯᠬᠤ ᠳᠤ | ᠴᠢᠬᠤᠯᠠ ᠦᠢᠯᠡᠳᠤᠯ ᠦᠵᠡᠬᠦᠯᠬᠦ ᠪᠤᠯᠤᠨ᠋᠎ᠠ᠃ | ︽ᠴᠢᠩᠬᠢᠰ ᠬᠠᠭᠠᠨ ᠰᠢᠳᠦᠬᠡᠨ ᠤ ᠬᠡᠬᠡᠨ ᠲᠤᠯᠢ︾ ᠶᠢᠨ ᠬᠢᠳᠡᠳ ᠬᠡᠪᠯᠡᠯ ᠢ 2016 ᠤᠨ ᠳᠤ ᠦᠪᠤᠷ | ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠠᠴᠠ ᠬᠡᠪᠯᠡᠬᠦᠯᠦᠭᠰᠡᠨ ᠶᠤᠮ᠃ |